ᠨᠢᠭᠡᠳᠦᠭᠡᠷ ᠲᠢᠮᠣᠲ ᠭᠤᠷᠪᠠ
ᠴᠢᠭᠤᠯᠭᠠᠨ ᠤ ᠤᠳᠤᠷᠢᠳᠤᠭᠴᠢ ᠶᠢᠨ ᠬᠢᠷᠢ ᠭᠡᠮ
1 《ᠬᠠᠷᠠᠭᠠᠯᠵᠠᠭᠴᠢ ᠶᠢᠨ ᠲᠤᠰᠢᠶᠠᠯ ᠢ ᠡᠷᠡᠮᠡᠯᠵᠡᠭᠴᠢ ᠨᠢ ᠡᠷᠬᠢᠮ ᠠᠵᠢᠯ ᠢ ᠡᠷᠡᠮᠡᠯᠵᠡᠭᠴᠢ》 ᠭᠡᠰᠡᠨ ᠦᠭᠡ ᠢᠲᠡᠭᠡᠮᠵᠢᠲᠠᠢ ᠪᠠᠢᠨ᠎ᠠ᠃ 2 ᠭᠡᠬᠦ ᠳᠡᠭᠡᠨ ᠬᠠᠷᠠᠭᠠᠯᠵᠠᠭᠴᠢ ᠨᠢ ᠦᠭᠡᠯᠡᠭᠦᠯᠬᠦ ᠶᠠᠭᠤᠮ᠎ᠠ ᠦᠭᠡᠢ᠂ ᠨᠢᠭᠡ ᠯᠠ ᠡᠬᠡᠨᠡᠷ ᠲᠡᠢ᠂ ᠪᠡᠶ᠎ᠡ ᠪᠡᠨ ᠪᠠᠷᠢᠬᠤ ᠴᠢᠳᠠᠪᠤᠷᠢ ᠲᠠᠢ᠂ ᠡᠷᠡᠭᠦᠯ ᠤᠬᠠᠭ᠎ᠠ ᠲᠠᠢ᠂ ᠡᠮᠬᠢ ᠴᠡᠭᠴᠡ ᠲᠠᠢ᠂ ᠵᠣᠴᠢᠨᠰᠠᠭ᠂ ᠵᠢᠭᠠᠬᠤ ᠠᠪᠢᠶᠠᠰ ᠲᠠᠢ᠂ 3 ᠠᠷᠢᠬᠢᠴᠢᠨ ᠪᠤᠰᠤ᠂ ᠵᠣᠳᠣᠭᠠᠴᠢᠨ ᠪᠤᠰᠤ᠂ ᠬᠠᠷᠢᠨ ᠨᠣᠮᠣᠬᠠᠨ᠂ ᠬᠡᠷᠡᠭᠦᠯᠴᠢ ᠪᠢᠰᠢ᠂ ᠵᠣᠭᠣᠰᠣᠨ ᠤ ᠰᠢᠨᠤᠯ ᠦᠭᠡᠢ ᠪᠠᠢᠬᠤ ᠶᠣᠰᠣᠲᠠᠢ᠃ 4 ᠲᠡᠷᠡ ᠮᠥᠨ ᠭᠡᠷ ᠪᠦᠯᠢ ᠪᠠᠨ ᠰᠠᠢᠨ ᠳᠠᠭᠠᠭᠤᠯᠳᠠᠭ ᠪᠠ ᠬᠡᠦᠬᠡᠳ ᠤᠳ ᠨᠢ ᠪᠦᠷᠢᠨ ᠬᠦᠨᠳᠦᠳᠬᠡᠯ ᠲᠡᠢ ᠪᠠᠷ ᠦᠭᠡᠨ ᠳᠦᠨᠢ ᠣᠷᠣᠳᠠᠭ ᠪᠠᠢᠬᠤ ᠶᠣᠰᠣᠲᠠᠢ᠃ 5 ᠭᠡᠷ ᠪᠦᠯᠢ ᠪᠠᠨ ᠶᠠᠭᠠᠬᠢᠵᠤ ᠳᠠᠭᠠᠭᠤᠯᠬᠤ ᠶᠢ ᠮᠡᠳᠡᠳᠡᠭ ᠦᠭᠡᠢ ᠬᠥᠮᠦᠨ ᠪᠤᠷᠬᠠᠨ ᠤ ᠴᠢᠭᠤᠯᠭᠠᠨ ᠢ ᠶᠠᠭᠠᠬᠢᠵᠤ ᠬᠠᠯᠠᠮᠵᠢᠯᠠᠬᠤ ᠪᠢᠯᠡ︖ 6 ᠰᠢᠨ᠎ᠡ ᠢᠲᠡᠭᠡᠭᠴᠢ ᠨᠢ ᠬᠠᠷᠠᠭᠠᠯᠵᠠᠭᠴᠢ ᠪᠣᠯᠵᠤ ᠪᠣᠯᠬᠤ ᠦᠭᠡᠢ᠂ ᠲᠡᠷᠡ ᠪᠠᠷᠳᠠᠮᠨᠠᠵᠤ᠂ ᠰᠠᠲ᠋ᠠᠨ ᠤ ᠬᠢ ᠰᠢᠭ᠋ ᠶᠠᠯ᠎ᠠ ᠳᠤ ᠤᠨᠠᠭᠤᠵᠠᠢ᠃ 7 ᠬᠠᠷᠠᠭᠠᠯᠵᠠᠭᠴᠢ ᠨᠢ ᠭᠠᠳᠠᠨ᠎ᠠ ᠶᠢᠨ ᠬᠥᠮᠦᠰ ᠲᠦ ᠴᠤ ᠰᠠᠢᠨ ᠢᠶᠠᠷ ᠦᠨᠡᠯᠡᠭᠳᠡᠬᠦ ᠶᠣᠰᠣᠲᠠᠢ᠂ ᠡᠰᠡ ᠲᠡᠭᠡᠪᠡᠯ ᠲᠡᠷᠡ ᠳᠣᠷᠣᠮᠵᠢᠯᠠᠯ ᠪᠤᠶᠤ ᠰᠠᠲ᠋ᠠᠨ ᠤ ᠤᠷᠠᠬᠠᠨ ᠳᠤ ᠣᠷᠣᠬᠤ ᠪᠤᠢ᠃
ᠴᠢᠭᠤᠯᠭᠠᠨ ᠤ ᠲᠤᠰᠠᠯᠠᠭᠴᠢᠳ ᠤᠨ ᠬᠢᠷᠢ ᠭᠡᠮ
8 ᠳᠡᠮᠴᠢᠳ ᠴᠤ ᠡᠭᠦᠨᠴᠢᠯᠡᠨ ᠬᠦᠨᠳᠦᠳᠭᠦᠰᠢᠲᠡᠢ ᠪᠠᠢᠬᠤ᠂ ᠦᠭᠡ ᠨᠢ ᠢᠲᠡᠭᠡᠮᠵᠢᠲᠠᠢ ᠪᠠᠢᠬᠤ᠂ ᠠᠷᠢᠬᠢᠨ ᠳᠤ ᠦᠯᠦ ᠠᠪᠲᠠᠬᠤ᠂ ᠵᠣᠭᠣᠰᠣᠨ ᠳᠤ ᠦᠯᠦ ᠰᠢᠨᠤᠬᠤ᠂ 9 ᠮᠥᠨ ᠢᠲᠡᠭᠡᠯ ᠦᠨ ᠨᠢᠭᠤᠴᠠ ᠶᠢ ᠴᠡᠪᠡᠷᠬᠡᠨ ᠮᠥᠰᠥ ᠴᠢᠨᠠᠷ ᠢᠶᠠᠷ ᠪᠠᠷᠢᠮᠲᠠᠯᠠᠬᠤ ᠱᠠᠭᠠᠷᠳᠠᠯᠭ᠎ᠠ ᠲᠠᠢ᠃ 10 ᠬᠠᠷᠢᠨ ᠡᠳᠡᠭᠡᠷ ᠬᠥᠮᠦᠨ ᠴᠤ ᠤᠷᠢᠳᠠᠪᠠᠷ ᠰᠢᠯᠭᠠᠭᠳᠠᠭ᠂ ᠵᠢᠮᠡᠯᠡᠭᠦᠯᠬᠦ ᠵᠦᠢᠯ ᠦᠭᠡᠢ ᠪᠣᠯ ᠳᠡᠮᠴᠢ ᠪᠣᠯᠣᠭ᠃
11 ᠡᠭᠦᠨᠴᠢᠯᠡᠨ ᠡᠮᠡᠭᠲᠡᠢᠴᠦᠳ 2 ᠨᠢ ᠴᠤ ᠬᠦᠨᠳᠦᠳᠬᠡᠭᠦᠰᠢᠲᠡᠢ ᠪᠠᠢᠬᠤ᠂ ᠦᠯᠦ ᠬᠣᠪᠴᠢᠯᠠᠬᠤ᠂ ᠪᠡᠶ᠎ᠡ ᠪᠡᠨ ᠪᠠᠷᠢᠬᠤ᠂ ᠠᠯᠢᠪᠠ ᠳᠠᠭᠠᠨ ᠢᠲᠡᠭᠡᠮᠵᠢᠲᠠᠢ ᠪᠠᠢᠬᠤ ᠱᠠᠭᠠᠷᠳᠠᠯᠭ᠎ᠠ ᠲᠠᠢ᠃ 12 ᠳᠡᠮᠴᠢᠳ ᠨᠢᠭᠡ ᠯᠠ ᠡᠬᠡᠨᠡᠷ ᠲᠡᠢ ᠪᠠᠢᠵᠤ᠂ ᠬᠡᠦᠬᠡᠳ ᠤᠳ ᠪᠠ ᠭᠡᠷ ᠪᠦᠯᠢ ᠪᠠᠨ ᠰᠠᠢᠨ ᠳᠠᠭᠠᠭᠤᠯᠬᠤ ᠱᠠᠭᠠᠷᠳᠠᠯᠭ᠎ᠠ ᠲᠠᠢ᠃ 13 ᠳᠡᠮᠴᠢ ᠶᠢᠨ ᠡᠭᠦᠷᠭᠡ ᠪᠡᠨ ᠰᠠᠢᠨ ᠪᠡᠶᠡᠯᠡᠭᠦᠯᠦᠭᠰᠡᠨ ᠨᠢ ᠰᠠᠢᠬᠠᠨ ᠪᠠᠢᠷᠢ ᠰᠠᠭᠤᠷᠢ ᠶᠢ ᠣᠯᠬᠤ ᠪᠥᠭᠡᠳ ᠾᠷᠢᠰᠲ᠋ᠣᠰ ᠢᠰᠦ᠋ᠰ ᠲᠤ ᠢᠲᠡᠭᠡᠬᠦ ᠳᠡᠭᠡᠨ ᠶᠡᠬᠡ ᠵᠣᠷᠢᠭᠲᠠᠢ ᠪᠣᠯᠳᠠᠭ᠃ 14 ᠪᠢ ᠲᠠᠨ ᠤ ᠲᠡᠨᠳᠡ ᠬᠤᠷᠳᠤᠬᠠᠨ ᠣᠴᠢᠬᠤ ᠶᠢ ᠮᠥᠷᠥᠭᠡᠳᠴᠦ ᠡᠳᠡᠭᠡᠷ ᠢ ᠪᠢᠴᠢᠵᠦ ᠪᠠᠢᠨ᠎ᠠ᠂ 15 ᠢᠩᠭᠢᠭᠰᠡᠨ ᠢᠶᠡᠷ ᠪᠢ ᠰᠠᠭᠠᠲᠠᠴᠢᠬᠠᠭᠰᠠᠨ ᠴᠤ᠂ ᠪᠤᠷᠬᠠᠨ ᠤ ᠭᠡᠷ ᠲᠦ ᠶᠠᠭᠠᠬᠢᠬᠤ ᠶᠣᠰᠣᠲᠠᠢ ᠶᠢ ᠴᠢ ᠮᠡᠳᠡᠬᠦ ᠪᠣᠯᠣᠨ᠎ᠠ᠃ ᠲᠡᠷᠡ ᠭᠡᠷ ᠪᠣᠯ ᠠᠮᠢᠳᠤ ᠪᠤᠷᠬᠠᠨ ᠤ ᠴᠢᠭᠤᠯᠭᠠᠨ ᠪᠥᠭᠡᠳ ᠦᠨᠡᠨ ᠦ ᠪᠠᠭᠠᠨ᠎ᠠ ᠪᠠ ᠰᠠᠭᠤᠷᠢ ᠮᠥᠨ᠃ 16 ᠰᠦᠰᠦᠭ ᠦᠨ ᠨᠢᠭᠤᠴᠠ ᠪᠣᠯ ᠮᠠᠷᠭᠤᠰᠢ ᠦᠭᠡᠢ ᠠᠭᠤᠤ ᠶᠤᠮ — ᠲᠡᠷᠡ ᠪᠡᠷ ᠮᠢᠬᠠᠨ ᠪᠡᠶ᠎ᠡ ᠪᠡᠷ ᠢᠯᠡᠷᠡᠵᠦ ᠠᠷᠢᠭᠤᠨ ᠰᠦᠨᠡᠰᠦ ᠪᠡᠷ ᠵᠥᠪᠲᠥᠭᠡᠭᠳᠡᠭᠰᠡᠨ ᠲᠩᠷᠢ ᠡᠯᠴᠢᠳ ᠲᠤ ᠦᠵᠡᠭᠳᠡᠵᠦ ᠦᠨᠳᠦᠰᠦᠲᠡᠨ ᠨᠦᠭᠦᠳ ᠦᠨ ᠳᠤᠮᠳᠠ ᠲᠤᠩ᠋ᠬᠠᠭᠯᠠᠭᠳᠠᠭᠰᠠᠨ ᠶᠢᠷᠲᠢᠨᠴᠦ ᠳᠠᠶᠠᠭᠠᠷ ᠲᠤ ᠢᠲᠡᠭᠡᠭᠳᠡᠵᠦ ᠠᠯᠳᠠᠷ ᠰᠤᠤ ᠲᠠᠢ ᠪᠠᠷ ᠠᠪᠠᠴᠢᠭᠳᠠᠭᠰᠠᠨ᠃