ᠭᠡᠲᠦᠯᠦᠯ ᠬᠣᠷᠢᠨ ᠭᠤᠷᠪᠠ
ᠭᠣᠣᠯᠴᠢ ᠰᠢᠳᠤᠷᠭᠤ ᠶᠢᠨ ᠲᠤᠬᠠᠢ
1 ᠴᠢ ᠴᠤᠤ ᠶᠠᠷᠢᠶ᠎ᠠ ᠪᠦᠦ ᠲᠠᠷᠬᠠᠭ᠎ᠠ᠂ ᠬᠣᠷᠣᠨ ᠮᠠᠭᠤ ᠭᠡᠷᠡᠴᠢ ᠪᠣᠯᠬᠤ ᠭᠡᠵᠦ ᠪᠤᠷᠤᠭᠤᠲᠠᠨ ᠲᠠᠢ ᠭᠠᠷ ᠪᠦᠦ ᠪᠠᠷᠢ᠃ 2 ᠮᠠᠭᠤ ᠶᠢᠨ ᠲᠥᠯᠥᠭᠡ ᠣᠯᠠᠨ ᠢ ᠪᠦᠦ ᠳᠠᠭ᠎ᠠ᠂ ᠰᠢᠭᠦᠯᠲᠡ ᠳᠡᠭᠡᠷ᠎ᠡ ᠬᠢᠯᠢᠰᠳᠡᠭᠦᠯᠵᠦ ᠪᠤᠢ ᠣᠯᠠᠨ ᠢ ᠪᠦᠦ ᠳᠠᠭ᠎ᠠ᠂ ᠬᠢᠯᠢᠰᠳᠡᠭᠦᠯᠬᠦ ᠭᠡᠷᠡᠴᠢ ᠪᠦᠦ ᠬᠢ᠃ 3 ᠰᠢᠭᠦᠬᠦ ᠳᠡᠭᠡᠷ᠎ᠡ ᠶᠠᠳᠠᠭᠤ ᠬᠥᠮᠦᠨ ᠢ ᠴᠤ ᠪᠦᠦ ᠠᠯᠠᠭᠴᠢᠯᠠ᠃
4 ᠬᠡᠷᠪᠡ ᠴᠢ ᠳᠠᠢᠰᠤᠨ ᠤ ᠪᠠᠨ ᠲᠥᠭᠡᠷᠢᠭᠰᠡᠨ ᠦᠬᠡᠷ᠂ ᠡᠯᠵᠢᠭᠡ ᠲᠠᠢ ᠲᠠᠭᠠᠷᠠᠯᠳᠤᠪᠠᠯ᠂ ᠲᠡᠭᠦᠨ ᠢ ᠵᠠᠪᠠᠯ ᠡᠵᠡᠨ ᠳᠦᠨᠢ ᠪᠤᠴᠠᠭ᠎ᠠ᠃
5 ᠴᠢᠮᠠᠶᠢ ᠵᠠᠨᠤᠳᠠᠭ ᠬᠥᠮᠦᠨ ᠦ ᠡᠯᠵᠢᠭᠡ ᠠᠴᠢᠶᠠᠨ ᠳᠠᠭᠠᠨ ᠳᠠᠷᠤᠭᠳᠠᠨ ᠬᠡᠪᠲᠡᠵᠦ ᠪᠠᠢᠬᠤ ᠶᠢ ᠬᠠᠷᠠᠪᠠᠯ᠂ ᠴᠢ ᠵᠣᠭᠰᠣᠬᠤ ᠦᠭᠡᠢ ᠪᠠᠷ ᠥᠩᠭᠡᠷᠡᠵᠦ ᠪᠣᠯᠬᠤ ᠦᠭᠡᠢ᠃ ᠵᠠᠪᠠᠯ ᠲᠡᠭᠦᠨ ᠲᠡᠢ ᠬᠠᠮᠲᠤ ᠡᠯᠵᠢᠭᠡ ᠶᠢ ᠨᠢ ᠡᠷᠭᠦᠵᠦ ᠪᠣᠰᠬ᠎ᠠ᠃
6 ᠰᠢᠭᠦᠯᠲᠡ ᠳᠡᠭᠡᠷ᠎ᠡ ᠶᠠᠳᠠᠭᠤ ᠬᠥᠮᠦᠨ ᠦ ᠪᠠᠨ ᠭᠣᠮᠣᠳᠠᠯ ᠢ ᠪᠦᠦ ᠣᠭᠣᠷ᠃ 7 ᠬᠤᠳᠠᠯ ᠵᠠᠷᠭᠤ ᠠᠴᠠ ᠬᠣᠯᠠ ᠪᠠᠢᠵᠤ᠂ ᠭᠡᠮ ᠦᠭᠡᠢ᠂ ᠵᠥᠪᠲᠦ ᠬᠥᠮᠦᠨ ᠢ ᠪᠦᠦ ᠠᠯᠠ᠂ ᠪᠤᠷᠤᠭᠤᠲᠠᠨ ᠢ ᠪᠢ ᠵᠥᠪᠲᠥᠭᠡᠨ ᠴᠠᠭᠠᠳᠬᠠᠬᠤ ᠦᠭᠡᠢ᠃ 8 ᠴᠢ ᠬᠠᠬᠤᠤᠯᠢ ᠪᠦᠦ ᠠᠪ᠂ ᠬᠠᠬᠤᠤᠯᠢ ᠨᠢ ᠬᠠᠷᠠᠭ᠎ᠠ ᠰᠠᠢᠲᠠᠢ ᠬᠥᠮᠦᠨ ᠢ ᠰᠣᠬᠣᠯᠠᠵᠤ᠂ ᠵᠥᠪ ᠰᠢᠳᠤᠷᠭᠤ ᠬᠥᠮᠦᠨ ᠦ ᠦᠭᠡ ᠶᠢ ᠭᠤᠢᠪᠢᠭᠤᠯᠳᠠᠭ᠃
9 ᠴᠢ ᠬᠠᠷᠢ ᠬᠥᠮᠦᠨ ᠢ ᠪᠦᠦ ᠳᠠᠷᠤᠯ᠎ᠠ᠃ ᠲᠠ ᠨᠠᠷ ᠶᠧᠵᠢᠫᠲ ᠨᠤᠲᠤᠭ ᠲᠤ ᠬᠠᠷᠢ ᠶᠢᠨ ᠬᠥᠮᠦᠰ ᠪᠠᠢᠭᠰᠠᠨ ᠤᠴᠢᠷ ᠠᠴᠠ ᠥᠪᠡᠷᠰᠡᠳ ᠢᠶᠡᠨ ᠬᠠᠷᠢ ᠬᠥᠮᠦᠨ ᠦ ᠰᠡᠳᠬᠢᠯ ᠢ ᠮᠡᠳᠡᠳᠡᠭ᠃
ᠠᠮᠠᠷᠠᠯ ᠤᠨ ᠡᠳᠦᠷ ᠦᠨ ᠵᠢᠷᠤᠮ
10 ᠴᠢ ᠵᠢᠷᠭᠤᠭᠠᠨ ᠵᠢᠯ ᠭᠠᠵᠠᠷ ᠲᠠᠭᠠᠨ ᠲᠠᠷᠢᠶᠠᠯᠠᠵᠤ᠂ ᠤᠷᠭᠤᠴᠠ ᠶᠢ ᠨᠢ ᠬᠤᠷᠢᠶ᠎ᠠ᠂ 11 ᠲᠡᠭᠡᠭᠡᠳ ᠳᠣᠯᠣᠳᠠᠬᠢ ᠵᠢᠯ ᠳᠤ ᠭᠠᠵᠠᠷ ᠢ ᠬᠠᠭᠠᠯᠤᠯ ᠦᠭᠡᠢ ᠠᠮᠠᠷᠠᠭ᠎ᠠ᠃ ᠡᠭᠦᠨ ᠡᠴᠡ ᠠᠷᠠᠳ ᠲᠦᠮᠡᠨ ᠦ ᠴᠢᠨᠢ ᠳᠤᠮᠳᠠᠬᠢ ᠶᠠᠳᠠᠭᠤᠰ ᠬᠣᠭᠣᠯᠠᠯᠠᠭ᠂ ᠲᠡᠳᠡᠨ ᠦ ᠦᠯᠡᠳᠡᠭᠡᠭᠰᠡᠨ ᠢ ᠨᠢ ᠬᠡᠭᠡᠷ᠎ᠡ ᠶᠢᠨ ᠠᠮᠢᠲᠠᠳ ᠢᠳᠡᠭ᠃ ᠦᠵᠦᠮ ᠦᠨ ᠬᠦᠷᠢᠶᠡᠯᠡᠩ ᠳᠡᠭᠡᠨ ᠴᠤ᠂ ᠴᠢᠳᠦᠨ ᠦ ᠬᠦᠷᠢᠶᠡᠯᠡᠩ ᠳᠡᠭᠡᠨ ᠴᠤ ᠡᠢᠨ ᠬᠦ ᠦᠢᠯᠡᠳᠦᠭᠡᠷᠡᠢ᠃
12 ᠴᠢ ᠵᠢᠷᠭᠤᠭᠠᠨ ᠡᠳᠦᠷ ᠠᠵᠢᠯ ᠢᠶᠠᠨ ᠬᠢᠵᠦ᠂ ᠳᠣᠯᠣᠳᠠᠬᠢ ᠡᠳᠦᠷ ᠲᠦ ᠠᠵᠢᠯ ᠢᠶᠠᠨ ᠵᠣᠭᠰᠣᠭ᠎ᠠ᠃ ᠲᠡᠭᠡᠪᠡᠯ ᠴᠢᠨᠦ ᠦᠬᠡᠷ᠂ ᠡᠯᠵᠢᠭᠡ ᠴᠤ ᠠᠮᠠᠷᠠᠨ᠎ᠠ᠂ ᠴᠢᠨᠦ ᠰᠢᠪᠡᠭᠴᠢᠨ ᠤ ᠬᠦᠦ᠂ ᠮᠥᠨ ᠬᠠᠷᠢ ᠶᠢᠨ ᠬᠥᠮᠦᠨ ᠴᠤ ᠰᠡᠷᠭᠦᠨ᠎ᠡ᠃ 13 ᠲᠠ ᠨᠠᠷ ᠵᠠᠬᠢᠭᠰᠠᠨ ᠪᠦᠬᠦᠨ ᠢ ᠮᠢᠨᠢ ᠠᠩ᠋ᠬᠠᠷᠴᠤ᠂ ᠥᠭᠡᠷ᠎ᠡ ᠪᠤᠷᠬᠠᠳ ᠤᠨ ᠨᠡᠷ᠎ᠡ ᠶᠢ ᠪᠦᠦ ᠳᠤᠷᠠᠳ᠂ ᠠᠮᠠᠨ ᠠᠴᠠ ᠪᠠᠨ ᠴᠤ ᠪᠦᠦ ᠭᠠᠷᠭ᠎ᠠ᠃
ᠵᠢᠯ ᠤᠨ ᠭᠤᠷᠪᠠᠨ ᠪᠠᠶᠠᠷ
14 ᠵᠢᠯ ᠪᠦᠷᠢ ᠴᠢ ᠭᠤᠷᠪᠠ ᠤᠳᠠᠭ᠎ᠠ ᠨᠠᠳᠠ ᠳᠤ ᠵᠣᠷᠢᠭᠤᠯᠤᠭᠰᠠᠨ ᠪᠠᠶᠠᠷ ᠢ ᠲᠡᠮᠳᠡᠭᠯᠡᠭᠡᠷᠡᠢ᠃ 15 ᠴᠢ ᠢᠰᠭᠡᠭᠡ ᠦᠭᠡᠢ ᠪᠣᠣᠪᠣ ᠶᠢᠨ ᠪᠠᠶᠠᠷ ᠢ ᠰᠠᠬᠢ᠃ ᠠᠪᠢᠪ 22 ᠰᠠᠷ᠎ᠠ ᠶᠢᠨ ᠲᠣᠪᠯᠠᠭᠰᠠᠨ ᠦᠶ᠎ᠡ ᠳᠦ ᠴᠢ ᠲᠤᠰᠢᠶᠠᠭᠰᠠᠨ ᠶᠣᠰᠣᠭᠠᠷ ᠮᠢᠨᠢ ᠳᠣᠯᠣᠭ᠎ᠠ ᠬᠣᠨᠣᠭ ᠤᠨ ᠲᠤᠷᠰᠢ ᠢᠰᠭᠡᠭᠡ ᠦᠭᠡᠢ ᠪᠣᠣᠪᠣ ᠢᠳᠡᠬᠦ ᠶᠣᠰᠣᠲᠠᠢ᠃ ᠲᠡᠷᠡ ᠰᠠᠷ᠎ᠠ ᠳᠤ ᠴᠢ ᠶᠧᠵᠢᠫᠲ ᠡᠴᠡ ᠭᠠᠷᠤᠭᠰᠠᠨ᠃ ᠬᠡᠨ ᠴᠤ ᠮᠢᠨᠦ ᠡᠮᠦᠨ᠎ᠡ ᠭᠠᠷ ᠬᠣᠭᠣᠰᠣᠨ ᠦᠵᠡᠭᠳᠡᠵᠦ ᠪᠣᠯᠬᠤ ᠦᠭᠡᠢ᠃
16 ᠪᠠᠰᠠ ᠴᠢ ᠲᠠᠯᠠᠪᠠᠢ ᠳᠤ ᠲᠠᠷᠢᠭᠰᠠᠨ ᠬᠥᠳᠡᠯᠮᠦᠷᠢ ᠶᠢᠨ ᠢᠶᠠᠨ ᠠᠩ᠋ᠬᠠᠨ ᠤ ᠦᠷ᠎ᠡ ᠵᠢᠮᠢᠰ ᠢᠶᠠᠷ ᠤᠷᠭᠤᠴᠠ ᠶᠢᠨ ᠪᠠᠶᠠᠷ ᠢ᠂ ᠮᠥᠨ ᠬᠥᠳᠡᠯᠮᠦᠷᠢ ᠶᠢᠨ ᠢᠶᠠᠨ ᠦᠷ᠎ᠡ ᠵᠢᠮᠢᠰ ᠢ ᠲᠠᠯᠠᠪᠠᠢ ᠠᠴᠠ ᠬᠤᠷᠢᠶᠠᠳᠠᠭ ᠵᠢᠯ ᠤᠨ ᠡᠴᠦᠰ ᠦᠨ ᠴᠠᠭ ᠢᠶᠠᠷ ᠤᠷᠭᠤᠴᠠ ᠬᠤᠷᠢᠶᠠᠯᠲᠠ ᠶᠢᠨ ᠪᠠᠶᠠᠷ ᠢ ᠲᠡᠮᠳᠡᠭᠯᠡᠭᠡᠷᠡᠢ᠃ 17 ᠲᠠᠨ ᠤ ᠡᠷᠡᠴᠦᠳ ᠪᠦᠭᠦᠳᠡ ᠵᠢᠯ ᠳᠤ ᠭᠤᠷᠪᠠᠨ ᠤᠳᠠᠭ᠎ᠠ ᠡᠵᠡᠨ ᠶᠣᠬᠣᠸᠠ ᠶᠢᠨ ᠡᠮᠦᠨ᠎ᠡ ᠦᠵᠡᠭᠳᠡᠬᠦ ᠤᠴᠢᠷᠲᠠᠢ᠃
18 ᠴᠢ ᠲᠠᠬᠢᠯ ᠤᠨ ᠴᠢᠰᠤ ᠶᠢ ᠨᠠᠳᠠ ᠳᠤ ᠢᠰᠭᠡᠭᠰᠡᠨ ᠵᠦᠢᠯᠡᠰ ᠲᠡᠢ ᠬᠠᠮᠲᠤ ᠡᠷᠭᠦᠵᠦ ᠪᠣᠯᠬᠤ ᠦᠭᠡᠢ᠂ ᠪᠠᠰᠠ ᠮᠢᠨᠦ ᠪᠠᠶᠠᠷ ᠤᠨ ᠥᠭᠡᠬᠦ ᠶᠢ ᠥᠷᠯᠥᠭᠡ ᠪᠣᠯᠲᠠᠯ᠎ᠠ ᠪᠦᠦ ᠦᠯᠡᠳᠡᠭᠡ᠃
19 ᠴᠢ ᠶᠣᠬᠣᠸᠠ ᠪᠤᠷᠬᠠᠨ ᠤ ᠪᠠᠨ ᠥᠷᠭᠥᠭᠡᠨ ᠳᠦ ᠭᠠᠵᠠᠷ ᠤᠨ ᠢᠶᠠᠨ ᠠᠩ᠋ᠬᠠᠨ ᠤ ᠦᠷ᠎ᠡ ᠵᠢᠮᠢᠰ ᠤᠨ ᠳᠡᠭᠡᠵᠢ ᠶᠢ ᠠᠪᠴᠢᠷᠠ᠃ ᠴᠢ ᠢᠰᠢᠭᠡ ᠶᠢ ᠡᠬᠡ ᠶᠢᠨ ᠬᠢᠨᠢ ᠰᠦ᠋ ᠳᠤ ᠪᠦᠦ ᠴᠢᠨᠠ᠃
ᠲᠩᠷᠢ ᠡᠯᠴᠢ ᠵᠠᠮ ᠪᠡᠯᠡᠳᠬᠡᠨ᠎ᠡ
20 ᠬᠠᠷ᠎ᠠ᠂ ᠪᠢ ᠥᠪᠡᠷ ᠢᠶᠡᠨ ᠨᠢᠭᠡ ᠲᠩᠷᠢ ᠡᠯᠴᠢ ᠶᠢ ᠴᠢᠨᠦ ᠡᠮᠦᠨ᠎ᠡ ᠶᠠᠪᠤᠭᠤᠯᠬᠤ ᠭᠡᠵᠦ ᠪᠠᠢᠨ᠎ᠠ︕ ᠲᠡᠷᠡ ᠴᠢᠮᠠᠶᠢ ᠵᠠᠮ ᠳᠤ ᠬᠠᠮᠠᠭᠠᠯᠠᠵᠤ᠂ ᠮᠢᠨᠦ ᠪᠡᠯᠡᠳᠬᠡᠭᠰᠡᠨ ᠭᠠᠵᠠᠷ ᠲᠤ ᠠᠪᠠᠴᠢᠬᠤ ᠪᠣᠯᠣᠨ᠎ᠠ᠃ 21 ᠲᠡᠭᠦᠨ ᠦ ᠡᠮᠦᠨ᠎ᠡ ᠴᠢ ᠠᠩ᠋ᠬᠠᠷᠤᠯ ᠲᠠᠯᠪᠢ᠂ ᠳᠠᠭᠤ ᠬᠣᠭᠣᠯᠠᠢ ᠶᠢ ᠨᠢ ᠳᠤᠭᠤᠯᠭᠠᠪᠤᠷᠢᠲᠠᠢ ᠳᠠᠭ᠎ᠠ᠂ ᠲᠡᠭᠦᠨ ᠢ ᠪᠦᠦ ᠡᠰᠡᠷᠭᠦᠴᠡ᠃ ᠲᠠ ᠨᠠᠷ ᠤᠨ ᠭᠠᠵᠢ ᠪᠤᠷᠤᠭᠤ ᠶᠢ ᠲᠡᠷᠡ ᠥᠷᠥᠰᠢᠶᠡᠬᠦ ᠦᠭᠡᠢ᠂ ᠤᠴᠢᠷ ᠨᠢ ᠲᠡᠭᠦᠨ ᠦ ᠳᠣᠲᠣᠷ᠎ᠠ ᠮᠢᠨᠦ ᠨᠡᠷ᠎ᠡ ᠪᠤᠢ᠃
22 ᠬᠠᠷᠢᠨ ᠴᠢ ᠲᠡᠭᠦᠨ ᠦ ᠳᠠᠭᠤ ᠬᠣᠭᠣᠯᠠᠢ ᠶᠢ ᠦᠨᠡᠬᠡᠷ ᠳᠤᠭᠤᠯᠭᠠᠪᠤᠷᠢᠲᠠᠢ ᠳᠠᠭᠠᠵᠤ᠂ ᠮᠢᠨᠦ ᠵᠠᠬᠢᠭᠰᠠᠨ ᠪᠦᠬᠦᠨ ᠢ ᠦᠢᠯᠡᠳᠪᠡᠯ᠂ ᠪᠢ ᠳᠠᠢᠰᠤᠨ ᠳᠤ ᠴᠢᠨᠢ ᠳᠠᠢᠰᠤᠨ᠂ ᠥᠰᠲᠡᠨ ᠳᠦ ᠴᠢᠨᠢ ᠥᠰᠲᠡᠨ ᠪᠣᠯᠣᠨ᠎ᠠ᠃
23 ᠮᠢᠨᠦ ᠲᠩᠷᠢ ᠡᠯᠴᠢ ᠴᠢᠨᠦ ᠡᠮᠦᠨ᠎ᠡ ᠶᠠᠪᠤᠵᠤ᠂ ᠴᠢᠮᠠᠶᠢ ᠠᠮᠣᠷᠢᠴᠤᠳ᠂ ᠾᠢᠲ᠋ᠴᠦᠳ᠂ ᠫᠧᠷᠢᠽᠴᠦᠳ᠂ ᠺᠠᠨᠠᠨᠴᠤᠳ᠂ ᠾᠢᠸᠢᠴᠦᠳ᠂ ᠶᠧᠪᠦ᠋ᠰᠴᠦᠳ ᠦᠨ ᠨᠤᠲᠤᠭ ᠲᠤ ᠠᠪᠠᠴᠢᠬᠤ ᠪᠥᠭᠡᠳ ᠪᠢ ᠲᠡᠳᠡᠨ ᠢ ᠤᠰᠠᠳᠬᠠᠬᠤ ᠪᠣᠯᠣᠨ᠎ᠠ᠃ 24 ᠴᠢ ᠲᠡᠳᠡᠨ ᠦ ᠪᠤᠷᠬᠠᠳ ᠲᠤ ᠪᠦᠦ ᠮᠥᠷᠭᠥ᠂ ᠪᠦᠦ ᠦᠢᠯᠡᠴᠢᠯᠡ᠂ ᠲᠡᠳᠡᠨ ᠦ ᠦᠢᠯᠡ ᠶᠠᠪᠤᠳᠠᠯ ᠢ ᠪᠦᠦ ᠳᠠᠭ᠎ᠠ᠃ ᠬᠠᠷᠢᠨ ᠲᠡᠳᠡᠭᠡᠷ ᠢ ᠪᠦᠷᠢᠮᠦᠰᠦᠨ ᠨᠤᠷᠠᠭᠠᠵᠤ᠂ ᠲᠡᠳᠡᠨ ᠦ ᠴᠢᠯᠠᠭᠤᠨ ᠪᠠᠭᠠᠨ᠎ᠠ ᠨᠤᠭᠤᠳ ᠢ ᠪᠤᠲᠠᠯᠤᠨ ᠬᠡᠮᠬᠡᠯᠡᠭᠡᠷᠡᠢ᠃ 25 ᠲᠠ ᠨᠠᠷ ᠶᠣᠬᠣᠸᠠ ᠪᠤᠷᠬᠠᠨ ᠳᠠᠭᠠᠨ ᠦᠢᠯᠡᠴᠢᠯᠡ᠃ ᠲᠡᠭᠡᠪᠡᠯ ᠪᠢ ᠬᠣᠭᠣᠯᠠ ᠤᠮᠳᠠ ᠶᠢ ᠴᠢᠨᠢ ᠢᠪᠡᠭᠡᠨ᠎ᠡ᠂ ᠳᠤᠮᠳᠠ ᠠᠴᠠ ᠴᠢᠨᠢ ᠡᠪᠡᠳᠴᠢᠨ ᠡᠮᠭᠡᠭ ᠢ ᠵᠠᠢᠯᠠᠭᠤᠯᠤᠨ᠎ᠠ᠂ 26 ᠴᠢᠨᠦ ᠨᠤᠲᠤᠭ ᠲᠤ ᠤᠷᠤᠭ ᠤᠨᠠᠭᠠᠯᠲᠠ ᠴᠤ᠂ ᠬᠡᠭᠦᠰᠡᠷ ᠡᠮ᠎ᠡ ᠴᠤ ᠪᠠᠢᠬᠤ ᠦᠭᠡᠢ ᠪᠣᠯᠣᠨ᠎ᠠ᠂ ᠪᠢ ᠠᠮᠢᠳᠤᠷᠠᠬᠤ ᠵᠢᠯ ᠤᠨ ᠴᠢᠨᠢ ᠲᠣᠭ᠎ᠠ ᠶᠢ ᠭᠦᠢᠴᠡᠭᠡᠨ᠎ᠡ᠃ 27 ᠪᠢ ᠴᠢᠨᠦ ᠡᠮᠦᠨ᠎ᠡ ᠠᠶᠤᠮᠰᠢᠭᠲᠤ ᠠᠶᠤᠯ ᠢᠶᠠᠨ ᠶᠠᠪᠤᠭᠤᠯᠵᠤ᠂ ᠴᠢᠨᠦ ᠣᠴᠢᠬᠤ ᠭᠠᠵᠠᠷ ᠤᠨ ᠪᠦᠬᠦ ᠠᠷᠠᠳ ᠲᠦᠮᠡᠨ ᠢ ᠰᠠᠮᠠᠭᠤᠷᠠᠭᠤᠯᠤᠨ ᠬᠠᠮᠤᠭ ᠳᠠᠢᠰᠤᠨ ᠤ ᠴᠢᠨᠢ ᠨᠢᠷᠤᠭᠤ ᠶᠢ ᠴᠢᠮ᠎ᠠ ᠳᠤ ᠬᠠᠷᠠᠭᠤᠯᠬᠤ ᠪᠣᠯᠣᠨ᠎ᠠ᠃ 28 ᠴᠢᠨᠦ ᠡᠮᠦᠨ᠎ᠡ ᠪᠢ ᠬᠡᠳᠡᠭᠡᠨ᠎ᠡ ᠶᠠᠪᠤᠭᠤᠯᠵᠤ᠂ ᠲᠡᠷᠡ ᠪᠡᠷ ᠾᠢᠸᠢᠴᠦᠳ᠂ ᠺᠠᠨᠠᠨᠴᠤᠳ ᠪᠣᠯᠣᠨ ᠾᠢᠲ᠋ᠴᠦᠳ ᠢ ᠴᠢᠨᠦ ᠡᠮᠦᠨ᠎ᠡ ᠡᠴᠡ ᠵᠠᠢᠯᠠᠭᠤᠯᠤᠨ᠎ᠠ᠃ 29 ᠭᠡᠪᠡᠴᠦ ᠲᠡᠳᠡᠨ ᠢ ᠪᠢ ᠨᠢᠭᠡ ᠵᠢᠯ ᠤᠨ ᠳᠣᠲᠣᠷ᠎ᠠ ᠵᠠᠢᠯᠠᠭᠤᠯᠬᠤ ᠪᠢᠰᠢ᠂ ᠤᠴᠢᠷ ᠨᠢ ᠭᠠᠵᠠᠷ ᠨᠤᠲᠤᠭ ᠡᠵᠡᠭᠦᠢᠷᠡᠵᠦ᠂ ᠴᠢᠮᠠᠶᠢ ᠬᠣᠬᠢᠷᠠᠭᠠᠬᠤ ᠬᠡᠭᠡᠷ᠎ᠡ ᠶᠢᠨ ᠠᠷᠢᠶᠠᠲᠠᠨ ᠨᠤᠭᠤᠳ ᠣᠯᠠᠰᠢᠷᠠᠵᠤ ᠮᠠᠭᠠᠳ ᠦᠭᠡᠢ᠃ 30 ᠡᠢᠮᠦ ᠡᠴᠡ ᠴᠢ ᠥᠰᠥᠨ ᠦᠷᠡᠵᠢᠵᠦ᠂ ᠲᠡᠷᠡ ᠨᠤᠲᠤᠭ ᠢ ᠡᠵᠡᠮᠰᠢᠬᠦ ᠬᠦᠷᠲᠡᠯ᠎ᠡ ᠪᠢ ᠲᠡᠳᠡᠨ ᠢ ᠡᠮᠦᠨ᠎ᠡ ᠡᠴᠡ ᠴᠢᠨᠢ ᠪᠠᠭ᠎ᠠ ᠪᠠᠭ᠎ᠠ ᠪᠠᠷ ᠵᠠᠢᠯᠠᠭᠤᠯᠤᠨ᠎ᠠ᠃ 31 ᠪᠢ ᠬᠢᠯᠢ ᠬᠢᠵᠠᠭᠠᠷ ᠢ ᠴᠢᠨᠢ ᠤᠯᠠᠭᠠᠨ ᠲᠠᠩᠭᠢᠰ ᠠᠴᠠ ᠹᠢᠯᠢᠰᠲ ᠲᠠᠩᠭᠢᠰ ᠬᠦᠷᠲᠡᠯ᠎ᠡ᠂ ᠴᠥᠯ ᠡᠴᠡ ᠮᠥᠷᠡᠨ ᠬᠦᠷᠲᠡᠯ᠎ᠡ ᠲᠣᠭᠲᠠᠭᠠᠵᠤ᠂ ᠲᠡᠷᠡ ᠬᠦ ᠭᠠᠵᠠᠷ ᠨᠤᠲᠤᠭ ᠤᠨ ᠰᠠᠭᠤᠭᠠᠯᠢᠴᠢᠳ ᠢ ᠴᠢᠨᠦ ᠭᠠᠷ ᠲᠤ ᠲᠤᠰᠢᠶᠠᠨ᠎ᠠ᠂ ᠴᠢ ᠲᠡᠳᠡᠨ ᠢ ᠥᠪᠡᠷ ᠦᠨ ᠢᠶᠠᠨ ᠡᠮᠦᠨ᠎ᠡ ᠡᠴᠡ ᠬᠥᠭᠡᠭᠡᠨ᠎ᠡ᠃ 32 ᠴᠢ ᠲᠡᠳᠡᠨ ᠲᠡᠢ ᠴᠤ᠂ ᠲᠡᠳᠡᠨ ᠦ ᠪᠤᠷᠬᠠᠳ ᠲᠠᠢ ᠴᠤ ᠭᠡᠷ᠎ᠡ ᠪᠠᠢᠭᠤᠯᠵᠤ ᠪᠣᠯᠬᠤ ᠦᠭᠡᠢ᠃ 33 ᠲᠡᠳᠡᠨ ᠢ ᠥᠪᠡᠷ ᠦᠨ ᠢᠶᠠᠨ ᠭᠠᠵᠠᠷ ᠲᠤ ᠪᠦᠦ ᠰᠠᠭᠤᠯᠭ᠎ᠠ᠃ ᠡᠰᠡ ᠲᠡᠭᠡᠪᠡᠯ ᠲᠡᠳᠡ ᠴᠢᠮᠠᠶᠢ ᠮᠢᠨᠦ ᠡᠰᠡᠷᠭᠦ ᠨᠢᠭᠦᠯ ᠦᠢᠯᠡᠳᠦᠭᠦᠯᠬᠦ ᠪᠣᠯᠣᠨ᠎ᠠ᠃ ᠲᠡᠳᠡᠨ ᠦ ᠪᠤᠷᠬᠠᠳ ᠲᠤ ᠮᠥᠷᠭᠥᠬᠦ ᠨᠢ ᠦᠨᠡᠬᠡᠷ ᠴᠢᠮ᠎ᠠ ᠳᠤ ᠤᠷᠠᠬ᠎ᠠ ᠪᠣᠯᠣᠨ᠎ᠠ》 ᠭᠡᠪᠡ᠃