ᠶᠣᠨᠠ ᠨᠢᠭᠡ
ᠪᠤᠷᠬᠠᠨ ᠠᠴᠠ ᠵᠢᠭᠤᠲᠠᠪᠠ
1 ᠶᠣᠬᠣᠸᠠ ᠶᠢᠨ ᠦᠭᠡ ᠠᠮᠢᠲ᠋ᠠᠢ ᠶᠢᠨ ᠬᠦᠦ ᠶᠣᠨᠠ ᠳᠤ ᠢᠷᠡᠵᠦ᠂ ᠠᠢᠯᠠᠳᠬᠤ ᠳᠠᠭᠠᠨ᠄ 2 《ᠪᠣᠰᠴᠤ᠂ ᠶᠡᠬᠡ ᠬᠣᠲᠠ ᠨᠢᠨᠧᠸᠧ ᠤᠷᠤᠭᠤ ᠣᠴᠢᠵᠤ ᠲᠤᠩ᠋ᠬᠠᠭᠯᠠ᠂ ᠲᠡᠳᠡᠨ ᠦ ᠬᠣᠷᠣᠨ ᠮᠠᠭᠤ ᠨᠢ ᠮᠢᠨᠦ ᠡᠮᠦᠨ᠎ᠡ ᠲᠤᠯᠵᠤ ᠢᠷᠡᠵᠡᠢ》 ᠭᠡᠪᠡ᠃ 3 ᠶᠣᠨᠠ ᠶᠣᠬᠣᠸᠠ ᠶᠢᠨ ᠣᠷᠣᠰᠢᠬᠤᠢ ᠠᠴᠠ ᠵᠢᠭᠤᠲᠠᠨ ᠲᠠᠷᠱᠢᠱ ᠤᠷᠤᠭᠤ ᠶᠠᠪᠤᠬᠤ ᠪᠠᠷ ᠪᠣᠰᠪᠠ᠃ ᠲᠡᠷᠡ ᠶᠣᠫᠠ ᠤᠷᠤᠭᠤ ᠪᠠᠭᠤᠵᠤ᠂ ᠲᠠᠷᠱᠢᠱ ᠤᠷᠤᠭᠤ ᠶᠠᠪᠤᠬᠤ ᠣᠩ᠋ᠭᠣᠴᠠ ᠣᠯᠣᠭᠠᠳ ᠵᠠᠷᠤᠳᠠᠯ ᠢᠶᠠᠨ ᠲᠥᠯᠥᠪᠡ᠃ ᠲᠡᠷᠡ ᠶᠣᠬᠣᠸᠠ ᠶᠢᠨ ᠣᠷᠣᠰᠢᠬᠤᠢ ᠠᠴᠠ ᠵᠢᠭᠤᠲᠠᠨ ᠲᠡᠳᠡᠨ ᠲᠡᠢ ᠬᠠᠮᠲᠤ ᠲᠠᠷᠱᠢᠱ ᠤᠷᠤᠭᠤ ᠶᠠᠪᠤᠬᠤ ᠪᠠᠷ ᠣᠩ᠋ᠭᠣᠴᠠᠨ ᠳᠤ ᠪᠠᠭᠤᠵᠤ ᠣᠷᠣᠪᠠ᠃
4 ᠬᠠᠷᠢᠨ ᠶᠣᠬᠣᠸᠠ ᠳᠠᠯᠠᠢ ᠳᠡᠭᠡᠷ᠎ᠡ ᠬᠦᠴᠦᠲᠦ ᠰᠠᠯᠬᠢ ᠢᠯᠡᠭᠡᠭᠰᠡᠨ ᠢᠶᠡᠷ ᠳᠠᠯᠠᠢ ᠶᠢᠨ ᠬᠦᠴᠦᠲᠦ ᠰᠢᠭᠤᠷᠭ᠎ᠠ ᠠᠴᠠ ᠪᠣᠯᠵᠤ ᠣᠩ᠋ᠭᠣᠴᠠ ᠰᠦᠢᠷᠡᠬᠦ ᠰᠢᠬᠠᠪᠠ᠃ 5 ᠳᠠᠯᠠᠢᠴᠢᠳ ᠠᠶᠤᠵᠤ᠂ ᠬᠥᠮᠦᠨ ᠪᠣᠯᠭᠠᠨ ᠥᠪᠡᠷ ᠦᠨ ᠢᠶᠠᠨ ᠪᠤᠷᠬᠠᠨ ᠤᠷᠤᠭᠤ ᠬᠠᠰᠬᠢᠷᠴᠠᠭᠠᠪᠠ᠃ ᠲᠡᠳᠡ ᠣᠩ᠋ᠭᠣᠴᠠ ᠪᠠᠨ ᠬᠥᠩᠭᠡᠷᠡᠭᠦᠯᠬᠦ ᠶᠢᠨ ᠲᠤᠯᠠᠳᠠ ᠲᠡᠭᠦᠨ ᠳᠣᠲᠣᠷᠠᠬᠢ ᠠᠴᠢᠶ᠎ᠠ ᠪᠠᠨ ᠳᠠᠯᠠᠢ ᠤᠷᠤᠭᠤ ᠬᠠᠶᠠᠵᠠᠢ᠃ ᠬᠠᠷᠢᠨ ᠶᠣᠨᠠ ᠣᠩ᠋ᠭᠣᠴᠠᠨ ᠤ ᠳᠣᠣᠷᠠᠳᠤ ᠬᠡᠰᠡᠭ ᠤᠷᠤᠭᠤ ᠪᠠᠭᠤᠵᠤ ᠬᠡᠪᠲᠡᠭᠡᠳ᠂ ᠪᠥᠬᠡ ᠤᠨᠲᠠᠪᠠ᠃ 6 ᠣᠩ᠋ᠭᠣᠴᠠᠨ ᠳᠠᠷᠤᠭ᠎ᠠ ᠲᠡᠭᠦᠨ ᠳᠦ ᠳᠥᠭᠥᠨ ᠢᠷᠡᠵᠦ᠄ 《ᠴᠢ ᠶᠠᠭᠠᠬᠢᠭᠠᠳ ᠤᠨᠲᠠᠭᠠᠳ ᠪᠠᠢᠨ᠎ᠠ ᠪᠤᠢ︖ ᠪᠣᠰᠴᠤ᠂ ᠪᠤᠷᠬᠠᠨ ᠢᠶᠠᠨ ᠳᠠᠭᠤᠳᠠ︕ ᠲᠡᠷᠡ ᠪᠤᠷᠬᠠᠨ ᠪᠢᠳᠡᠨ ᠢ ᠠᠩᠵᠠᠭᠠᠷᠠᠭᠰᠠᠨ ᠢᠶᠠᠷ ᠪᠢᠳᠡ ᠮᠥᠬᠥᠬᠦ ᠦᠭᠡᠢ ᠪᠠᠢᠵᠤ ᠮᠠᠭᠠᠳ ᠦᠭᠡᠢ》 ᠭᠡᠵᠦ ᠬᠡᠯᠡᠪᠡ᠃
7 ᠬᠥᠮᠦᠰ ᠪᠡᠶ᠎ᠡ ᠪᠡᠶ᠎ᠡ ᠳᠡᠭᠡᠨ᠄ 《ᠪᠢᠳᠡ ᠰᠢᠪᠠᠭ᠎ᠠ ᠬᠠᠶᠠᠵᠠᠭᠠᠶᠠ᠂ ᠲᠡᠭᠡᠪᠡᠯ ᠬᠡᠨ ᠦ ᠤᠴᠢᠷ ᠢᠶᠠᠷ ᠡᠨᠡ ᠭᠠᠮᠰᠢᠭ ᠪᠢᠳᠡᠨ ᠳᠦ ᠢᠷᠡᠵᠦ ᠪᠠᠢᠭ᠎ᠠ ᠶᠢ ᠮᠡᠳᠡᠬᠦ ᠪᠣᠯᠣᠨ᠎ᠠ》 ᠭᠡᠵᠡᠭᠡᠪᠡ᠃ ᠲᠡᠳᠡ ᠰᠢᠪᠠᠭ᠎ᠠ ᠬᠠᠶᠠᠬᠤ ᠳᠤ᠂ ᠰᠢᠪᠠᠭ᠎ᠠ ᠶᠣᠨᠠ ᠳᠡᠭᠡᠷ᠎ᠡ ᠪᠠᠭᠤᠪᠠ᠃ 8 ᠲᠡᠳᠡ ᠶᠣᠨᠠ ᠳᠤ᠄ 《ᠬᠡᠯᠡ︕ ᠪᠢᠳᠡᠨ ᠳᠦ ᠢᠷᠡᠭᠰᠡᠨ ᠡᠨᠡ ᠭᠠᠮᠰᠢᠭ ᠬᠡᠨ ᠡᠴᠡ ᠪᠣᠯᠵᠤ ᠪᠠᠢᠭ᠎ᠠ ᠪᠤᠢ︖ ᠴᠢ ᠶᠠᠭᠤ ᠬᠢᠳᠡᠭ᠂ ᠬᠠᠮᠢᠭᠠᠬᠢ ᠶᠢᠨ ᠬᠥᠮᠦᠨ ᠪᠤᠢ︖ ᠠᠯᠢ ᠨᠤᠲᠤᠭ ᠤᠨ᠂ ᠶᠠᠮᠠᠷ ᠦᠨᠳᠦᠰᠦᠲᠡᠨ ᠪᠤᠢ︖》 ᠭᠡᠯᠴᠡᠪᠡ᠃ 9 ᠶᠣᠨᠠ ᠲᠡᠳᠡᠨ ᠳᠦ᠄ 《ᠪᠢ ᠢᠪᠷᠠᠢ ᠬᠥᠮᠦᠨ᠂ ᠪᠢ ᠳᠠᠯᠠᠢ᠂ ᠬᠠᠭᠤᠷᠠᠢ ᠶᠢ ᠪᠦᠲᠦᠭᠡᠭᠰᠡᠨ ᠲᠩᠷᠢ ᠶᠢᠨ ᠪᠤᠷᠬᠠᠨ ᠶᠣᠬᠣᠸᠠ ᠠᠴᠠ ᠡᠮᠢᠶᠡᠳᠡᠭ ᠶᠤᠮ》 ᠭᠡᠪᠡ᠃ 10 ᠲᠡᠷᠡ ᠬᠥᠮᠦᠰ ᠶᠡᠬᠡᠳᠡ ᠠᠶᠤᠵᠤ᠂ ᠲᠡᠭᠦᠨ ᠳᠦ᠄ 《ᠴᠢ ᠶᠠᠭᠤᠨ ᠳᠤ ᠢᠩᠭᠢᠪᠡ︖》 ᠭᠡᠵᠡᠢ᠃ ᠶᠣᠨᠠ ᠶᠣᠬᠣᠸᠠ ᠶᠢᠨ ᠣᠷᠣᠰᠢᠬᠤᠢ ᠠᠴᠠ ᠵᠢᠭᠤᠲᠠᠵᠤ ᠶᠠᠪᠤᠭ᠎ᠠ ᠪᠠᠨ ᠲᠡᠳᠡᠨ ᠳᠦ ᠬᠡᠯᠡᠭᠰᠡᠨ ᠢᠶᠡᠷ ᠲᠡᠳᠡ ᠮᠡᠳᠡᠭᠰᠡᠨ ᠪᠠᠢᠵᠠᠢ᠃
11 ᠳᠠᠯᠠᠢ ᠶᠢᠨ ᠰᠢᠭᠤᠷᠭ᠎ᠠ ᠤᠯᠠᠮ ᠰᠢᠷᠦᠭᠦᠰᠴᠦ ᠪᠠᠢᠭᠰᠠᠨ ᠪᠣᠯᠬᠣᠷ ᠲᠡᠳᠡ ᠲᠡᠭᠦᠨ ᠳᠦ᠄ 《ᠳᠠᠯᠠᠢ ᠶᠢ ᠨᠠᠮᠵᠢᠭᠠᠬᠤ ᠶᠢᠨ ᠲᠤᠯᠠᠳᠠ ᠪᠢᠳᠡ ᠴᠢᠮᠠᠶᠢ ᠶᠠᠭᠠᠬᠢᠪᠠᠯ ᠲᠠᠭᠠᠷᠠᠬᠤ ᠪᠤᠢ︖》 ᠭᠡᠪᠡ᠃ 12 ᠶᠣᠨᠠ ᠲᠡᠳᠡᠨ ᠳᠦ᠄ 《ᠨᠠᠮᠠᠶᠢ ᠡᠷᠭᠦᠵᠦ ᠠᠪᠤᠭᠠᠳ ᠳᠠᠯᠠᠢ ᠳᠤ ᠬᠠᠶᠠ᠂ ᠲᠡᠭᠡᠪᠡᠯ ᠲᠠ ᠨᠠᠷ ᠤᠨ ᠡᠮᠦᠨ᠎ᠡ ᠳᠠᠯᠠᠢ ᠨᠠᠮᠵᠢᠬᠤ ᠪᠣᠯᠣᠨ᠎ᠠ᠃ ᠡᠨᠡ ᠰᠢᠭᠤᠷᠭ᠎ᠠ ᠨᠠᠳᠠ ᠠᠴᠠ ᠪᠣᠯᠵᠤ ᠲᠠ ᠨᠠᠷ ᠤᠨ ᠳᠡᠭᠡᠷ᠎ᠡ ᠢᠷᠡᠭᠰᠡᠨ ᠢ ᠪᠢ ᠮᠡᠳᠡᠵᠦ ᠪᠠᠢᠨ᠎ᠠ》 ᠭᠡᠪᠡ᠃ 13 ᠬᠠᠷᠢᠨ ᠬᠥᠮᠦᠰ ᠬᠠᠭᠤᠷᠠᠢ ᠭᠠᠵᠠᠷ ᠤᠷᠤᠭᠤ ᠪᠤᠴᠠᠬᠤ ᠭᠡᠵᠦ ᠣᠩ᠋ᠭᠣᠴᠠ ᠪᠠᠨ ᠬᠦᠴᠦᠲᠡᠢ ᠰᠡᠯᠢᠭᠦᠷᠳᠡᠭᠰᠡᠨ ᠪᠣᠯᠪᠠᠴᠤ ᠴᠢᠳᠠᠭᠰᠠᠨ ᠦᠭᠡᠢ᠃ ᠳᠠᠯᠠᠢ ᠶᠢᠨ ᠰᠢᠭᠤᠷᠭ᠎ᠠ ᠤᠤᠯ ᠤᠨ ᠬᠢ ᠡᠴᠡ ᠪᠡᠨ ᠤᠯᠠᠮ ᠰᠢᠷᠦᠭᠦᠰᠴᠦ ᠪᠠᠢᠯ᠎ᠠ᠃ 14 ᠲᠡᠳᠡ ᠶᠣᠬᠣᠸᠠ ᠤᠷᠤᠭᠤ ᠬᠠᠰᠬᠢᠷᠴᠤ᠄ 《ᠥ᠂ ᠶᠣᠬᠣᠸᠠ ᠡ᠂ ᠡᠨᠡ ᠬᠥᠮᠦᠨ ᠦ ᠠᠮᠢᠨ ᠠᠴᠠ ᠪᠣᠯᠵᠤ ᠪᠢᠳᠡᠨ ᠢ ᠪᠦᠦ ᠤᠰᠠᠳᠬᠠᠭᠠᠴᠢ᠂ ᠭᠡᠮ ᠦᠭᠡᠢ ᠴᠢᠰᠤ ᠶᠢ ᠪᠢᠳᠡᠨ ᠦ ᠳᠡᠭᠡᠷ᠎ᠡ ᠪᠦᠦ ᠲᠣᠬᠣᠭᠠᠴᠢ᠃ ᠤᠴᠢᠷ ᠨᠢ ᠶᠣᠬᠣᠸᠠ ᠲᠠ ᠬᠦᠰᠡᠭᠰᠡᠨ ᠢᠶᠡᠨ ᠬᠢᠭᠰᠡᠨ》 ᠭᠡᠪᠡ᠃ 15 ᠲᠡᠳᠡ ᠶᠣᠨᠠ ᠶᠢ ᠡᠷᠭᠦᠵᠦ ᠠᠪᠤᠭᠠᠳ ᠳᠠᠯᠠᠢ ᠤᠷᠤᠭᠤ ᠬᠠᠶᠠᠭᠰᠠᠨ ᠳᠤ᠂ ᠳᠣᠭᠰᠢᠷᠠᠭᠰᠠᠨ ᠳᠠᠯᠠᠢ ᠨᠠᠮᠳᠠᠪᠠ᠃ 16 ᠲᠡᠷᠡ ᠬᠥᠮᠦᠰ ᠶᠣᠬᠣᠸᠠ ᠠᠴᠠ ᠶᠡᠬᠡᠳᠡ ᠡᠮᠢᠶᠡᠨ᠂ ᠶᠣᠬᠣᠸᠠ ᠳᠤ ᠲᠠᠬᠢᠯ ᠡᠷᠭᠦᠵᠦ ᠲᠠᠩ᠋ᠭᠠᠷᠢᠭ ᠬᠢᠪᠡ᠃ 17 ᠶᠣᠬᠣᠸᠠ ᠶᠣᠨᠠ ᠶᠢ ᠵᠠᠯᠭᠢᠭᠤᠯᠬᠤ ᠪᠠᠷ ᠠᠪᠤᠷᠭᠤ ᠵᠢᠭᠠᠰᠤ ᠶᠢ ᠪᠡᠯᠡᠳᠬᠡᠭᠰᠡᠨ ᠪᠠᠢᠵᠠᠢ᠃ ᠶᠣᠨᠠ ᠵᠢᠭᠠᠰᠤᠨ ᠤ ᠭᠡᠳᠡᠰᠦᠨ ᠳᠦ ᠭᠤᠷᠪᠠᠨ ᠡᠳᠦᠷ ᠭᠤᠷᠪᠠᠨ ᠰᠥᠨᠢ ᠪᠠᠢᠪᠠ᠃