1 2 3 4 5 6


ᠨᠢᠭᠡᠳᠦᠭᠡᠷ ᠲᠢᠮᠣᠲ ᠨᠢᠭᠡ

1 ᠪᠢᠳᠡᠨ ᠦ ᠠᠪᠤᠷᠠᠭᠴᠢ ᠪᠤᠷᠬᠠᠨ ᠪᠠ ᠪᠢᠳᠡᠨ ᠦ ᠡᠷᠡᠮᠡᠯᠵᠡᠯ ᠾᠷᠢᠰᠲ᠋ᠣᠰ ᠢᠰᠦ᠋ᠰ ᠤᠨ ᠡᠷᠬᠡ ᠮᠡᠳᠡᠯ ᠢᠶᠡᠷ ᠾᠷᠢᠰᠲ᠋ᠣᠰ ᠢᠰᠦ᠋ᠰ ᠤᠨ ᠰᠢᠳᠠᠷ ᠱᠠᠪᠢ ᠪᠣᠯᠣᠭᠰᠠᠨ ᠫᠠᠦ᠋ᠯ ᠡᠴᠡ 2 ᠢᠲᠡᠭᠡᠯ ᠦᠨ ᠵᠢᠩᠬᠢᠨᠢ ᠬᠦᠦ ᠲᠢᠮᠣᠲ ᠲᠤ᠄


 ᠣᠨᠳᠣᠣ ᠰᠤᠷᠭᠠᠯ ᠤᠨ ᠲᠤᠬᠠᠢ ᠠᠩ᠋ᠬᠠᠷᠤᠭᠤᠯᠭ᠎ᠠ

3 ᠪᠢ ᠮᠠᠺᠧᠳᠣᠨᠢᠶ᠎ᠠ ᠤᠷᠤᠭᠤ ᠶᠠᠪᠤᠬᠤ ᠳᠠᠭᠠᠨ ᠴᠢᠮ᠎ᠠ ᠳᠤ ᠰᠠᠨᠠᠭᠤᠯᠵᠤ ᠪᠠᠢᠭᠰᠠᠨᠴᠢᠯᠠᠨ᠂ ᠴᠢ ᠧᠹᠧᠰ ᠲᠤ ᠪᠠᠢ᠂ ᠵᠠᠷᠢᠮ ᠳᠤᠨᠢ ᠣᠨᠳᠣᠣ ᠰᠤᠷᠭᠠᠯ ᠢ ᠵᠢᠭᠠᠬᠤ ᠪᠠᠨ ᠪᠣᠯᠢᠬᠤ ᠪᠠ 4 ᠵᠣᠬᠢᠶᠠᠮᠠᠯ ᠶᠠᠷᠢᠶ᠎ᠠ ᠪᠤᠶᠤ ᠲᠡᠭᠦᠰᠦᠰᠢ ᠦᠭᠡᠢ ᠭᠡᠷ ᠦᠨ ᠴᠠᠳᠢᠭ ᠲᠤ ᠰᠠᠨᠠᠭ᠎ᠠ ᠲᠠᠯᠪᠢᠬᠤ ᠦᠭᠡᠢ ᠪᠠᠢᠬᠤ ᠶᠢ ᠵᠠᠬᠢ᠃ ᠡᠳᠡᠭᠡᠷ ᠨᠢ ᠢᠲᠡᠭᠡᠯ ᠳᠣᠲᠣᠷᠠᠬᠢ ᠪᠤᠷᠬᠠᠨ ᠤ ᠦᠢᠯᠡ ᠶᠢ ᠠᠬᠢᠭᠤᠯᠳᠠᠭ ᠪᠢᠰᠢ᠂ ᠮᠠᠷᠭᠤᠭᠠᠨ ᠢ ᠠᠬᠢᠭᠤᠯᠳᠠᠭ᠃ 5 ᠵᠠᠬᠢᠶᠠᠰᠤ ᠶᠢᠨ ᠵᠣᠷᠢᠯᠭ᠎ᠠ ᠨᠢ ᠴᠡᠪᠡᠷ ᠰᠡᠳᠬᠢᠯ᠂ ᠰᠠᠢᠨ ᠮᠥᠰᠥ ᠴᠢᠨᠠᠷ ᠪᠠ ᠴᠢᠩ ᠢᠲᠡᠭᠡᠯ ᠡᠴᠡ ᠭᠠᠷᠳᠠᠭ ᠬᠠᠢᠷ᠎ᠠ ᠪᠠᠢᠲᠠᠯ᠎ᠠ 6 ᠵᠠᠷᠢᠮ ᠨᠢ ᠡᠳᠡᠭᠡᠷ ᠡᠴᠡ ᠭᠠᠵᠢᠵᠤ ᠬᠣᠭᠣᠰᠣᠨ ᠶᠠᠷᠢᠶ᠎ᠠ ᠤᠷᠤᠭᠤ ᠡᠷᠭᠢᠵᠡᠢ᠃ 7 ᠲᠡᠳᠡ ᠥᠪᠡᠷᠰᠡᠳ ᠦᠨ ᠶᠠᠭᠤ ᠶᠠᠷᠢᠵᠤ ᠪᠠᠢᠭ᠎ᠠ ᠪᠠᠨ ᠴᠤ᠂ ᠶᠠᠭᠤ ᠪᠠᠷᠢᠮᠲᠠᠯᠠᠵᠤ ᠪᠠᠢᠭ᠎ᠠ ᠪᠠᠨ ᠴᠤ ᠮᠡᠳᠡᠳᠡᠭ ᠦᠭᠡᠢ ᠬᠢᠷᠢ ᠨᠢ ᠬᠠᠤᠯᠢ ᠶᠢᠨ ᠪᠠᠭᠰᠢ ᠪᠣᠯᠬᠤ ᠶᠢ ᠬᠦᠰᠡᠳᠡᠭ᠃

8 ᠬᠠᠷᠢᠨ ᠬᠠᠤᠯᠢ ᠨᠢ ᠬᠥᠮᠦᠨ ᠳᠦ ᠵᠥᠪ ᠬᠡᠷᠡᠭᠯᠡᠭᠳᠡᠪᠡᠯ ᠰᠠᠢᠨ ᠭᠡᠳᠡᠭ ᠢ ᠪᠢᠳᠡ ᠮᠡᠳᠡᠨ᠎ᠡ᠂ 9 ᠵᠥᠪᠲᠦ ᠬᠥᠮᠦᠨ ᠦ ᠤᠯᠠᠮ ᠠᠴᠠ ᠬᠠᠤᠯᠢ ᠭᠠᠷᠤᠭᠰᠠᠨ ᠪᠢᠰᠢ᠂ ᠬᠠᠷᠢᠨ ᠬᠠᠤᠯᠢ ᠶᠢ ᠵᠥᠷᠢᠴᠡᠭᠴᠢᠳ᠂ ᠳᠤᠭᠤᠯᠭᠠᠪᠤᠷᠢ ᠦᠭᠡᠢ ᠪᠠ ᠰᠦᠰᠦᠭ ᠦᠭᠡᠢ ᠬᠥᠮᠦᠰ᠂ ᠨᠢᠭᠦᠯᠲᠡᠳ᠂ ᠠᠷᠢᠭᠤᠨ ᠪᠤᠰᠤ ᠪᠠ ᠪᠤᠵᠠᠷ ᠬᠥᠮᠦᠰ᠂ ᠡᠴᠢᠭᠡ ᠪᠡᠨ ᠬᠣᠷᠣᠭᠠᠭᠴᠢᠳ᠂ ᠡᠬᠡ ᠪᠡᠨ ᠬᠣᠷᠣᠭᠠᠭᠴᠢᠳ᠂ ᠶᠠᠷᠭᠠᠴᠢᠳ᠂ 10 ᠰᠠᠳᠤᠷᠯᠠᠭᠴᠢᠳ᠂ ᠢᠵᠢᠯ ᠬᠦᠢᠰᠦᠲᠡᠨ ᠲᠡᠢ ᠪᠡᠨ ᠶᠠᠪᠤᠯᠳᠠᠭᠴᠢᠳ᠂ ᠬᠥᠮᠦᠨ ᠫᠠᠨᠽᠠᠯᠠᠭᠴᠢᠳ᠂ ᠬᠤᠳᠠᠯ ᠬᠡᠯᠡᠭᠴᠢᠳ᠂ ᠬᠠᠭᠤᠷᠮᠠᠴᠢ ᠭᠡᠷᠡᠴᠢᠯᠡᠭᠴᠢᠳ ᠬᠢᠭᠡᠳ ᠡᠷᠡᠭᠦᠯ ᠰᠤᠷᠭᠠᠯ ᠲᠠᠢ ᠬᠠᠷᠰᠢᠯᠳᠤᠬᠤ ᠪᠦᠭᠦᠳᠡ ᠶᠢᠨ ᠤᠯᠠᠮ ᠠᠴᠠ ᠭᠠᠷᠤᠭᠰᠠᠨ ᠭᠡᠳᠡᠭ ᠢ ᠪᠢᠳᠡ ᠮᠡᠳᠡᠨ᠎ᠡ᠃ 11 ᠡᠷᠡᠭᠦᠯ ᠰᠤᠷᠭᠠᠯ ᠨᠢ ᠢᠪᠡᠭᠡᠯᠲᠦ ᠪᠤᠷᠬᠠᠨ ᠤ ᠰᠤᠤᠲᠤ ᠪᠠᠶᠠᠷ ᠤᠨ ᠮᠡᠳᠡᠭᠡᠨ ᠳᠦ ᠨᠡᠢᠴᠡ ᠲᠠᠢ ᠶᠤᠮ᠃ ᠪᠤᠷᠬᠠᠨ ᠲᠡᠷᠡ ᠮᠡᠳᠡᠭᠡ ᠶᠢ ᠨᠠᠳᠠ ᠳᠤ ᠳᠠᠭᠠᠭᠠᠯᠭᠠᠭᠰᠠᠨ ᠶᠤᠮ᠃
 ᠡᠨᠡᠷᠢᠯ ᠳᠤ ᠲᠠᠯᠠᠷᠬᠠᠬᠤ ᠨᠢ

12 ᠨᠠᠮᠠᠶᠢ ᠢᠲᠡᠭᠡᠮᠵᠢᠲᠠᠢ ᠭᠡᠵᠦ ᠦᠵᠡᠨ ᠨᠠᠮᠠᠶᠢ ᠦᠢᠯᠡᠴᠢᠯᠡᠯ ᠳᠦ ᠲᠠᠯᠪᠢᠭᠰᠠᠨ᠂ ᠨᠠᠮᠠᠶᠢ ᠬᠦᠴᠦᠲᠡᠢ ᠪᠣᠯᠭᠠᠭᠴᠢ ᠪᠢᠳᠡᠨ ᠦ ᠡᠵᠡᠨ ᠾᠷᠢᠰᠲ᠋ᠣᠰ ᠢᠰᠦ᠋ᠰ ᠲᠤ ᠪᠢ ᠲᠠᠯᠠᠷᠬᠠᠯ ᠡᠷᠭᠦᠶ᠎ᠡ᠃ 13 ᠪᠢ ᠤᠷᠢᠳᠤ ᠨᠢ ᠠᠯᠳᠠᠰᠤᠯᠠᠭᠴᠢ᠂ ᠰᠢᠬᠠᠮᠳᠠᠭᠤᠯᠤᠭᠴᠢ᠂ ᠪᠠᠯᠠᠮᠠᠳᠯᠠᠭᠴᠢ ᠪᠠᠢᠭᠰᠠᠨ ᠪᠣᠯᠪᠠᠴᠤ ᠡᠨᠡᠷᠢᠯ ᠢ ᠬᠦᠷᠲᠡᠭᠰᠡᠨ᠂ ᠤᠴᠢᠷ ᠨᠢ ᠢᠲᠡᠭᠡᠯ ᠦᠭᠡᠢ ᠳᠡᠭᠡᠨ ᠮᠡᠳᠡᠳᠡᠭ ᠦᠭᠡᠢ ᠪᠠᠷ ᠲᠡᠭᠡᠳᠡᠭ ᠪᠠᠢᠭᠰᠠᠨ ᠶᠤᠮ᠃ 14 ᠪᠢᠳᠡᠨ ᠦ ᠡᠵᠡᠨ ᠦ ᠢᠪᠡᠭᠡᠯ ᠾᠷᠢᠰᠲ᠋ᠣᠰ ᠢᠰᠦ᠋ᠰ ᠤᠨ ᠳᠣᠲᠣᠷᠠᠬᠢ ᠢᠲᠡᠭᠡᠯ ᠪᠠ ᠬᠠᠢᠷ᠎ᠠ ᠶᠢᠨ ᠬᠠᠮᠲᠤ ᠲᠤᠢᠯ ᠤᠨ ᠪᠠᠶᠠᠯᠢᠭ ᠪᠠᠢᠪᠠ᠃ 15 ᠾᠷᠢᠰᠲ᠋ᠣᠰ ᠢᠰᠦ᠋ᠰ ᠨᠢᠭᠦᠯᠲᠡᠳ ᠢ ᠠᠪᠤᠷᠠᠬᠤ ᠶᠢᠨ ᠲᠤᠯᠠᠳᠠ ᠶᠢᠷᠲᠢᠨᠴᠦ ᠳᠦ ᠢᠷᠡᠭᠰᠡᠨ︕ ᠢᠲᠡᠭᠡᠮᠵᠢᠲᠠᠢ᠂ ᠪᠦᠷᠢᠮᠦᠰᠦᠨ ᠬᠦᠯᠢᠶᠡᠨ ᠠᠪᠤᠭᠤᠰᠢᠲᠠᠢ ᠦᠭᠡ ᠪᠣᠯ ᠡᠨᠡ᠃ ᠨᠢᠭᠦᠯᠲᠡᠳ ᠦᠨ ᠲᠦᠷᠦᠭᠦᠦ ᠨᠢ ᠪᠢ᠂ 16 ᠬᠠᠷᠢᠨ ᠲᠡᠷᠡ ᠤᠴᠢᠷ ᠢᠶᠠᠷ ᠡᠨᠡᠷᠢᠯ ᠢ ᠬᠦᠷᠲᠡᠭᠰᠡᠨ᠂ ᠲᠡᠢᠨ ᠬᠦ ᠾᠷᠢᠰᠲ᠋ᠣᠰ ᠢᠰᠦ᠋ᠰ ᠲᠡᠭᠦᠰ ᠲᠡᠪᠴᠢᠶᠡᠷᠢ ᠪᠠᠨ ᠨᠢᠭᠦᠯᠲᠡᠳ ᠦᠨ ᠲᠦᠷᠦᠭᠦᠦ ᠨᠠᠳᠠ ᠪᠠᠷ ᠳᠠᠮᠵᠢᠭᠤᠯᠤᠨ ᠬᠠᠷᠠᠭᠤᠯᠵᠤ᠂ ᠬᠣᠵᠢᠮ ᠥᠪᠡᠷ ᠲᠤᠨᠢ ᠢᠲᠡᠭᠡᠵᠦ ᠮᠥᠩᠬᠡ ᠠᠮᠢ ᠶᠢ ᠣᠯᠬᠤ ᠬᠥᠮᠦᠰ ᠦᠨ ᠲᠥᠯᠥᠭᠡ ᠵᠢᠱᠢᠶ᠎ᠡ ᠪᠣᠯᠭᠠᠬᠤ ᠭᠡᠰᠡᠨ ᠶᠤᠮ᠃ 17 ᠮᠥᠩᠬᠡ ᠶᠢᠨ ᠬᠠᠭᠠᠨ᠂ ᠮᠥᠬᠥᠰᠢ ᠦᠭᠡᠢ᠂ ᠦᠵᠡᠭᠳᠡᠰᠢ ᠦᠭᠡᠢ᠂ ᠴᠣᠷ ᠤᠨ ᠭᠠᠭᠴᠠ ᠪᠤᠷᠬᠠᠨ ᠳᠤ ᠬᠦᠨᠳᠦᠳᠬᠡᠯ ᠪᠠ ᠠᠯᠳᠠᠷ ᠮᠥᠩᠬᠡ ᠶᠢᠨ ᠮᠥᠩᠬᠡᠳᠡ ᠪᠠᠢᠬᠤ ᠪᠣᠯᠲᠤᠭᠠᠢ᠂ ᠠᠮᠧᠨ᠃

18 ᠮᠢᠨᠦ ᠬᠦᠦ ᠲᠢᠮᠣᠲ ᠡ᠂ ᠴᠢᠨᠦ ᠲᠤᠬᠠᠢ ᠤᠷᠢᠳᠤ ᠶᠢᠨ ᠲᠤᠩ᠋ᠬᠠᠭᠯᠠᠭᠳᠠᠭᠰᠠᠨ ᠡᠰᠢ ᠦᠵᠡᠭᠦᠯᠦᠯᠭᠡ ᠨᠦᠭᠦᠳ ᠦᠨ ᠶᠣᠰᠣᠭᠠᠷ ᠪᠢ ᠡᠨᠡ ᠵᠠᠬᠢᠶᠠᠰᠤ ᠶᠢ ᠥᠭᠭᠥᠶ᠎ᠡ᠃ ᠴᠢ ᠲᠡᠳᠡᠭᠡᠷ ᠦᠨ ᠶᠣᠰᠣᠭᠠᠷ᠂ ᠰᠠᠢᠨ ᠲᠡᠮᠡᠴᠡᠯ ᠢᠶᠡᠷ ᠲᠡᠮᠡᠴᠡ᠂ 19 ᠢᠲᠡᠭᠡᠯ ᠪᠠ ᠰᠠᠢᠨ ᠮᠥᠰᠥ ᠴᠢᠨᠠᠷ ᠢᠶᠠᠨ ᠪᠠᠷᠢᠮᠲᠠᠯᠠ᠃ ᠵᠠᠷᠢᠮ ᠨᠢ ᠮᠥᠰᠥ ᠴᠢᠨᠠᠷ ᠢᠶᠠᠨ ᠣᠭᠣᠷᠴᠤ᠂ ᠢᠲᠡᠭᠡᠯ ᠢᠶᠡᠨ ᠰᠦᠢᠷᠡᠭᠦᠯᠦᠭᠰᠡᠨ ᠶᠤᠮ᠃ 20 ᠲᠡᠳᠡ ᠨᠠᠷ ᠤᠨ ᠳᠤᠮᠳᠠ ᠾᠤᠮᠧᠨᠠᠢ ᠪᠠ ᠠᠯᠧᠺᠰᠠᠨᠳᠧᠷ ᠬᠣᠶᠠᠭᠤᠯᠠ ᠪᠤᠢ᠂ ᠪᠢ ᠲᠡᠳᠡᠨ ᠢ ᠰᠠᠲ᠋ᠠᠨ ᠳᠤ ᠲᠤᠰᠢᠶᠠᠭᠰᠠᠨ᠂ ᠲᠡᠳᠡ ᠲᠡᠢᠨ ᠬᠦ ᠰᠠᠬᠢᠯᠭ᠎ᠠ ᠬᠦᠯᠢᠶᠡᠵᠦ ᠠᠯᠳᠠᠰᠤᠯᠠᠬᠤ ᠪᠠᠨ ᠪᠣᠯᠢᠬᠤ ᠶᠣᠰᠣᠲᠠᠢ᠃