1 2 3


ᠨᠠᠾᠦ᠋ᠮ ᠨᠢᠭᠡ

1 ᠨᠢᠨᠧᠸᠧ ᠶᠢᠨ ᠲᠠᠯ᠎ᠠ ᠪᠠᠷ ᠬᠢ ᠰᠡᠷᠡᠮᠵᠢᠯᠡᠭᠦᠯᠦᠯᠭᠡ᠂ ᠡᠯᠺᠣᠱ ᠬᠥᠮᠦᠨ ᠨᠠᠾᠦ᠋ᠮ ᠤᠨ ᠦᠵᠡᠭᠰᠡᠨ ᠦᠵᠡᠭᠳᠡᠯ ᠦᠨ ᠨᠣᠮ᠄
 ᠶᠣᠬᠣᠸᠠ ᠶᠢᠨ ᠳᠣᠭᠰᠢᠨ ᠬᠢᠯᠢᠩ
2 ᠶᠣᠬᠣᠸᠠ ᠪᠣᠯ ᠬᠠᠷᠠᠲᠠᠢ᠂ ᠥᠰᠢᠶ᠎ᠡ ᠠᠪᠤᠭᠴᠢ ᠪᠤᠷᠬᠠᠨ ᠶᠣᠬᠣᠸᠠ ᠪᠣᠯ ᠥᠰᠢᠶ᠎ᠡ ᠠᠪᠤᠭᠴᠢ᠂ ᠬᠢᠯᠢᠩᠨᠡᠭᠴᠢ ᠡᠵᠡᠨ ᠶᠤᠮ ᠶᠣᠬᠣᠸᠠ ᠥᠰᠲᠡᠨ ᠡᠴᠡ ᠪᠡᠨ ᠥᠰᠢᠶ᠎ᠡ ᠠᠪᠳᠠᠭ ᠳᠠᠢᠰᠤᠨ ᠨᠤᠭᠤᠳ ᠤᠨ ᠢᠶᠠᠨ ᠡᠰᠡᠷᠭᠦ ᠠᠭᠤᠷ ᠢᠶᠠᠨ ᠬᠤᠷᠠᠮᠳᠤᠭᠤᠯᠳᠠᠭ᠃
3 ᠶᠣᠬᠣᠸᠠ ᠪᠣᠯ ᠠᠭᠤᠷᠯᠠᠬᠤ ᠳᠠᠭᠠᠨ ᠤᠳᠠᠭᠠᠨ᠂ ᠬᠦᠴᠦ ᠴᠢᠳᠠᠯ ᠢᠶᠠᠷ ᠠᠭᠤᠤ ᠬᠠᠷᠢᠨ ᠶᠣᠬᠣᠸᠠ ᠰᠢᠳᠬᠡᠯ ᠢ ᠥᠭᠭᠥᠯ ᠦᠭᠡᠢ ᠥᠩᠭᠡᠷᠡᠭᠡᠬᠦ ᠦᠭᠡᠢ ᠶᠣᠬᠣᠸᠠ ᠶᠢᠨ ᠵᠠᠮ ᠬᠤᠢ ᠰᠠᠯᠬᠢ᠂ ᠰᠢᠭᠤᠷᠭᠠᠨ ᠳᠣᠲᠣᠷ᠎ᠠ ᠪᠤᠢ᠂ ᠡᠭᠦᠯᠡᠰ ᠪᠣᠯ ᠲᠡᠭᠦᠨ ᠦ ᠬᠥᠯ ᠦᠨ ᠲᠣᠭᠣᠰᠣ᠃
4 ᠲᠡᠷᠡ ᠳᠠᠯᠠᠢ ᠶᠢ ᠵᠢᠮᠡᠯᠡᠵᠦ᠂ ᠬᠠᠲᠠᠭᠠᠨ ᠪᠦᠬᠦ ᠭᠣᠣᠯ ᠢ ᠰᠢᠷᠭᠢᠭᠡᠨ᠎ᠡ᠂ ᠪᠠᠱᠠᠨ᠂ ᠺᠠᠷᠮᠧᠯ ᠭᠠᠩᠳᠠᠵᠤ ᠯᠧᠪᠠᠨᠣᠨ ᠤ ᠴᠡᠴᠡᠭ ᠬᠣᠷᠪᠣᠢᠨ᠎ᠠ᠃
5 ᠲᠡᠭᠦᠨ ᠡᠴᠡ ᠪᠣᠯᠵᠤ ᠠᠭᠤᠯᠠᠰ ᠭᠠᠩ᠋ᠬᠤᠵᠤ᠂ ᠲᠣᠯᠣᠭᠠᠳ ᠬᠠᠢᠯᠳᠠᠭ ᠲᠡᠭᠦᠨ ᠦ ᠡᠮᠦᠨ᠎ᠡ ᠳᠡᠯᠡᠬᠡᠢ ᠪᠣᠯᠣᠨ ᠳᠡᠭᠡᠷᠡᠬᠢ ᠰᠠᠭᠤᠭᠠᠯᠢᠴᠢᠳ ᠨᠢ ᠲᠠᠭᠵᠢᠳᠠᠭ
6 ᠵᠢᠪᠡᠭᠦᠴᠡᠯ ᠦᠨ ᠬᠢᠨᠢ ᠡᠮᠦᠨ᠎ᠡ ᠬᠡᠨ ᠵᠣᠭᠰᠣᠵᠤ ᠴᠢᠳᠠᠬᠤ ᠪᠤᠢ︖ ᠳᠦᠷᠡᠯᠵᠡᠵᠦ ᠪᠤᠢ ᠳᠣᠭᠰᠢᠨ ᠠᠭᠤᠷ ᠢ ᠨᠢ ᠬᠡᠨ ᠳᠠᠭᠠᠭᠠᠵᠤ ᠴᠢᠳᠠᠬᠤ ᠪᠤᠢ︖ ᠭᠠᠯ ᠮᠡᠲᠦ ᠬᠢᠯᠢᠩ ᠢᠶᠠᠨ ᠭᠠᠷᠭᠠᠬᠤ ᠳᠤ ᠬᠠᠳᠠᠳ ᠲᠡᠭᠦᠨ ᠦ ᠡᠮᠦᠨ᠎ᠡ ᠬᠠᠭᠠᠷᠠᠳᠠᠭ᠃
7 ᠶᠣᠬᠣᠸᠠ ᠪᠣᠯ ᠰᠠᠢᠨ᠂ ᠲᠡᠷᠡ ᠭᠠᠢ ᠵᠣᠪᠠᠯᠠᠩ ᠤᠨ ᠡᠳᠦᠷ ᠬᠣᠷᠭᠣᠳᠠᠬᠤ ᠭᠠᠵᠠᠷ ᠪᠣᠯᠵᠤ ᠥᠪᠡᠷ ᠲᠤᠨᠢ ᠢᠲᠡᠭᠡᠭᠴᠢᠳ ᠢ ᠬᠠᠯᠠᠮᠵᠢᠯᠠᠳᠠᠭ ᠠᠪᠠᠴᠤ
8 ᠥᠰᠲᠡᠨ ᠢᠶᠡᠨ ᠬᠠᠯᠢᠬᠤ ᠦᠶᠡᠷ ᠢᠶᠡᠷ ᠡᠴᠦᠰᠯᠡᠭᠦᠯᠵᠦ ᠳᠠᠢᠰᠤᠨ ᠨᠤᠭᠤᠳ ᠢᠶᠠᠨ ᠬᠠᠷᠠᠩ᠋ᠭᠤᠢ ᠤᠷᠤᠭᠤ ᠬᠥᠭᠡᠭᠡᠨ᠎ᠡ᠃

9 ᠲᠠ ᠨᠠᠷ ᠶᠣᠬᠣᠸᠠ ᠶᠢᠨ ᠡᠰᠡᠷᠭᠦ ᠶᠠᠭᠤ ᠰᠡᠳᠦᠭᠰᠡᠨ ᠴᠤ ᠶᠣᠬᠣᠸᠠ ᠲᠡᠭᠦᠨ ᠢ ᠡᠴᠦᠰᠯᠡᠭᠦᠯᠦᠨ᠎ᠡ ᠭᠠᠢ ᠵᠣᠪᠠᠯᠠᠩ ᠠᠬᠢᠨ ᠭᠠᠷᠬᠤ ᠦᠭᠡᠢ᠃
10 ᠲᠡᠳᠡ ᠣᠷᠢᠶᠠᠩ᠋ᠭᠤ ᠮᠡᠲᠦ ᠤᠷᠢᠶᠠᠴᠠᠯᠳᠤᠪᠠ ᠰᠣᠭᠲᠣᠭᠤ ᠮᠡᠲᠦ ᠰᠣᠭᠲᠣᠪᠠ ᠲᠡᠳᠡ ᠬᠠᠲᠠᠭᠰᠠᠨ ᠰᠦᠷᠡᠯ ᠮᠡᠲᠦ ᠭᠠᠯ ᠳᠤ ᠰᠢᠲᠠᠭᠠᠭᠳᠠᠨ᠎ᠠ᠃
11 ᠨᠢᠨᠧᠸᠧ ᠡ᠂ ᠶᠣᠬᠣᠸᠠ ᠶᠢᠨ ᠡᠰᠡᠷᠭᠦ ᠮᠠᠭᠤ ᠶᠢ ᠰᠡᠳᠦᠭᠴᠢ᠂ ᠪᠦᠲᠦᠯ ᠦᠭᠡᠢ ᠵᠥᠪᠯᠡᠭᠴᠢ ᠴᠢᠮ᠎ᠠ ᠠᠴᠠ ᠭᠠᠷᠴᠤ ᠢᠷᠡᠭᠰᠡᠨ᠃
 ᠪᠠᠶᠠᠷ ᠤᠨ ᠮᠡᠳᠡᠭᠡ ᠠᠢᠰᠤᠢ
12 ᠶᠣᠬᠣᠸᠠ ᠢᠩᠭᠢᠵᠦ ᠠᠢᠯᠠᠳᠴᠠᠢ᠄ 《ᠲᠡᠳᠡ ᠪᠦᠷᠢᠨ ᠬᠦᠴᠦ ᠲᠠᠢ᠂ ᠣᠯᠠᠭᠤᠯᠠ ᠪᠣᠯᠪᠠᠴᠤ ᠲᠠᠰᠤᠯᠤᠭᠳᠠᠵᠤ᠂ ᠥᠩᠭᠡᠷᠡᠬᠦ ᠪᠣᠯᠣᠨ᠎ᠠ ᠶᠦᠳᠠ ᠡ᠂ ᠪᠢ ᠴᠢᠮᠠᠶᠢ ᠵᠣᠪᠠᠭᠠᠭᠰᠠᠨ ᠪᠣᠯᠪᠠᠴᠤ ᠴᠢᠨᠠᠭᠰᠢᠳᠠ ᠳᠠᠬᠢᠨ ᠵᠣᠪᠠᠭᠠᠬᠤ ᠦᠭᠡᠢ᠃
13 ᠡᠳᠦᠭᠡ ᠪᠢ ᠪᠤᠭᠤᠯᠠᠭ᠎ᠠ ᠶᠢ ᠨᠢ ᠴᠢᠮ᠎ᠠ ᠠᠴᠠ ᠲᠠᠢᠯᠤᠨ ᠡᠪᠳᠡᠵᠦ ᠳᠥᠩᠭᠡ ᠨᠦᠭᠦᠳ ᠢ ᠴᠢᠨᠢ ᠲᠠᠰᠤᠯᠤᠨ᠎ᠠ᠃》

14 ᠴᠢᠨᠦ ᠲᠠᠯ᠎ᠠ ᠪᠠᠷ ᠬᠢ ᠲᠤᠰᠢᠶᠠᠯ ᠢ ᠶᠣᠬᠣᠸᠠ ᠥᠭᠭᠥᠭᠰᠡᠨ᠂ ᠨᠢᠨᠧᠸᠧ ᠡ 《ᠴᠢᠨᠦ ᠨᠡᠷ᠎ᠡ ᠴᠢᠨᠠᠭᠰᠢᠳᠠ ᠳᠤᠷᠠᠰᠤᠭᠳᠠᠬᠤ ᠦᠭᠡᠢ ᠴᠢᠨᠦ ᠪᠤᠷᠬᠠᠳ ᠤᠨ ᠭᠡᠷ ᠳᠠᠬᠢ ᠰᠢᠲᠦᠭᠡᠨ ᠪᠠ ᠬᠥᠷᠥᠭ ᠢ ᠪᠢ ᠤᠰᠠᠳᠬᠠᠨ᠎ᠠ ᠴᠢ ᠪᠤᠵᠠᠷᠲᠤᠭᠰᠠᠨ ᠲᠤᠯᠠ ᠴᠢᠨᠦ ᠪᠤᠯᠠᠰᠢ ᠶᠢ ᠪᠢ ᠪᠡᠯᠡᠳᠬᠡᠨ᠎ᠡ᠃》

15 ᠬᠠᠷᠠ᠂ ᠪᠠᠶᠠᠷ ᠤᠨ ᠮᠡᠳᠡᠭᠡᠴᠢ᠂ ᠠᠮᠤᠭᠤᠯᠠᠩ ᠢ ᠲᠤᠩ᠋ᠬᠠᠭᠯᠠᠭᠴᠢ ᠶᠢᠨ ᠬᠥᠯ ᠠᠭᠤᠯᠠᠰ ᠤᠨ ᠳᠡᠭᠡᠷ᠎ᠡ ᠪᠠᠢᠨ᠎ᠠ ᠪᠠᠶᠠᠷ ᠨᠠᠭᠠᠳᠤᠮ ᠤᠳ ᠢᠶᠠᠨ ᠲᠡᠮᠳᠡᠭᠯᠡᠵᠦ᠂ ᠲᠠᠩ᠋ᠭᠠᠷᠢᠭ ᠤᠳ ᠢᠶᠠᠨ ᠪᠡᠶᠡᠯᠡᠭᠦᠯ᠂ ᠶᠦᠳᠠ ᠡ ᠪᠦᠲᠦᠯ ᠦᠭᠡᠢ ᠨᠢ ᠪᠤᠲᠠ ᠴᠣᠬᠢᠭᠳᠠᠭᠰᠠᠨ᠂ ᠲᠠᠨ ᠤ ᠬᠢ ᠪᠠᠷ ᠳᠠᠬᠢᠨ ᠥᠩᠭᠡᠷᠡᠬᠦ ᠦᠭᠡᠢ᠃