ᠭᠡᠲᠦᠯᠦᠯ ᠳᠣᠯᠣᠭ᠎ᠠ
1 ᠶᠣᠬᠣᠸᠠ ᠮᠣᠰᠧ ᠳᠤ᠄ 《ᠠᠩ᠋ᠬᠠᠷᠤᠭᠲᠤᠨ᠂ ᠪᠢ ᠴᠢᠮᠠᠶᠢ ᠹᠠᠷᠠᠣ᠋ ᠳᠤ ᠪᠤᠷᠬᠠᠨ ᠮᠡᠲᠦ ᠪᠣᠯᠭᠠᠭᠰᠠᠨ ᠪᠥᠭᠡᠳ ᠴᠢᠨᠦ ᠠᠬ᠎ᠠ ᠠᠷᠣᠨ ᠢ ᠴᠢᠨᠦ ᠲᠥᠯᠥᠭᠡᠯᠡᠨ ᠶᠠᠷᠢᠭᠴᠢ 5 ᠪᠣᠯᠭᠠᠨ᠎ᠠ᠃ 2 ᠴᠢ ᠲᠤᠰᠢᠶᠠᠬᠤ ᠪᠦᠬᠦᠨ ᠢ ᠮᠢᠨᠢ ᠶᠠᠷᠢᠵᠤ᠂ ᠴᠢᠨᠦ ᠠᠬ᠎ᠠ ᠠᠷᠣᠨ ᠹᠠᠷᠠᠣ᠋ ᠳᠤ᠄ 〈ᠢᠰᠷᠧᠯᠴᠦᠳ ᠢ ᠨᠤᠲᠤᠭ ᠠᠴᠠ ᠪᠠᠨ ᠶᠠᠪᠤᠭᠤᠯ〉 ᠭᠡᠵᠦ ᠬᠡᠯᠡᠬᠦ ᠪᠣᠯᠣᠨ᠎ᠠ᠃ 3 ᠬᠠᠷᠢᠨ ᠪᠢ ᠹᠠᠷᠠᠣ᠋ ᠶᠢᠨ ᠵᠢᠷᠦᠬᠡ ᠶᠢ ᠬᠠᠲᠠᠭᠤᠷᠠᠭᠤᠯᠤᠨ᠎ᠠ᠂ ᠬᠡᠳᠦᠢᠪᠡᠷ ᠪᠢ ᠶᠧᠵᠢᠫᠲ ᠲᠤ ᠰᠢᠳᠢ ᠲᠡᠮᠳᠡᠭ ᠪᠣᠯᠣᠨ ᠭᠠᠢᠬᠠᠮᠰᠢᠭ ᠤᠳ ᠢᠶᠠᠨ ᠣᠯᠠᠰᠢᠷᠠᠭᠤᠯᠤᠭᠰᠠᠨ ᠴᠤ᠂ 4 ᠹᠠᠷᠠᠣ᠋ ᠲᠠ ᠨᠠᠷ ᠤᠨ ᠬᠢ ᠶᠢ ᠰᠣᠨᠣᠰᠬᠤ ᠦᠭᠡᠢ᠂ ᠲᠡᠭᠡᠪᠡᠯ ᠪᠢ ᠮᠤᠲᠤᠷ ᠢᠶᠠᠨ ᠶᠧᠵᠢᠫᠲ ᠤᠷᠤᠭᠤ ᠰᠤᠩ᠋ᠭᠠᠵᠤ᠂ ᠶᠡᠬᠡ ᠰᠢᠳᠬᠡᠯ ᠤᠳ ᠢᠶᠠᠷ ᠳᠠᠮᠵᠢᠭᠤᠯᠤᠨ ᠥᠪᠡᠷ ᠦᠨ ᠴᠡᠷᠢᠭ᠂ ᠥᠪᠡᠷ ᠦᠨ ᠠᠷᠠᠳ ᠲᠦᠮᠡᠨ ᠢᠰᠷᠧᠯᠴᠦᠳ ᠢ ᠶᠧᠵᠢᠫᠲ ᠨᠤᠲᠤᠭ ᠠᠴᠠ ᠭᠠᠷᠭᠠᠨ᠎ᠠ᠃ 5 ᠪᠢ ᠶᠧᠵᠢᠫᠲ ᠤᠷᠤᠭᠤ ᠮᠤᠲᠤᠷ ᠢᠶᠠᠨ ᠰᠤᠩ᠋ᠭᠠᠵᠤ᠂ ᠢᠰᠷᠧᠯᠴᠦᠳ ᠢ ᠲᠡᠨᠳᠡ ᠡᠴᠡ ᠭᠠᠷᠭᠠᠬᠤ ᠳᠤ᠂ ᠶᠧᠵᠢᠫᠲ᠋ᠴᠦᠳ ᠨᠠᠮᠠᠶᠢ ᠶᠣᠬᠣᠸᠠ ᠭᠡᠳᠡᠭ ᠢ ᠮᠡᠳᠡᠬᠦ ᠪᠣᠯᠣᠨ᠎ᠠ》 ᠭᠡᠪᠡ᠃ 6 ᠮᠣᠰᠧ᠂ ᠠᠷᠣᠨ ᠬᠣᠶᠠᠷ ᠶᠣᠬᠣᠸᠠ ᠶᠢᠨ ᠲᠤᠰᠢᠶᠠᠭᠰᠠᠨ ᠶᠣᠰᠣᠭᠠᠷ ᠶᠠᠭ ᠲᠡᠢᠨ ᠬᠦ ᠭᠦᠢᠴᠡᠳᠬᠡᠪᠡ᠃ 7 ᠲᠡᠳᠡ ᠹᠠᠷᠠᠣ᠋ ᠳᠤ ᠬᠡᠯᠡᠬᠦ ᠦᠶ᠎ᠡ ᠳᠦ ᠮᠣᠰᠧ ᠨᠠᠶᠠᠨ ᠨᠠᠰᠤᠲᠠᠢ᠂ ᠠᠷᠣᠨ ᠨᠠᠶᠠᠨ ᠭᠤᠷᠪᠠᠨ ᠨᠠᠰᠤᠲᠠᠢ ᠪᠠᠢᠯ᠎ᠠ᠃
ᠮᠣᠭᠠᠢ ᠪᠣᠯᠵᠤ ᠬᠤᠪᠢᠯᠤᠭᠰᠠᠨ ᠲᠠᠶᠠᠭ
8 ᠶᠣᠬᠣᠸᠠ ᠮᠣᠰᠧ᠂ ᠠᠷᠣᠨ ᠬᠣᠶᠠᠷ ᠲᠤ ᠠᠢᠯᠠᠳᠬᠤ ᠳᠠᠭᠠᠨ᠄ 9 《ᠹᠠᠷᠠᠣ᠋ ᠲᠠ ᠨᠠᠷ ᠠᠴᠠ ᠭᠠᠢᠬᠠᠮᠰᠢᠭ ᠦᠵᠡᠬᠦ ᠶᠢ ᠨᠡᠬᠡᠪᠡᠯ᠂ ᠴᠢ ᠠᠷᠣᠨ ᠳᠤ᠄ 〈ᠲᠠᠶᠠᠭ ᠢᠶᠠᠨ ᠠᠪᠴᠤ᠂ ᠹᠠᠷᠠᠣ᠋ ᠶᠢᠨ ᠡᠮᠦᠨ᠎ᠡ ᠬᠠᠶᠠ〉 ᠭᠡᠵᠦ ᠬᠡᠯᠡ᠂ ᠲᠡᠭᠡᠪᠡᠯ ᠲᠠᠶᠠᠭ ᠨᠢ ᠮᠣᠭᠠᠢ ᠪᠣᠯᠬᠤ ᠪᠣᠯᠣᠨ᠎ᠠ》 ᠭᠡᠵᠦ ᠠᠢᠯᠠᠳᠪᠠ᠃ 10 ᠮᠣᠰᠧ᠂ ᠠᠷᠣᠨ ᠬᠣᠶᠠᠷ ᠹᠠᠷᠠᠣ᠋ ᠤᠷᠤᠭᠤ ᠣᠴᠢᠵᠤ᠂ ᠶᠣᠬᠣᠸᠠ ᠶᠢᠨ ᠲᠤᠰᠢᠶᠠᠭᠰᠠᠨ ᠶᠣᠰᠣᠭᠠᠷ ᠲᠡᠢᠨ ᠬᠦ ᠦᠢᠯᠡᠳᠪᠡ᠃ ᠠᠷᠣᠨ ᠲᠠᠶᠠᠭ ᠢᠶᠠᠨ ᠹᠠᠷᠠᠣ᠋ ᠪᠣᠯᠣᠨ ᠵᠠᠷᠤᠴᠠ ᠨᠠᠷ ᠤᠨ ᠬᠢᠨᠢ ᠡᠮᠦᠨ᠎ᠡ ᠬᠠᠶᠠᠬᠤ ᠳᠤ᠂ ᠲᠡᠷᠡ ᠨᠢ ᠮᠣᠭᠠᠢ ᠪᠣᠯᠪᠠ᠃ 11 ᠹᠠᠷᠠᠣ᠋ ᠴᠤ ᠮᠡᠷᠭᠡᠳ ᠪᠠ ᠰᠢᠳᠢᠲᠡᠳ ᠢᠶᠡᠨ ᠳᠠᠭᠤᠳᠠᠭᠰᠠᠨ ᠳᠤ᠂ ᠶᠧᠵᠢᠫᠲ ᠤᠨ ᠲᠡᠳᠡᠭᠡᠷ ᠶᠢᠯᠸᠢᠴᠢᠨ ᠴᠤ ᠥᠪᠡᠷᠰᠡᠳ ᠦᠨ ᠤᠪᠠᠳᠢᠰ ᠢᠶᠠᠷ ᠢᠶᠠᠨ ᠠᠳᠠᠯᠢᠬᠠᠨ ᠦᠢᠯᠡᠳᠪᠡ᠃ 12 ᠲᠡᠳᠡ ᠨᠠᠷ ᠤᠨ ᠬᠥᠮᠦᠨ ᠪᠦᠷᠢ ᠲᠠᠶᠠᠭ ᠢᠶᠠᠨ ᠬᠠᠶᠠᠭᠰᠠᠨ ᠳᠤ᠂ ᠲᠠᠶᠠᠭ ᠤᠳ ᠨᠢ ᠮᠣᠭᠠᠢ ᠪᠣᠯᠪᠠ᠃ ᠬᠠᠷᠢᠨ ᠠᠷᠣᠨ ᠤ ᠲᠠᠶᠠᠭ ᠲᠡᠳᠡᠨ ᠦ ᠲᠠᠶᠠᠭ ᠤᠳ ᠢ ᠵᠠᠯᠭᠢᠭᠰᠠᠨ ᠪᠠᠢᠯ᠎ᠠ᠃ 13 ᠭᠡᠪᠡᠴᠦ ᠹᠠᠷᠠᠣ᠋ ᠶᠢᠨ ᠵᠢᠷᠦᠬᠡ ᠬᠠᠲᠠᠭᠤᠷᠠᠵᠤ᠂ ᠲᠡᠳᠡᠨ ᠦ ᠬᠢ ᠶᠢ ᠰᠣᠨᠣᠰᠣᠭᠰᠠᠨ ᠦᠭᠡᠢ᠃ ᠡᠨᠡ ᠨᠢ ᠶᠣᠬᠣᠸᠠ ᠶᠢᠨ ᠠᠢᠯᠠᠳᠤᠭᠰᠠᠨ ᠶᠣᠰᠣᠭᠠᠷ ᠪᠣᠯᠵᠠᠢ᠃
ᠴᠢᠰᠤᠨ ᠭᠠᠮᠰᠢᠭ (1)
14 ᠶᠣᠬᠣᠸᠠ ᠮᠣᠰᠧ ᠳᠤ᠄ 《ᠹᠠᠷᠠᠣ᠋ ᠶᠢᠨ ᠵᠢᠷᠦᠬᠡ ᠵᠥᠷᠢᠭᠦᠳ ᠪᠣᠯᠬᠣᠷ ᠲᠡᠷᠡ ᠠᠷᠠᠳ ᠲᠦᠮᠡᠨ ᠢ ᠶᠠᠪᠤᠭᠤᠯᠬᠤ ᠦᠭᠡᠢ ᠶᠤᠮ᠃ 15 ᠥᠷᠯᠥᠭᠡ ᠹᠠᠷᠠᠣ᠋ ᠤᠰᠤ ᠤᠷᠤᠭᠤ ᠣᠴᠢᠨ᠎ᠠ᠃ ᠴᠢ ᠲᠡᠨᠳᠡ ᠣᠴᠢᠵᠤ ᠮᠥᠷᠡᠨ ᠦ ᠬᠥᠪᠡᠭᠡᠨ ᠳᠡᠭᠡᠷ᠎ᠡ ᠬᠦᠯᠢᠶᠡᠵᠦ ᠪᠠᠢᠭᠠᠳ ᠲᠡᠭᠦᠨ ᠲᠡᠢ ᠠᠭᠤᠯᠵᠠᠭᠠᠷᠠᠢ᠃ ᠴᠢ ᠮᠣᠭᠠᠢ ᠪᠣᠯᠵᠤ ᠪᠠᠢᠭᠰᠠᠨ ᠲᠠᠶᠠᠭ ᠢ ᠭᠠᠷ ᠲᠠᠭᠠᠨ ᠪᠠᠷᠢᠵᠤ᠂ 16 ᠲᠡᠭᠦᠨ ᠳᠦ ᠢᠪᠷᠠᠢᠴᠤᠳ ᠤᠨ ᠪᠤᠷᠬᠠᠨ ᠶᠣᠬᠣᠸᠠ ᠨᠠᠮᠠᠶᠢ ᠴᠢᠮ᠎ᠠ ᠤᠷᠤᠭᠤ ᠢᠯᠡᠭᠡᠵᠦ᠄ 〈ᠮᠢᠨᠦ ᠠᠷᠠᠳ ᠲᠦᠮᠡᠨ ᠢ ᠶᠠᠪᠤᠭᠤᠯ᠃ ᠲᠡᠳᠡ ᠴᠥᠯ ᠳᠤ ᠨᠠᠳᠠ ᠳᠤ ᠮᠥᠷᠭᠥᠨ᠎ᠡ〉 ᠭᠡᠰᠡᠨ᠃ ᠬᠠᠷᠢᠨ ᠲᠠ ᠣᠳᠣ ᠪᠣᠯᠲᠠᠯ᠎ᠠ ᠰᠣᠨᠣᠰᠣᠭᠰᠠᠨ ᠦᠭᠡᠢ︕ 17 ᠡᠢᠮᠦ ᠡᠴᠡ ᠶᠣᠬᠣᠸᠠ ᠠᠢᠯᠠᠳᠴᠤ ᠪᠠᠢᠨ᠎ᠠ᠄ 〈ᠨᠠᠮᠠᠶᠢ ᠶᠣᠬᠣᠸᠠ ᠭᠡᠳᠡᠭ ᠢ ᠴᠢ ᠡᠭᠦᠨ ᠢᠶᠡᠷ ᠮᠡᠳᠡᠬᠦ ᠪᠣᠯᠣᠨ᠎ᠠ〉᠂ ᠬᠠᠷ᠎ᠠ︕ ᠪᠢ ᠭᠠᠷ ᠲᠠᠭᠠᠨ ᠪᠠᠢᠭ᠎ᠠ ᠲᠠᠶᠠᠭ ᠢᠶᠠᠷ ᠢᠶᠠᠨ ᠮᠥᠷᠡᠨ ᠦ ᠤᠰᠤ ᠶᠢ ᠴᠣᠬᠢᠶ᠎ᠠ᠂ ᠤᠰᠤ ᠴᠢᠰᠤ ᠪᠣᠯᠵᠤ ᠬᠤᠪᠢᠷᠠᠨ᠎ᠠ︕ 18 ᠮᠥᠷᠡᠨ ᠦ ᠵᠢᠭᠠᠰᠤ ᠦᠬᠦᠵᠦ᠂ ᠮᠥᠷᠡᠨ ᠥᠮᠡᠬᠡᠢᠷᠡᠵᠦ᠂ ᠶᠧᠵᠢᠫᠲ᠋ᠴᠦᠳ ᠮᠥᠷᠡᠨ ᠡᠴᠡ ᠤᠰᠤ ᠤᠤᠭᠤᠵᠤ ᠴᠢᠳᠠᠬᠤ ᠦᠭᠡᠢ ᠪᠣᠯᠣᠨ᠎ᠠ ᠭᠡᠵᠦ ᠬᠡᠯᠡ》 ᠭᠡᠵᠦ ᠠᠢᠯᠠᠳᠤᠭᠰᠠᠨ ᠪᠠᠢᠯ᠎ᠠ᠃ 19 ᠶᠣᠬᠣᠸᠠ ᠳᠠᠬᠢᠨ ᠮᠣᠰᠧ ᠳᠤ᠄ 《ᠴᠢ ᠠᠷᠣᠨ ᠳᠤ᠄ 〈ᠲᠠᠶᠠᠭ ᠢᠶᠠᠨ ᠠᠪᠴᠤ᠂ ᠭᠠᠷ ᠢᠶᠠᠨ ᠶᠧᠵᠢᠫᠲ ᠤᠨ ᠤᠰᠤᠨ ᠳᠡᠭᠡᠭᠦᠷ — ᠭᠣᠣᠯ ᠮᠥᠷᠡᠨ᠂ ᠭᠣᠷᠣᠬ᠎ᠠ᠂ ᠴᠥᠭᠥᠷᠥᠮ᠂ ᠪᠦᠬᠦ ᠤᠰᠤᠨ ᠰᠠᠩ ᠳᠡᠭᠡᠭᠦᠷ ᠨᠢ ᠰᠤᠩ᠋ᠭ᠎ᠠ〉 ᠭᠡᠵᠦ ᠬᠡᠯᠡᠭᠡᠷᠡᠢ᠃ ᠲᠡᠭᠡᠪᠡᠯ ᠲᠡᠳᠡᠭᠡᠷ ᠨᠢ ᠴᠢᠰᠤ ᠪᠣᠯᠵᠤ ᠬᠤᠪᠢᠷᠠᠬᠤ ᠪᠣᠯᠣᠨ᠎ᠠ᠃ ᠶᠧᠵᠢᠫᠲ ᠤᠨ ᠨᠤᠲᠤᠭ ᠳᠠᠶᠠᠭᠠᠷ ᠮᠣᠳᠣᠨ ᠰᠠᠪᠠᠨ ᠳᠤ ᠴᠤ᠂ ᠴᠢᠯᠠᠭᠤᠨ ᠰᠠᠪᠠᠨ ᠳᠤ ᠴᠤ ᠴᠢᠰᠤ ᠪᠠᠢᠬᠤ ᠪᠣᠯᠣᠨ᠎ᠠ》 ᠭᠡᠵᠦ ᠠᠢᠯᠠᠳᠪᠠ᠃
20 ᠮᠣᠰᠧ᠂ ᠠᠷᠣᠨ ᠬᠣᠶᠠᠷ ᠶᠣᠬᠣᠸᠠ ᠶᠢᠨ ᠲᠤᠰᠢᠶᠠᠭᠰᠠᠨ ᠶᠣᠰᠣᠭᠠᠷ ᠶᠠᠭ ᠲᠡᠢᠨ ᠬᠦ ᠦᠢᠯᠡᠳᠴᠦ᠂ ᠠᠷᠣᠨ ᠲᠠᠶᠠᠭ ᠢ ᠡᠷᠭᠦᠨ ᠹᠠᠷᠠᠣ᠋ ᠪᠣᠯᠣᠨ ᠵᠠᠷᠤᠴᠠ ᠨᠠᠷ ᠤᠨ ᠬᠢᠨᠢ ᠨᠢᠳᠦᠨ ᠦ ᠡᠮᠦᠨ᠎ᠡ ᠮᠥᠷᠡᠨ ᠦ ᠤᠰᠤ ᠶᠢ ᠴᠣᠬᠢᠭᠰᠠᠨ ᠳᠤ᠂ ᠮᠥᠷᠡᠨ ᠦ ᠪᠦᠬᠦ ᠤᠰᠤ ᠴᠢᠰᠤ ᠪᠣᠯᠵᠤ ᠬᠤᠪᠢᠷᠠᠪᠠ᠃ 21 ᠮᠥᠷᠡᠨ ᠦ ᠵᠢᠭᠠᠰᠤ ᠦᠬᠦᠵᠦ᠂ ᠮᠥᠷᠡᠨ ᠥᠮᠡᠬᠡᠢᠷᠡᠭᠰᠡᠨ ᠳᠦ᠂ ᠶᠧᠵᠢᠫᠲ᠋ᠴᠦᠳ ᠮᠥᠷᠡᠨ ᠦ ᠤᠰᠤᠨ ᠠᠴᠠ ᠤᠤᠭᠤᠵᠤ ᠴᠢᠳᠠᠬᠤ ᠦᠭᠡᠢ ᠪᠣᠯᠣᠯ᠎ᠠ᠃ ᠶᠧᠵᠢᠫᠲ ᠤᠨ ᠪᠦᠬᠦ ᠭᠠᠵᠠᠷ ᠲᠤ ᠴᠢᠰᠤ ᠪᠠᠢᠪᠠ᠃ 22 ᠬᠠᠷᠢᠨ ᠶᠧᠵᠢᠫᠲ ᠤᠨ ᠶᠢᠯᠸᠢᠴᠢᠳ ᠴᠤ ᠤᠪᠠᠳᠢᠰ ᠢᠶᠠᠷ ᠢᠶᠠᠨ ᠲᠡᠢᠨ ᠬᠦ ᠦᠢᠯᠡᠳᠦᠭᠰᠡᠨ ᠳᠦ᠂ ᠹᠠᠷᠠᠣ᠋ ᠶᠢᠨ ᠵᠢᠷᠦᠬᠡ ᠬᠠᠲᠠᠭᠤᠷᠠᠵᠤ ᠲᠡᠳᠡᠨ ᠦ ᠬᠢ ᠶᠢ ᠰᠣᠨᠣᠰᠣᠭᠰᠠᠨ ᠦᠭᠡᠢ᠃ ᠡᠨᠡ ᠨᠢ ᠶᠣᠬᠣᠸᠠ ᠶᠢᠨ ᠠᠢᠯᠠᠳᠤᠭᠰᠠᠨ ᠶᠣᠰᠣᠭᠠᠷ ᠪᠣᠯᠵᠠᠢ᠃ 23 ᠹᠠᠷᠠᠣ᠋ ᠡᠷᠭᠢᠵᠦ ᠣᠷᠳᠣᠨ ᠳᠠᠭᠠᠨ ᠬᠠᠷᠢᠪᠠ᠃ ᠲᠡᠷᠡ ᠡᠨᠡ ᠶᠠᠪᠤᠳᠠᠯ ᠳᠤ ᠴᠤ ᠰᠠᠨᠠᠭ᠎ᠠ ᠲᠠᠯᠪᠢᠭᠰᠠᠨ ᠦᠭᠡᠢ᠃ 24 ᠮᠥᠷᠡᠨ ᠦ ᠤᠰᠤᠨ ᠠᠴᠠ ᠤᠤᠭᠤᠵᠤ ᠴᠢᠳᠠᠬᠤ ᠦᠭᠡᠢ ᠪᠣᠯᠬᠣᠷ ᠶᠧᠵᠢᠫᠲ᠋ᠴᠦᠳ ᠪᠦᠭᠦᠳᠡᠭᠡᠷ ᠤᠤᠭᠤᠬᠤ ᠤᠰᠤ ᠣᠯᠬᠤ ᠶᠢᠨ ᠲᠤᠯᠠᠳᠠ ᠮᠥᠷᠡᠨ ᠦ ᠡᠷᠭᠢᠨ ᠲᠣᠭᠣᠷᠢᠨ ᠳᠤ ᠭᠠᠵᠠᠷ ᠤᠬᠤᠪᠠ᠃ 25 ᠶᠣᠬᠣᠸᠠ ᠮᠥᠷᠡᠨ ᠢ ᠴᠣᠬᠢᠭᠰᠠᠨ ᠠᠴᠠ ᠬᠣᠢᠰᠢ ᠳᠣᠯᠣᠭᠠᠨ ᠬᠣᠨᠣᠭ ᠥᠩᠭᠡᠷᠡᠵᠡᠢ᠃