ᠭᠡᠲᠦᠯᠦᠯ ᠨᠢᠭᠡ
ᠳᠠᠷᠤᠯᠠᠯ ᠳᠣᠣᠷᠠᠬᠢ ᠢᠰᠷᠧᠯᠴᠦᠳ
1 ᠭᠡᠷ ᠦᠨ ᠬᠢᠨ ᠢᠶᠠᠨ ᠳᠠᠭᠠᠭᠤᠯᠵᠤ ᠶᠠᠺᠣᠪ ᠲᠠᠢ ᠬᠠᠮᠲᠤ ᠶᠧᠵᠢᠫᠲ ᠲᠤ ᠣᠴᠢᠭᠰᠠᠨ ᠢᠰᠷᠧᠯ ᠤᠨ ᠬᠥᠪᠡᠭᠦᠳ ᠦᠨ ᠨᠡᠷᠡᠰ᠄ 2 ᠷᠧᠣᠪᠧᠨ᠂ ᠰᠢᠮᠧᠶᠣᠨ᠂ ᠯᠧᠸᠢ᠂ ᠶᠦᠳᠠ᠂ 3 ᠢᠰᠠᠺᠠᠷ᠂ ᠽᠧᠪᠦ᠋ᠯᠣᠨ᠂ ᠪᠢᠨᠶᠠᠮᠢᠨ᠂ 4 ᠳ᠋ᠠᠨ᠂ ᠨᠠᠹᠲ᠋ᠠᠯᠢ᠂ ᠭᠠᠳ᠋᠂ ᠠᠱᠧᠷ᠃ 5 ᠶᠠᠺᠣᠪ ᠤᠨ ᠦᠷ᠎ᠡ ᠤᠳᠤᠮ ᠪᠦᠭᠦᠳᠡᠭᠡᠷ ᠢᠶᠡᠨ ᠳᠠᠯᠠᠨ ᠬᠥᠮᠦᠨ ᠶᠤᠮ᠂ ᠶᠣᠰᠧᠹ ᠶᠧᠵᠢᠫᠲ ᠲᠤ ᠪᠠᠢᠪᠠ᠃ 6 ᠶᠣᠰᠧᠹ᠂ ᠲᠡᠭᠦᠨ ᠦ ᠠᠬ᠎ᠠ ᠳᠡᠭᠦᠦ ᠨᠠᠷ ᠪᠣᠯᠣᠨ ᠲᠡᠷᠡ ᠦᠶ᠎ᠡ ᠶᠢᠨ ᠬᠢᠨ ᠪᠦᠭᠦᠳᠡ ᠲᠡᠨᠳᠡ ᠥᠭᠡᠳᠡ ᠪᠣᠯᠣᠭᠰᠠᠨ ᠶᠤᠮ᠃ 7 ᠭᠡᠪᠡᠴᠦ ᠢᠰᠷᠧᠯᠴᠦᠳ ᠣᠯᠠᠨ ᠬᠡᠦᠬᠡᠳ ᠲᠥᠷᠥᠭᠦᠯᠵᠦ ᠦᠷᠡᠵᠢᠨ ᠣᠯᠠᠰᠢᠷᠠᠭᠰᠠᠭᠠᠷ ᠮᠠᠰᠢ ᠬᠦᠴᠦᠷᠬᠡᠭ ᠪᠣᠯᠵᠤ᠂ ᠲᠡᠷᠡ ᠭᠠᠵᠠᠷ ᠢ ᠳᠦᠭᠦᠷᠭᠡᠭᠰᠡᠨ ᠪᠠᠢᠨ᠎ᠠ᠃
8 ᠲᠡᠷᠡ ᠦᠶ᠎ᠡ ᠳᠦ ᠶᠣᠰᠧᠹ ᠤᠨ ᠲᠤᠬᠠᠢ ᠮᠡᠳᠡᠳᠡᠭ ᠦᠭᠡᠢ ᠰᠢᠨ᠎ᠡ ᠬᠠᠭᠠᠨ ᠪᠣᠰᠴᠤ᠂ ᠶᠧᠵᠢᠫᠲ ᠢ ᠵᠠᠬᠢᠷᠬᠤ ᠪᠣᠯᠪᠠ᠃ 9 ᠲᠡᠷᠡ ᠪᠡᠷ ᠠᠷᠠᠳ ᠲᠦᠮᠡᠨ ᠳᠡᠭᠡᠨ᠄ 《ᠬᠠᠷ᠎ᠠ︕ ᠢᠰᠷᠧᠯᠴᠦᠳ ᠪᠢᠳᠡᠨ ᠡᠴᠡ ᠣᠯᠠᠨ ᠪᠣᠯᠵᠤ᠂ ᠬᠦᠴᠦᠷᠬᠡᠭ ᠪᠣᠯᠣᠯ᠎ᠠ᠃ 10 ᠢᠷ᠎ᠡ᠂ ᠪᠢᠳᠡ ᠲᠡᠳᠡᠨ ᠦ ᠲᠠᠯ᠎ᠠ ᠪᠠᠷ ᠠᠷᠭ᠎ᠠ ᠵᠥᠪᠳᠡᠵᠦ ᠦᠷᠡᠵᠢᠵᠦ ᠣᠯᠠᠰᠢᠷᠠᠬᠤ ᠶᠢ ᠨᠢ ᠬᠣᠷᠢᠭᠯᠠᠶ᠎ᠠ᠂ ᠡᠰᠡ ᠲᠡᠭᠡᠪᠡᠯ ᠳᠠᠢᠨ ᠭᠠᠷᠬᠤ ᠦᠶ᠎ᠡ ᠳᠦ ᠲᠡᠳᠡ ᠪᠢᠳᠡᠨ ᠦ ᠥᠰᠲᠡᠨ ᠲᠡᠢ ᠨᠡᠢᠯᠡᠨ᠂ ᠪᠢᠳᠡᠨ ᠲᠡᠢ ᠪᠠᠢᠯᠳᠤᠵᠤ ᠡᠨᠡ ᠭᠠᠵᠠᠷ ᠠᠴᠠ ᠭᠠᠷᠬᠤ ᠪᠣᠯᠣᠨ᠎ᠠ》 ᠭᠡᠪᠡ᠃ 11 ᠡᠢᠮᠦ ᠡᠴᠡ ᠶᠧᠵᠢᠫᠲ᠋ᠴᠦᠳ ᠲᠡᠳᠡᠨ ᠦ ᠳᠡᠭᠡᠷ᠎ᠡ ᠠᠵᠢᠯ ᠬᠢᠨᠠᠭᠴᠢᠳ ᠢ ᠲᠣᠮᠢᠯᠠᠨ ᠠᠯᠪᠠᠳᠠᠯᠭ᠎ᠠ ᠶᠢᠨ ᠠᠵᠢᠯ ᠢᠶᠠᠷ ᠵᠣᠪᠠᠭᠠᠵᠤ᠂ ᠲᠡᠳᠡᠨ ᠢᠶᠡᠷ ᠹᠠᠷᠠᠣ᠋ ᠶᠢᠨ ᠲᠥᠯᠥᠭᠡ ᠪᠠᠷᠠᠭ᠎ᠠ ᠨᠥᠭᠡᠴᠡᠯᠡᠬᠦ ᠲᠥᠪ ᠪᠣᠯᠬᠤ ᠫᠢᠲ᠋ᠣᠮ ᠪᠣᠯᠣᠨ ᠷᠠᠮᠧᠰᠧᠰ ᠵᠡᠷᠭᠡ ᠬᠣᠲᠠ ᠶᠢ ᠪᠠᠷᠢᠭᠤᠯᠪᠠ᠃ 12 ᠬᠠᠷᠢᠨ ᠲᠡᠳᠡ ᠳᠠᠷᠤᠯᠠᠭᠳᠠᠬᠤ ᠲᠤᠰᠤᠮ ᠢᠶᠠᠨ ᠤᠯᠠᠮ ᠢᠶᠠᠷ ᠣᠯᠠᠰᠢᠷᠠᠵᠤ ᠭᠠᠵᠠᠷ ᠢ ᠳᠦᠭᠦᠷᠭᠡᠵᠦ ᠪᠠᠢᠯ᠎ᠠ᠃ ᠡᠢᠮᠦ ᠡᠴᠡ ᠶᠧᠵᠢᠫᠲ᠋ᠴᠦᠳ ᠢᠰᠷᠧᠯᠴᠦᠳ ᠡᠴᠡ ᠠᠶᠤᠪᠠ᠃ 13 ᠶᠧᠵᠢᠫᠲ᠋ᠴᠦᠳ ᠢᠰᠷᠧᠯᠴᠦᠳ ᠢ ᠬᠦᠨᠳᠦ ᠬᠥᠳᠡᠯᠮᠦᠷᠢ ᠪᠠᠷ ᠠᠯᠪᠠᠳᠠᠨ ᠰᠢᠬᠠᠵᠤ᠂ 14 ᠰᠢᠪᠠᠷ ᠵᠢᠭᠤᠷᠠᠬᠤ᠂ ᠲᠣᠭᠣᠰᠬ᠎ᠠ ᠬᠢᠬᠦ ᠬᠢᠭᠡᠳ ᠶᠠᠩᠵᠤ ᠪᠦᠷᠢ ᠶᠢᠨ ᠬᠡᠭᠡᠷ᠎ᠡ ᠶᠢᠨ ᠠᠵᠢᠯ ᠬᠢᠯᠭᠡᠵᠦ ᠲᠡᠳᠡᠨ ᠦ ᠠᠮᠢᠳᠤᠷᠠᠯ ᠢ ᠭᠠᠰᠢᠭᠤᠨ ᠵᠣᠪᠠᠯᠠᠩ ᠲᠠᠢ ᠪᠣᠯᠭᠠᠭᠰᠠᠨ ᠪᠠᠢᠨ᠎ᠠ᠃ ᠶᠧᠵᠢᠫᠲ᠋ᠴᠦᠳ ᠡᠨᠡ ᠪᠦᠬᠦ ᠠᠵᠢᠯ ᠳᠡᠭᠡᠷ᠎ᠡ ᠲᠡᠳᠡᠨ ᠢ ᠠᠯᠪᠠᠳᠠᠨ ᠰᠢᠬᠠᠵᠤ ᠪᠠᠢᠪᠠ᠃
15 ᠶᠧᠵᠢᠫᠲ ᠤᠨ ᠬᠠᠭᠠᠨ ᠢᠪᠷᠠᠢ ᠡᠬᠡ ᠪᠠᠷᠢᠭᠴᠢ ᠱᠢᠹᠷᠠ ᠫᠦᠶ᠎ᠠ ᠬᠣᠶᠠᠷ ᠲᠤ ᠵᠠᠬᠢᠨ᠄ 16 《ᠢᠪᠷᠠᠢ ᠡᠮᠡᠭᠲᠡᠢᠴᠦᠳ ᠬᠥᠩᠭᠡᠵᠢᠬᠦ ᠳᠦᠨᠢ ᠬᠡᠦᠬᠡᠳ ᠦᠨ ᠬᠦᠢᠰᠦ 1 ᠶᠢ ᠯᠠᠪᠯᠠᠭᠠᠳ ᠬᠦᠦ ᠪᠠᠢᠪᠠᠯ ᠠᠯᠠᠵᠤ᠂ ᠥᠬᠢᠨ ᠪᠠᠢᠪᠠᠯ ᠠᠮᠢᠳᠤ ᠦᠯᠡᠳᠡᠭᠡ》 ᠭᠡᠪᠡ᠃ 17 ᠬᠠᠷᠢᠨ ᠡᠬᠡ ᠪᠠᠷᠢᠭᠴᠢᠳ ᠪᠤᠷᠬᠠᠨ ᠠᠴᠠ ᠡᠮᠢᠶᠡᠳᠡᠭ ᠪᠣᠯᠬᠣᠷ ᠶᠧᠵᠢᠫᠲ ᠤᠨ ᠬᠠᠭᠠᠨ ᠤ ᠬᠡᠯᠡᠭᠰᠡᠨ ᠶᠣᠰᠣᠭᠠᠷ ᠬᠢᠭᠰᠡᠨ ᠦᠭᠡᠢ᠂ ᠲᠡᠳᠡ ᠬᠥᠪᠡᠭᠦᠳ ᠢ ᠴᠤ ᠠᠮᠢᠳᠤ ᠦᠯᠡᠳᠡᠭᠡᠵᠡᠢ᠃ 18 ᠶᠧᠵᠢᠫᠲ ᠤᠨ ᠬᠠᠭᠠᠨ ᠡᠬᠡ ᠪᠠᠷᠢᠭᠴᠢᠳ ᠢ ᠳᠠᠭᠤᠳᠠᠵᠤ᠄ 《ᠲᠠ ᠨᠠᠷ ᠶᠠᠭᠤᠨ ᠳᠤ ᠢᠩᠭᠢᠵᠦ ᠬᠥᠪᠡᠭᠦᠳ ᠢ ᠠᠮᠢᠳᠤ ᠦᠯᠡᠳᠡᠭᠡᠪᠡ︖》 ᠭᠡᠰᠡᠨ ᠳᠦ᠂ 19 ᠡᠬᠡ ᠪᠠᠷᠢᠭᠴᠢᠳ ᠹᠠᠷᠠᠣ᠋ ᠳᠤ᠄ 《ᠢᠪᠷᠠᠢ ᠡᠮᠡᠭᠲᠡᠢᠴᠦᠳ ᠶᠧᠵᠢᠫᠲ ᠡᠮᠡᠭᠲᠡᠢᠴᠦᠳ ᠲᠡᠢ ᠠᠳᠠᠯᠢ ᠦᠭᠡᠢ ᠶᠤᠮ᠃ ᠲᠡᠳᠡ ᠬᠦᠴᠦ ᠲᠡᠩᠬᠡᠭᠡ ᠲᠠᠢ ᠪᠣᠯᠬᠣᠷ ᠡᠬᠡ ᠪᠠᠷᠢᠭᠴᠢ ᠬᠦᠷᠬᠦ ᠡᠴᠡ ᠴᠤ ᠡᠮᠦᠨ᠎ᠡ ᠬᠥᠩᠭᠡᠵᠢᠭᠰᠡᠨ ᠪᠠᠢᠳᠠᠭ︕》 ᠭᠡᠵᠦ ᠬᠠᠷᠢᠭᠤᠯᠪᠠ᠃ 20 ᠪᠤᠷᠬᠠᠨ ᠡᠬᠡ ᠪᠠᠷᠢᠭᠴᠢᠳ ᠲᠤ ᠰᠠᠢᠨ ᠢᠶᠠᠷ ᠬᠠᠨᠳᠤᠵᠠᠢ᠃ ᠢᠩᠭᠢᠭᠡᠳ ᠠᠷᠠᠳ ᠲᠦᠮᠡᠨ ᠨᠢ ᠣᠯᠠᠰᠢᠷᠠᠵᠤ᠂ ᠮᠠᠰᠢ ᠬᠦᠴᠦᠷᠬᠡᠭ ᠪᠣᠯᠪᠠ᠃ 21 ᠡᠬᠡ ᠪᠠᠷᠢᠭᠴᠢᠳ ᠪᠤᠷᠬᠠᠨ ᠠᠴᠠ ᠡᠮᠢᠶᠡᠭᠰᠡᠨ ᠲᠤᠯᠠ ᠪᠤᠷᠬᠠᠨ ᠲᠡᠳᠡᠨ ᠦ ᠭᠡᠷ ᠪᠦᠯᠢ ᠶᠢ ᠪᠣᠰᠬᠠᠭᠰᠠᠨ ᠪᠠᠢᠯ᠎ᠠ᠃ 22 ᠹᠠᠷᠠᠣ᠋ ᠪᠦᠬᠦ ᠠᠷᠠᠳ ᠲᠦᠮᠡᠨ ᠳᠡᠭᠡᠨ᠄ 《ᠲᠡᠳᠡᠨ ᠦ ᠲᠥᠷᠥᠭᠰᠡᠨ ᠬᠦᠦ ᠪᠣᠯᠭᠠᠨ ᠢ ᠨᠢᠯ ᠮᠥᠷᠡᠨ ᠳᠦ ᠬᠠᠶᠠ᠂ ᠥᠬᠢᠨ ᠢ ᠨᠢ ᠠᠮᠢᠳᠤ ᠦᠯᠡᠳᠡᠭᠡ》 ᠭᠡᠵᠦ ᠵᠠᠷᠯᠢᠭᠳᠠᠪᠠ᠃