1


ᠬᠣᠶᠠᠳᠤᠭᠠᠷ ᠶᠣᠬᠠᠨ

1 ᠠᠬᠠᠯᠠᠭᠴᠢ ᠪᠢ ᠰᠣᠩ᠋ᠭᠣᠭᠳᠠᠭᠰᠠᠨ ᠬᠠᠲᠤᠭᠲᠠᠢ ᠪᠠ ᠲᠡᠭᠦᠨ ᠦ ᠬᠡᠦᠬᠡᠳ ᠤᠳ ᠲᠤ᠄ ᠪᠢ ᠲᠠ ᠨᠠᠷ ᠲᠤ ᠦᠨᠡᠨ ᠦ ᠳᠣᠲᠣᠷ᠎ᠠ ᠬᠠᠢᠷᠠᠲᠠᠢ᠂ ᠵᠥᠪᠬᠡᠨ ᠪᠢ ᠪᠢᠰᠢ᠂ ᠦᠨᠡᠨ ᠢ ᠮᠡᠳᠡᠭᠰᠡᠨ ᠬᠥᠮᠦᠨ ᠪᠣᠯᠭᠠᠨ ᠬᠠᠢᠷᠠᠲᠠᠢ᠂ 2 ᠪᠢᠳᠡᠨ ᠦ ᠳᠣᠲᠣᠷ᠎ᠠ ᠪᠠᠢᠭᠰᠠᠭᠠᠷ ᠪᠥᠭᠡᠳ ᠪᠢᠳᠡᠨ ᠲᠡᠢ ᠥᠨᠢ ᠡᠭᠦᠷᠢᠳᠡ ᠬᠠᠮᠲᠤ ᠪᠠᠢᠬᠤ ᠦᠨᠡᠨ ᠡᠴᠡ ᠪᠣᠯᠵᠤ ᠬᠠᠢᠷᠠᠲᠠᠢ᠃

3 ᠡᠴᠢᠭᠡ ᠪᠤᠷᠬᠠᠨ ᠪᠠ ᠡᠴᠢᠭᠡ ᠶᠢᠨ ᠬᠦᠦ ᠢᠰᠦ᠋ᠰ ᠾᠷᠢᠰᠲ᠋ᠣᠰ ᠤᠨ ᠢᠪᠡᠭᠡᠯ᠂ ᠡᠨᠡᠷᠢᠯ᠂ ᠠᠮᠤᠭᠤᠯᠠᠩ ᠨᠢ ᠦᠨᠡᠨ ᠪᠠ ᠬᠠᠢᠷ᠎ᠠ ᠳᠣᠲᠣᠷ᠎ᠠ ᠪᠢᠳᠡᠨ ᠳᠦ ᠪᠠᠢᠬᠤ ᠪᠣᠯᠣᠨ᠎ᠠ᠃
 ᠦᠨᠡᠨ ᠪᠠ ᠬᠠᠢᠷ᠎ᠠ ᠶᠢᠨ ᠳᠣᠲᠣᠷᠠᠬᠢ ᠠᠮᠢᠳᠤᠷᠠᠯ

4 ᠡᠴᠢᠭᠡ ᠶᠢᠨ ᠪᠢᠳᠡᠨ ᠳᠦ ᠵᠠᠬᠢᠭᠰᠠᠨ ᠶᠣᠰᠣᠭᠠᠷ ᠦᠨᠡᠨ ᠢ ᠳᠠᠭᠠᠵᠤ ᠶᠠᠪᠤᠭ᠎ᠠ ᠲᠠᠨ ᠤ ᠵᠠᠷᠢᠮ ᠬᠡᠦᠬᠡᠳ ᠤᠳ ᠲᠠᠢ ᠠᠭᠤᠯᠵᠠᠭᠠᠳ ᠪᠢ ᠮᠠᠰᠢᠳᠠ ᠪᠠᠶᠠᠷᠯᠠᠪᠠ᠃ 5 ᠬᠠᠲᠤᠨ ᠡ᠂ ᠪᠢᠳᠡ ᠨᠢᠭᠡ ᠨᠢᠭᠡ ᠪᠡᠨ ᠬᠠᠢᠷᠠᠯᠠᠶ᠎ᠠ ᠭᠡᠵᠦ ᠪᠢ ᠲᠠᠨ ᠳᠤ ᠵᠠᠬᠢᠵᠤ ᠪᠠᠢᠨ᠎ᠠ᠃ ᠰᠢᠨ᠎ᠡ ᠵᠠᠷᠯᠢᠭ ᠪᠢᠰᠢ᠂ ᠬᠠᠷᠢᠨ ᠪᠢᠳᠡᠨ ᠳᠦ ᠠᠩ᠋ᠬᠠᠨ ᠠᠴᠠ ᠪᠠᠨ ᠪᠠᠢᠭᠰᠠᠨ ᠲᠡᠷᠡ ᠵᠠᠷᠯᠢᠭ ᠢ ᠪᠢᠴᠢᠵᠦ ᠪᠠᠢᠨ᠎ᠠ᠃ 6 ᠬᠠᠢᠷ᠎ᠠ ᠭᠡᠳᠡᠭ ᠨᠢ ᠲᠡᠭᠦᠨ ᠦ ᠵᠠᠷᠯᠢᠭ ᠤᠳ ᠢ ᠳᠠᠭᠠᠬᠤ ᠶᠠᠪᠤᠳᠠᠯ ᠪᠥᠭᠡᠳ ᠵᠠᠷᠯᠢᠭ ᠭᠡᠳᠡᠭ ᠨᠢ ᠠᠩ᠋ᠬᠠᠨ ᠠᠴᠠ ᠪᠠᠨ ᠲᠠ ᠨᠠᠷ ᠤᠨ ᠰᠣᠨᠣᠰᠣᠭᠰᠠᠨᠴᠢᠯᠠᠨ ᠬᠠᠢᠷ᠎ᠠ ᠶᠢᠨ ᠳᠣᠲᠣᠷ᠎ᠠ ᠶᠠᠪᠤ ᠭᠡᠰᠡᠨ ᠦᠭᠡ ᠶᠤᠮ᠃
 ᠬᠠᠭᠤᠷᠮᠠᠭ ᠪᠠᠭᠰᠢ ᠨᠠᠷ ᠠᠴᠠ ᠪᠣᠯᠭᠣᠮᠵᠢᠯᠠ

7 ᠶᠢᠷᠲᠢᠨᠴᠦ ᠳᠦ ᠣᠯᠠᠨ ᠪᠠᠴᠢᠯᠠᠭᠴᠢ ᠭᠠᠷᠤᠭᠰᠠᠨ᠂ ᠲᠡᠳᠡ ᠢᠰᠦ᠋ᠰ ᠾᠷᠢᠰᠲ᠋ᠣᠰ ᠤᠨ ᠮᠢᠬᠠᠨ ᠪᠡᠶ᠎ᠡ ᠪᠡᠷ ᠢᠷᠡᠭᠰᠡᠨ ᠢ ᠬᠦᠯᠢᠶᠡᠨ ᠵᠥᠪᠰᠢᠶᠡᠷᠡᠳᠡᠭ᠌ ᠦᠭᠡᠢ᠃ ᠡᠳᠡᠭᠡᠷ ᠬᠥᠮᠦᠨ ᠪᠣᠯ ᠪᠠᠴᠢᠯᠠᠭᠴᠢ ᠪᠥᠭᠡᠳ ᠾᠷᠢᠰᠲ᠋ᠣᠰ ᠢ ᠡᠰᠡᠷᠭᠦᠴᠡᠭᠴᠢ ᠶᠤᠮ᠃ 8 ᠲᠠ ᠨᠠᠷ ᠬᠢᠴᠢᠶᠡᠭᠲᠦᠨ᠂ ᠪᠢᠳᠡᠨ ᠦ ᠬᠢᠭᠰᠡᠨ ᠠᠵᠢᠯ ᠢ ᠪᠠᠯᠠᠯᠬᠤ ᠦᠭᠡᠢ ᠪᠠᠷ ᠲᠡᠭᠦᠰ ᠱᠠᠩᠨᠠᠯ ᠬᠦᠷᠲᠡᠬᠦ ᠪᠣᠯᠲᠤᠭᠠᠢ᠃ 9 ᠾᠷᠢᠰᠲ᠋ᠣᠰ ᠤᠨ ᠰᠤᠷᠭᠠᠯ ᠤᠨ ᠳᠣᠲᠣᠷ᠎ᠠ ᠦᠯᠡᠳᠡᠯ ᠦᠭᠡᠢ ᠭᠠᠵᠢᠭᠰᠠᠨ ᠪᠣᠯᠭᠠᠨ ᠳᠤ ᠪᠤᠷᠬᠠᠨ ᠪᠠᠢᠳᠠᠭ ᠦᠭᠡᠢ᠃ ᠡᠨᠡ ᠰᠤᠷᠭᠠᠯ ᠤᠨ ᠳᠣᠲᠣᠷ᠎ᠠ ᠦᠯᠡᠳᠡᠭᠴᠢ ᠳᠤ ᠡᠴᠢᠭᠡ ᠬᠦᠦ ᠬᠣᠶᠠᠭᠤᠯᠠ ᠪᠠᠨ ᠪᠠᠢᠳᠠᠭ᠃ 10 ᠬᠡᠨ ᠨᠢᠭᠡᠨ ᠨᠢ ᠲᠠᠨ ᠤ ᠳᠤ ᠣᠴᠢᠭᠠᠳ ᠡᠨᠡ ᠰᠤᠷᠭᠠᠯ ᠢ ᠤᠯᠠᠮᠵᠢᠯᠠᠬᠤ ᠦᠭᠡᠢ ᠪᠣᠯ ᠲᠡᠭᠦᠨ ᠢ ᠭᠡᠷ ᠲᠡᠭᠡᠨ ᠪᠦᠦ ᠣᠷᠣᠭᠤᠯ᠂ ᠠᠮᠤᠷ ᠢ ᠨᠢ ᠴᠤ ᠪᠦᠦ ᠠᠰᠠᠭᠤ᠃ 11 ᠲᠡᠭᠦᠨ ᠡᠴᠡ ᠠᠮᠤᠷ ᠠᠰᠠᠭᠤᠭᠴᠢ ᠪᠣᠯᠭᠠᠨ ᠲᠡᠭᠦᠨ ᠦ ᠮᠠᠭᠤ ᠠᠵᠢᠯᠠᠯᠭ᠎ᠠ ᠳᠤ ᠣᠷᠣᠯᠴᠠᠭᠴᠢ ᠮᠥᠨ᠃

12 ᠲᠠ ᠨᠠᠷ ᠲᠤ ᠪᠢᠴᠢᠬᠦ ᠵᠦᠢᠯ ᠣᠯᠠᠨ ᠪᠠᠢᠪᠠᠴᠤ ᠴᠠᠭᠠᠰᠤ ᠪᠡᠬᠡ ᠵᠠᠷᠤᠴᠠᠭᠤᠯᠬᠤ ᠰᠠᠨᠠᠭ᠎ᠠ ᠦᠭᠡᠢ᠂ ᠲᠠ ᠨᠠᠷ ᠲᠠᠢ ᠨᠢᠭᠤᠷᠲᠠᠨ ᠶᠠᠷᠢᠯᠴᠠᠬᠤ ᠶᠢ ᠬᠦᠰᠡᠵᠦ ᠪᠠᠢᠨ᠎ᠠ᠃ ᠲᠡᠭᠡᠪᠡᠯ ᠪᠢᠳᠡᠨ ᠦ ᠪᠠᠶᠠᠰᠤᠯ ᠲᠡᠭᠦᠯᠳᠡᠷ ᠪᠣᠯᠣᠨ᠎ᠠ᠃

13 ᠰᠣᠩ᠋ᠭᠣᠭᠳᠠᠭᠰᠠᠨ ᠡᠭᠡᠴᠢ ᠥᠬᠢᠨ ᠳᠡᠭᠦᠦ ᠶᠢᠨ ᠴᠢᠨᠢ ᠬᠡᠦᠬᠡᠳ ᠤᠳ ᠲᠠᠨ ᠳᠤ ᠮᠡᠨᠳᠦ ᠬᠦᠷᠭᠡᠵᠦ ᠪᠠᠢᠨ᠎ᠠ᠃