1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠨᠢᠭᠡ
 ᠬᠥᠮᠦᠨ ᠠᠮᠠ ᠶᠢᠨ ᠪᠦᠷᠢᠳᠬᠡᠯ

1 ᠢᠰᠷᠧᠯᠴᠦᠳ ᠶᠧᠵᠢᠫᠲ ᠡᠴᠡ ᠭᠠᠷᠤᠭᠰᠠᠨ ᠤ ᠳᠠᠷᠠᠭ᠎ᠠ᠂ ᠬᠣᠶᠠᠳᠠᠬᠢ ᠵᠢᠯ ᠤᠨ ᠬᠣᠶᠠᠳᠤᠭᠠᠷ ᠰᠠᠷ᠎ᠠ ᠶᠢᠨ ᠨᠢᠭᠡᠨ ᠳᠦ ᠶᠣᠬᠣᠸᠠ ᠰᠢᠨᠠᠢ ᠶᠢᠨ ᠴᠥᠯ ᠳᠤ ᠠᠭᠤᠯᠵᠠᠯᠲᠠ ᠶᠢᠨ ᠴᠠᠴᠠᠷ ᠳᠣᠲᠣᠷ᠎ᠠ ᠮᠣᠰᠧ ᠳᠤ ᠠᠢᠯᠠᠳᠤᠨ᠄ 2 《ᠲᠠ ᠨᠠᠷ ᠪᠦᠬᠦ ᠢᠰᠷᠧᠯᠴᠦᠳ ᠦᠨ ᠠᠢᠮᠠᠭ ᠤᠳ ᠢᠶᠠᠷ᠂ ᠮᠥᠨ ᠭᠡᠷ ᠪᠦᠯᠢ ᠨᠦᠭᠦᠳ ᠢᠶᠡᠷ ᠬᠠᠮᠤᠭ ᠡᠷ᠎ᠡ ᠬᠥᠮᠦᠨ ᠦ ᠨᠡᠷ᠎ᠡ ᠶᠢ ᠨᠢᠭᠡ ᠨᠢᠭᠡ ᠪᠡᠷ ᠨᠢ ᠪᠦᠷᠢᠳᠬᠡᠵᠦ ᠨᠡᠢᠲᠡ ᠴᠢᠭᠤᠯᠭᠠᠨ ᠤ ᠲᠣᠭᠠᠯᠠᠯᠭ᠎ᠠ ᠶᠢ ᠬᠢᠵᠡᠭᠡ᠂ 3 ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ ᠢᠰᠷᠧᠯ ᠤᠨ ᠡᠷ᠎ᠡ ᠬᠥᠮᠦᠨ ᠪᠣᠯᠭᠠᠨ ᠢ ᠠᠷᠣᠨ ᠲᠠ ᠬᠣᠶᠠᠭᠤᠯᠠ ᠴᠡᠷᠢᠭ ᠤᠨ ᠪᠠᠭ ᠤᠳ ᠢᠶᠠᠷ ᠲᠣᠭᠠᠯᠠ᠃ 4 ᠡᠭᠦᠨ ᠦ ᠲᠥᠯᠥᠭᠡ ᠣᠪᠣᠭ ᠪᠦᠷᠢ ᠡᠴᠡ ᠨᠢᠭᠡ ᠭᠡᠷ ᠪᠦᠯᠢ ᠶᠢᠨ ᠲᠡᠷᠢᠭᠦᠨ ᠢ ᠠᠪᠴᠤ ᠥᠪᠡᠷᠰᠡᠳ ᠲᠡᠢ ᠪᠡᠨ ᠬᠠᠮᠲᠤ ᠪᠠᠢᠯᠭ᠎ᠠ᠃ 5 ᠲᠠ ᠨᠠᠷ ᠲᠠᠢ ᠬᠠᠮᠲᠤ ᠪᠠᠢᠬᠤ ᠬᠥᠮᠦᠰ ᠦᠨ ᠨᠡᠷᠡᠰ ᠭᠡᠪᠡᠯ᠂ ᠷᠧᠣᠪᠧᠨ ᠤ ᠬᠢ ᠡᠴᠡ ᠱᠧᠳᠧᠣᠷ ᠤᠨ ᠬᠦᠦ ᠡᠯᠢᠽᠦ᠋ᠷ᠂
6 ᠰᠢᠮᠧᠶᠣᠨ ᠤ ᠬᠢ ᠡᠴᠡ ᠽᠦᠷᠢᠱᠠᠳᠠᠢ ᠶᠢᠨ ᠬᠦᠦ ᠱᠧᠯᠦ᠋ᠮᠢᠶᠧᠯ᠂
7 ᠶᠦᠳᠠ ᠶᠢᠨ ᠬᠢ ᠡᠴᠡ ᠠᠮᠢᠨᠠᠳᠠᠪ ᠤᠨ ᠬᠦᠦ ᠨᠠᠾᠱᠣᠨ᠂
8 ᠢᠰᠠᠺᠠᠷ ᠤᠨ ᠬᠢ ᠡᠴᠡ ᠽᠦᠶᠠᠷ ᠤᠨ ᠬᠦᠦ ᠨᠧᠲ᠋ᠠᠨᠧᠯ᠂
9 ᠽᠧᠪᠦ᠋ᠯᠣᠨ ᠤ ᠬᠢ ᠡᠴᠡ ᠾᠧᠯᠣᠨ ᠤ ᠬᠦᠦ ᠡᠯᠢᠶᠠᠪ᠂
10 ᠶᠣᠰᠧᠹ ᠤᠨ ᠬᠥᠪᠡᠭᠦᠳ ᠦᠨ ᠬᠤᠪᠢ ᠳᠤ᠂ ᠡᠹᠷᠠᠢᠮ ᠤᠨ ᠬᠢ ᠡᠴᠡ ᠠᠮᠢᠾᠦ᠋ᠳ᠋ ᠤᠨ ᠬᠦᠦ ᠡᠯᠢᠱᠠᠮᠠ᠂ ᠮᠠᠨᠠᠰᠧ ᠶᠢᠨ ᠬᠢ ᠡᠴᠡ ᠫᠧᠳᠠᠽᠦ᠋ᠷ ᠤᠨ ᠬᠦᠦ ᠭᠠᠮᠠᠯᠢᠶᠧᠯ᠂
11 ᠪᠢᠨᠶᠠᠮᠢᠨ ᠤ ᠬᠢ ᠡᠴᠡ ᠭᠢᠳᠧᠶᠣᠨᠢ ᠶᠢᠨ ᠬᠦᠦ ᠠᠪᠢᠳᠠᠨ᠂
12 ᠳ᠋ᠠᠨ ᠤ ᠬᠢ ᠡᠴᠡ ᠠᠮᠢᠱᠠᠳᠠᠢ ᠶᠢᠨ ᠬᠦᠦ ᠠᠾᠢᠶᠧᠽᠧᠷ᠂
13 ᠠᠱᠧᠷ ᠤᠨ ᠬᠢ ᠡᠴᠡ ᠣᠺᠷᠠᠨ ᠤ ᠬᠦᠦ ᠫᠠᠭᠢᠶᠧᠯ᠂
14 ᠭᠠᠳ᠋ ᠤᠨ ᠬᠢ ᠡᠴᠡ ᠳ᠋ᠧᠣᠶᠧᠯ ᠤᠨ ᠬᠦᠦ ᠡᠯᠢᠶᠠᠰᠠᠹ᠂
15 ᠨᠠᠹᠲ᠋ᠠᠯᠢ ᠶᠢᠨ ᠬᠢ ᠡᠴᠡ ᠡᠨᠠᠨ ᠤ ᠬᠦᠦ ᠠᠾᠢᠷᠠ ᠶᠤᠮ》 ᠭᠡᠯ᠎ᠡ᠃

16 ᠡᠳᠡ ᠨᠠᠷ ᠪᠣᠯ ᠨᠡᠢᠲᠡ ᠴᠢᠭᠤᠯᠭᠠᠨ ᠠᠴᠠ ᠳᠠᠭᠤᠳᠠᠭᠳᠠᠭᠰᠠᠨ ᠬᠥᠮᠦᠰ ᠪᠥᠭᠡᠳ ᠡᠴᠢᠭᠡ ᠡᠪᠦᠭᠡᠳ ᠦᠨ ᠢᠶᠠᠨ ᠣᠪᠣᠭ ᠤᠨ ᠤᠳᠤᠷᠢᠳᠤᠭᠴᠢᠳ᠂ ᠮᠥᠨ ᠢᠰᠷᠧᠯ ᠤᠨ ᠣᠪᠣᠭ ᠤᠳ ᠤᠨ ᠠᠬᠠᠯᠠᠭᠴᠢᠳ ᠪᠢᠯᠡ᠃

17 ᠲᠡᠢᠨ ᠬᠦ ᠮᠣᠰᠧ᠂ ᠠᠷᠣᠨ ᠬᠣᠶᠠᠷ ᠨᠡᠷ᠎ᠡ ᠳᠤᠷᠠᠳᠤᠭᠳᠠᠭᠰᠠᠨ ᠡᠨᠡ ᠬᠥᠮᠦᠰ ᠲᠡᠢ ᠬᠠᠮᠲᠤ 18 ᠬᠣᠶᠠᠳᠤᠭᠠᠷ ᠰᠠᠷ᠎ᠠ ᠶᠢᠨ ᠨᠢᠭᠡᠨ ᠳᠦ ᠨᠡᠢᠲᠡ ᠴᠢᠭᠤᠯᠭᠠᠨ ᠢ ᠪᠦᠬᠦᠯᠢ ᠳᠦᠨᠢ ᠴᠤᠭᠯᠠᠭᠤᠯᠪᠠ᠃ ᠬᠥᠮᠦᠰ ᠣᠪᠣᠭ᠂ ᠭᠡᠷ ᠪᠦᠯᠢ ᠶᠢᠨ ᠢᠶᠠᠨ ᠳᠠᠭᠠᠤ᠂ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠡᠷᠡᠴᠦᠳ ᠨᠡᠷ᠎ᠡ ᠨᠡᠷ᠎ᠡ ᠪᠡᠷ ᠢᠶᠠᠨ ᠪᠦᠷᠢᠳᠬᠡᠭᠦᠯᠪᠡ᠃ 19 ᠲᠡᠢᠨ ᠬᠦ ᠮᠣᠰᠧ ᠶᠣᠬᠣᠸᠠ ᠶᠢᠨ ᠲᠤᠰᠢᠶᠠᠭᠰᠠᠨ ᠶᠣᠰᠣᠭᠠᠷ ᠲᠡᠳᠡᠨ ᠢ ᠰᠢᠨᠠᠢ ᠶᠢᠨ ᠴᠥᠯ ᠳᠤ ᠲᠣᠭᠠᠯᠠᠭᠰᠠᠨ ᠪᠠᠢᠨ᠎ᠠ᠃

20 ᠢᠰᠷᠧᠯ ᠤᠨ ᠤᠤᠭᠠᠨ ᠬᠦᠦ ᠷᠧᠣᠪᠧᠨ ᠤ ᠬᠣᠢᠴᠢ ᠦᠶ᠎ᠡ ᠶᠢᠨ ᠦᠷ᠎ᠡ ᠤᠳᠤᠮ ᠠᠴᠠ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ ᠡᠷ᠎ᠡ ᠬᠥᠮᠦᠨ ᠪᠦᠷᠢ ᠲᠤᠰ ᠲᠤᠰ ᠤᠨ ᠠᠢᠮᠠᠭ ᠪᠣᠯᠣᠨ ᠭᠡᠷ ᠪᠦᠯᠢ ᠶᠢᠨ ᠢᠶᠠᠨ ᠳᠠᠭᠠᠤ ᠨᠡᠷ᠎ᠡ ᠪᠡᠨ ᠪᠦᠷᠢᠳᠬᠡᠭᠦᠯᠦᠭᠰᠡᠨ ᠳᠦ᠂ 21 ᠷᠧᠣᠪᠧᠨ ᠣᠪᠣᠭ ᠠᠴᠠ ᠲᠣᠭᠠᠯᠠᠭᠤᠯᠤᠭᠰᠠᠨ ᠡᠷᠡᠴᠦᠳ ᠳᠥᠷᠪᠡᠨ ᠲᠦᠮᠡ ᠵᠢᠷᠭᠤᠭᠠᠨ ᠮᠢᠩ᠋ᠭ᠎ᠠ ᠲᠠᠪᠤᠨ ᠵᠠᠭᠤ ᠪᠠᠢᠯ᠎ᠠ᠃

22 ᠰᠢᠮᠧᠶᠣᠨ ᠤ ᠬᠣᠢᠴᠢ ᠦᠶ᠎ᠡ ᠶᠢᠨ ᠦᠷ᠎ᠡ ᠤᠳᠤᠮ ᠠᠴᠠ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ ᠡᠷ᠎ᠡ ᠬᠥᠮᠦᠨ ᠪᠦᠷᠢ ᠲᠤᠰ ᠲᠤᠰ ᠤᠨ ᠠᠢᠮᠠᠭ ᠪᠣᠯᠣᠨ ᠭᠡᠷ ᠪᠦᠯᠢ ᠶᠢᠨ ᠢᠶᠠᠨ ᠳᠠᠭᠠᠤ ᠨᠡᠷ᠎ᠡ ᠪᠡᠨ ᠪᠦᠷᠢᠳᠬᠡᠭᠦᠯᠦᠭᠰᠡᠨ ᠳᠦ᠂ 23 ᠰᠢᠮᠧᠶᠣᠨ ᠣᠪᠣᠭ ᠠᠴᠠ ᠲᠣᠭᠠᠯᠠᠭᠤᠯᠤᠭᠰᠠᠨ ᠡᠷᠡᠴᠦᠳ ᠲᠠᠪᠤᠨ ᠲᠦᠮᠡ ᠶᠢᠰᠦᠨ ᠮᠢᠩ᠋ᠭ᠎ᠠ ᠭᠤᠷᠪᠠᠨ ᠵᠠᠭᠤ ᠪᠠᠢᠯ᠎ᠠ᠃

24 ᠭᠠᠳ᠋ ᠤᠨ ᠬᠣᠢᠴᠢ ᠦᠶ᠎ᠡ ᠶᠢᠨ ᠦᠷ᠎ᠡ ᠤᠳᠤᠮ ᠠᠴᠠ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ ᠡᠷ᠎ᠡ ᠬᠥᠮᠦᠨ ᠪᠦᠷᠢ ᠲᠤᠰ ᠲᠤᠰ ᠤᠨ ᠠᠢᠮᠠᠭ ᠪᠣᠯᠣᠨ ᠭᠡᠷ ᠪᠦᠯᠢ ᠶᠢᠨ ᠢᠶᠠᠨ ᠳᠠᠭᠠᠤ ᠨᠡᠷ᠎ᠡ ᠪᠡᠨ ᠪᠦᠷᠢᠳᠬᠡᠭᠦᠯᠦᠭᠰᠡᠨ ᠳᠦ᠂ 25 ᠭᠠᠳ᠋ ᠣᠪᠣᠭ ᠠᠴᠠ ᠲᠣᠭᠠᠯᠠᠭᠤᠯᠤᠭᠰᠠᠨ ᠡᠷᠡᠴᠦᠳ ᠳᠥᠷᠪᠡᠨ ᠲᠦᠮᠡ ᠲᠠᠪᠤᠨ ᠮᠢᠩ᠋ᠭ᠎ᠠ ᠵᠢᠷᠭᠤᠭᠠᠨ ᠵᠠᠭᠤ ᠲᠠᠪᠢ ᠪᠠᠢᠯ᠎ᠠ᠃

26 ᠶᠦᠳᠠ ᠶᠢᠨ ᠬᠣᠢᠴᠢ ᠦᠶ᠎ᠡ ᠶᠢᠨ ᠦᠷ᠎ᠡ ᠤᠳᠤᠮ ᠠᠴᠠ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ ᠡᠷ᠎ᠡ ᠬᠥᠮᠦᠨ ᠪᠦᠷᠢ ᠲᠤᠰ ᠲᠤᠰ ᠤᠨ ᠠᠢᠮᠠᠭ ᠪᠣᠯᠣᠨ ᠭᠡᠷ ᠪᠦᠯᠢ ᠶᠢᠨ ᠢᠶᠠᠨ ᠳᠠᠭᠠᠤ ᠨᠡᠷ᠎ᠡ ᠪᠡᠨ ᠪᠦᠷᠢᠳᠬᠡᠭᠦᠯᠦᠭᠰᠡᠨ ᠳᠦ᠂ 27 ᠶᠦᠳᠠ ᠣᠪᠣᠭ ᠠᠴᠠ ᠲᠣᠭᠠᠯᠠᠭᠤᠯᠤᠭᠰᠠᠨ ᠡᠷᠡᠴᠦᠳ ᠳᠣᠯᠣᠭᠠᠨ ᠲᠦᠮᠡ ᠳᠥᠷᠪᠡᠨ ᠮᠢᠩ᠋ᠭ᠎ᠠ ᠵᠢᠷᠭᠤᠭᠠᠨ ᠵᠠᠭᠤ ᠪᠠᠢᠯ᠎ᠠ᠃

28 ᠢᠰᠠᠺᠠᠷ ᠤᠨ ᠬᠣᠢᠴᠢ ᠦᠶ᠎ᠡ ᠶᠢᠨ ᠦᠷ᠎ᠡ ᠤᠳᠤᠮ ᠠᠴᠠ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ ᠡᠷ᠎ᠡ ᠬᠥᠮᠦᠨ ᠪᠦᠷᠢ ᠲᠤᠰ ᠲᠤᠰ ᠤᠨ ᠠᠢᠮᠠᠭ ᠪᠣᠯᠣᠨ ᠭᠡᠷ ᠪᠦᠯᠢ ᠶᠢᠨ ᠢᠶᠠᠨ ᠳᠠᠭᠠᠤ ᠨᠡᠷ᠎ᠡ ᠪᠡᠨ ᠪᠦᠷᠢᠳᠬᠡᠭᠦᠯᠦᠭᠰᠡᠨ ᠳᠦ᠂ 29 ᠢᠰᠠᠺᠠᠷ ᠣᠪᠣᠭ ᠠᠴᠠ ᠲᠣᠭᠠᠯᠠᠭᠤᠯᠤᠭᠰᠠᠨ ᠡᠷᠡᠴᠦᠳ ᠲᠠᠪᠤᠨ ᠲᠦᠮᠡ ᠳᠥᠷᠪᠡᠨ ᠮᠢᠩ᠋ᠭ᠎ᠠ ᠳᠥᠷᠪᠡᠨ ᠵᠠᠭᠤ ᠪᠠᠢᠯ᠎ᠠ᠃

30 ᠽᠧᠪᠦ᠋ᠯᠣᠨ ᠤ ᠬᠣᠢᠴᠢ ᠦᠶ᠎ᠡ ᠶᠢᠨ ᠦᠷ᠎ᠡ ᠤᠳᠤᠮ ᠠᠴᠠ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ ᠡᠷ᠎ᠡ ᠬᠥᠮᠦᠨ ᠪᠦᠷᠢ ᠲᠤᠰ ᠲᠤᠰ ᠤᠨ ᠠᠢᠮᠠᠭ ᠪᠣᠯᠣᠨ ᠭᠡᠷ ᠪᠦᠯᠢ ᠶᠢᠨ ᠢᠶᠠᠨ ᠳᠠᠭᠠᠤ ᠨᠡᠷ᠎ᠡ ᠪᠡᠨ ᠪᠦᠷᠢᠳᠬᠡᠭᠦᠯᠦᠭᠰᠡᠨ ᠳᠦ᠂ 31 ᠽᠧᠪᠦ᠋ᠯᠣᠨ ᠣᠪᠣᠭ ᠠᠴᠠ ᠲᠣᠭᠠᠯᠠᠭᠤᠯᠤᠭᠰᠠᠨ ᠡᠷᠡᠴᠦᠳ ᠲᠠᠪᠤᠨ ᠲᠦᠮᠡ ᠳᠣᠯᠣᠭᠠᠨ ᠮᠢᠩ᠋ᠭ᠎ᠠ ᠳᠥᠷᠪᠡᠨ ᠵᠠᠭᠤ ᠪᠠᠢᠯ᠎ᠠ᠃

32 ᠶᠣᠰᠧᠹ ᠤᠨ ᠬᠥᠪᠡᠭᠦᠳ ᠦᠨ ᠬᠤᠪᠢ ᠳᠤ᠂ ᠡᠹᠷᠠᠢᠮ ᠤᠨ ᠬᠣᠢᠴᠢ ᠦᠶ᠎ᠡ ᠶᠢᠨ ᠦᠷ᠎ᠡ ᠤᠳᠤᠮ ᠠᠴᠠ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ ᠡᠷ᠎ᠡ ᠬᠥᠮᠦᠨ ᠪᠦᠷᠢ ᠲᠤᠰ ᠲᠤᠰ ᠤᠨ ᠠᠢᠮᠠᠭ ᠪᠣᠯᠣᠨ ᠭᠡᠷ ᠪᠦᠯᠢ ᠶᠢᠨ ᠢᠶᠠᠨ ᠳᠠᠭᠠᠤ ᠨᠡᠷ᠎ᠡ ᠪᠡᠨ ᠪᠦᠷᠢᠳᠬᠡᠭᠦᠯᠦᠭᠰᠡᠨ ᠳᠦ᠂ 33 ᠡᠹᠷᠠᠢᠮ ᠣᠪᠣᠭ ᠠᠴᠠ ᠲᠣᠭᠠᠯᠠᠭᠤᠯᠤᠭᠰᠠᠨ ᠡᠷᠡᠴᠦᠳ ᠳᠥᠷᠪᠡᠨ ᠲᠦᠮᠡ ᠲᠠᠪᠤᠨ ᠵᠠᠭᠤ ᠪᠠᠢᠭᠰᠠᠨ ᠪᠥᠭᠡᠳ 34 ᠮᠥᠨ ᠮᠠᠨᠠᠰᠧ ᠶᠢᠨ ᠬᠣᠢᠴᠢ ᠦᠶ᠎ᠡ ᠶᠢᠨ ᠦᠷ᠎ᠡ ᠤᠳᠤᠮ ᠠᠴᠠ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ ᠡᠷ᠎ᠡ ᠬᠥᠮᠦᠨ ᠪᠦᠷᠢ ᠲᠤᠰ ᠲᠤᠰ ᠤᠨ ᠠᠢᠮᠠᠭ ᠪᠣᠯᠣᠨ ᠭᠡᠷ ᠪᠦᠯᠢ ᠶᠢᠨ ᠢᠶᠠᠨ ᠳᠠᠭᠠᠤ ᠨᠡᠷ᠎ᠡ ᠪᠡᠨ ᠪᠦᠷᠢᠳᠬᠡᠭᠦᠯᠦᠭᠰᠡᠨ ᠳᠦ᠂ 35 ᠮᠠᠨᠠᠰᠧ ᠣᠪᠣᠭ ᠠᠴᠠ ᠲᠣᠭᠠᠯᠠᠭᠤᠯᠤᠭᠰᠠᠨ ᠡᠷᠡᠴᠦᠳ ᠭᠤᠷᠪᠠᠨ ᠲᠦᠮᠡ ᠬᠣᠶᠠᠷ ᠮᠢᠩ᠋ᠭ᠎ᠠ ᠬᠣᠶᠠᠷ ᠵᠠᠭᠤ ᠪᠠᠢᠯ᠎ᠠ᠃

36 ᠪᠢᠨᠶᠠᠮᠢᠨ ᠤ ᠬᠣᠢᠴᠢ ᠦᠶ᠎ᠡ ᠶᠢᠨ ᠦᠷ᠎ᠡ ᠤᠳᠤᠮ ᠠᠴᠠ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ ᠡᠷ᠎ᠡ ᠬᠥᠮᠦᠨ ᠪᠦᠷᠢ ᠲᠤᠰ ᠲᠤᠰ ᠤᠨ ᠠᠢᠮᠠᠭ ᠪᠣᠯᠣᠨ ᠭᠡᠷ ᠪᠦᠯᠢ ᠶᠢᠨ ᠢᠶᠠᠨ ᠳᠠᠭᠠᠤ ᠨᠡᠷ᠎ᠡ ᠪᠡᠨ ᠪᠦᠷᠢᠳᠬᠡᠭᠦᠯᠦᠭᠰᠡᠨ ᠳᠦ᠂ 37 ᠪᠢᠨᠶᠠᠮᠢᠨ ᠣᠪᠣᠭ ᠠᠴᠠ ᠲᠣᠭᠠᠯᠠᠭᠤᠯᠤᠭᠰᠠᠨ ᠡᠷᠡᠴᠦᠳ ᠭᠤᠷᠪᠠᠨ ᠲᠦᠮᠡ ᠲᠠᠪᠤᠨ ᠮᠢᠩ᠋ᠭ᠎ᠠ ᠳᠥᠷᠪᠡᠨ ᠵᠠᠭᠤ ᠪᠠᠢᠯ᠎ᠠ᠃

38 ᠳ᠋ᠠᠨ ᠤ ᠬᠣᠢᠴᠢ ᠦᠶ᠎ᠡ ᠶᠢᠨ ᠦᠷ᠎ᠡ ᠤᠳᠤᠮ ᠠᠴᠠ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ ᠡᠷ᠎ᠡ ᠬᠥᠮᠦᠨ ᠪᠦᠷᠢ ᠲᠤᠰ ᠲᠤᠰ ᠤᠨ ᠠᠢᠮᠠᠭ ᠪᠣᠯᠣᠨ ᠭᠡᠷ ᠪᠦᠯᠢ ᠶᠢᠨ ᠢᠶᠠᠨ ᠳᠠᠭᠠᠤ ᠨᠡᠷ᠎ᠡ ᠪᠡᠨ ᠪᠦᠷᠢᠳᠬᠡᠭᠦᠯᠦᠭᠰᠡᠨ ᠳᠦ᠂ 39 ᠳ᠋ᠠᠨ ᠣᠪᠣᠭ ᠠᠴᠠ ᠲᠣᠭᠠᠯᠠᠭᠤᠯᠤᠭᠰᠠᠨ ᠡᠷᠡᠴᠦᠳ ᠵᠢᠷᠭᠤᠭᠠᠨ ᠲᠦᠮᠡ ᠬᠣᠶᠠᠷ ᠮᠢᠩ᠋ᠭ᠎ᠠ ᠳᠣᠯᠣᠭᠠᠨ ᠵᠠᠭᠤ ᠪᠠᠢᠯ᠎ᠠ᠃

40 ᠠᠱᠧᠷ ᠤᠨ ᠬᠣᠢᠴᠢ ᠦᠶ᠎ᠡ ᠶᠢᠨ ᠦᠷ᠎ᠡ ᠤᠳᠤᠮ ᠠᠴᠠ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ ᠡᠷ᠎ᠡ ᠬᠥᠮᠦᠨ ᠪᠦᠷᠢ ᠲᠤᠰ ᠲᠤᠰ ᠤᠨ ᠠᠢᠮᠠᠭ ᠪᠣᠯᠣᠨ ᠭᠡᠷ ᠪᠦᠯᠢ ᠶᠢᠨ ᠢᠶᠠᠨ ᠳᠠᠭᠠᠤ ᠨᠡᠷ᠎ᠡ ᠪᠡᠨ ᠪᠦᠷᠢᠳᠬᠡᠭᠦᠯᠦᠭᠰᠡᠨ ᠳᠦ᠂ 41 ᠠᠱᠧᠷ ᠣᠪᠣᠭ ᠠᠴᠠ ᠲᠣᠭᠠᠯᠠᠭᠤᠯᠤᠭᠰᠠᠨ ᠡᠷᠡᠴᠦᠳ ᠳᠥᠷᠪᠡᠨ ᠲᠦᠮᠡ ᠨᠢᠭᠡᠨ ᠮᠢᠩ᠋ᠭ᠎ᠠ ᠲᠠᠪᠤᠨ ᠵᠠᠭᠤ ᠪᠠᠢᠯ᠎ᠠ᠃

42 ᠨᠠᠹᠲ᠋ᠠᠯᠢ ᠶᠢᠨ ᠬᠣᠢᠴᠢ ᠦᠶ᠎ᠡ ᠶᠢᠨ ᠦᠷ᠎ᠡ ᠤᠳᠤᠮ ᠠᠴᠠ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ ᠡᠷ᠎ᠡ ᠬᠥᠮᠦᠨ ᠪᠦᠷᠢ ᠲᠤᠰ ᠲᠤᠰ ᠤᠨ ᠠᠢᠮᠠᠭ ᠪᠣᠯᠣᠨ ᠭᠡᠷ ᠪᠦᠯᠢ ᠶᠢᠨ ᠢᠶᠠᠨ ᠳᠠᠭᠠᠤ ᠨᠡᠷ᠎ᠡ ᠪᠡᠨ ᠪᠦᠷᠢᠳᠬᠡᠭᠦᠯᠦᠭᠰᠡᠨ ᠳᠦ᠂ 43 ᠨᠠᠹᠲ᠋ᠠᠯᠢ ᠣᠪᠣᠭ ᠠᠴᠠ ᠲᠣᠭᠠᠯᠠᠭᠤᠯᠤᠭᠰᠠᠨ ᠡᠷᠡᠴᠦᠳ ᠲᠠᠪᠤᠨ ᠲᠦᠮᠡ ᠭᠤᠷᠪᠠᠨ ᠮᠢᠩ᠋ᠭ᠎ᠠ ᠳᠥᠷᠪᠡᠨ ᠵᠠᠭᠤ ᠪᠠᠢᠯ᠎ᠠ᠃

44 ᠮᠣᠰᠧ ᠠᠷᠣᠨ ᠬᠣᠶᠠᠷ ᠢᠰᠷᠧᠯ ᠤᠨ ᠤᠳᠤᠷᠢᠳᠤᠭᠴᠢᠳ ᠪᠣᠯᠬᠤ ᠥᠪᠡᠷ ᠥᠪᠡᠷ ᠦᠨ ᠢᠶᠠᠨ ᠭᠡᠷ ᠪᠦᠯᠢ ᠶᠢ ᠲᠥᠯᠥᠭᠡᠯᠡᠭᠰᠡᠨ ᠠᠷᠪᠠᠨ ᠬᠣᠶᠠᠷ ᠬᠥᠮᠦᠨ ᠲᠡᠢ ᠬᠠᠮᠲᠤ ᠡᠳᠡᠭᠡᠷ ᠬᠥᠮᠦᠰ ᠢ ᠲᠣᠭᠠᠯᠠᠭᠰᠠᠨ ᠳᠤ᠂ 45 ᠭᠡᠷ ᠪᠦᠯᠢ ᠶᠢᠨ ᠢᠶᠠᠨ ᠳᠠᠭᠠᠤ ᠪᠦᠷᠢᠳᠬᠡᠭᠦᠯᠦᠭᠰᠡᠨ ᠪᠦᠬᠦ ᠢᠰᠷᠧᠯᠴᠦᠳ ᠦᠨ ᠳᠤᠮᠳᠠ ᠠᠴᠠ ᠬᠣᠷᠢ ᠪᠠ ᠲᠡᠭᠦᠨ ᠡᠴᠡ ᠳᠡᠭᠡᠭᠰᠢ ᠨᠠᠰᠤᠨ ᠤ ᠳᠠᠢᠨ ᠳᠤ ᠮᠣᠷᠳᠠᠬᠤ 46 ᠡᠷ᠎ᠡ ᠬᠥᠮᠦᠨ ᠪᠦᠭᠦᠳᠡ ᠵᠢᠷᠠᠨ ᠲᠦᠮᠡ ᠭᠤᠷᠪᠠᠨ ᠮᠢᠩ᠋ᠭ᠎ᠠ ᠲᠠᠪᠤᠨ ᠵᠠᠭᠤ ᠲᠠᠪᠢ ᠪᠠᠢᠯ᠎ᠠ᠃ 47 ᠬᠠᠷᠢᠨ ᠲᠡᠳᠡᠨ ᠦ ᠳᠤᠮᠳᠠ ᠯᠧᠸᠢᠴᠦᠳ ᠦᠨ ᠭᠡᠷ ᠪᠦᠯᠢ ᠨᠦᠭᠦᠳ ᠲᠣᠭᠠᠯᠠᠭᠤᠯᠤᠭᠰᠠᠨ ᠦᠭᠡᠢ᠃

48 ᠤᠴᠢᠷ ᠨᠢ ᠶᠣᠬᠣᠸᠠ ᠮᠣᠰᠧ ᠳᠤ ᠠᠢᠯᠠᠳᠤᠨ᠄ 49 《ᠴᠢ ᠢᠰᠷᠧᠯᠴᠦᠳ ᠢ ᠲᠣᠭᠠᠯᠠᠬᠤ ᠳᠠᠭᠠᠨ ᠯᠧᠸᠢ ᠣᠪᠣᠭ ᠢ ᠪᠦᠦ ᠲᠣᠭᠠᠯᠠ᠂ ᠲᠡᠳᠡᠨ ᠦ ᠲᠣᠭ᠎ᠠ ᠶᠢ ᠪᠦᠦ ᠣᠷᠣᠭᠤᠯ᠃ 50 ᠬᠠᠷᠢᠨ ᠯᠧᠸᠢᠴᠦᠳ ᠲᠦ ᠭᠡᠷᠡᠴᠢᠯᠡᠯ ᠦᠨ ᠴᠠᠴᠠᠷ ᠪᠣᠯᠣᠨ ᠲᠡᠭᠦᠨ ᠦ ᠠᠯᠢᠪᠠ ᠬᠡᠷᠡᠭᠰᠡᠯ᠂ ᠡᠭᠦᠨ ᠳᠦ ᠬᠠᠮᠢᠶ᠎ᠠ ᠲᠠᠢ ᠪᠦᠬᠦᠨ ᠢ ᠬᠠᠷᠢᠭᠤᠴᠠᠭᠤᠯ᠃ ᠲᠡᠳᠡ ᠴᠠᠴᠠᠷ ᠪᠣᠯᠣᠨ ᠲᠡᠭᠦᠨ ᠦ ᠪᠦᠬᠦ ᠬᠡᠷᠡᠭᠰᠡᠯ ᠢ ᠠᠪᠴᠤ ᠶᠠᠪᠤᠨ᠂ ᠴᠠᠴᠠᠷ ᠤᠨ ᠲᠥᠯᠥᠭᠡ ᠦᠢᠯᠡᠴᠢᠯᠡᠬᠦ ᠪᠥᠭᠡᠳ ᠴᠠᠴᠠᠷ ᠢ ᠲᠣᠭᠣᠷᠢᠨ ᠪᠠᠭᠤᠳᠠᠯᠯᠠᠬᠤ ᠪᠣᠯᠣᠨ᠎ᠠ᠃ 51 ᠴᠠᠴᠠᠷ ᠢ ᠨᠡᠭᠦᠯᠭᠡᠬᠦ ᠪᠣᠯᠭᠠᠨ ᠳᠤ ᠯᠧᠸᠢᠴᠦᠳ ᠲᠡᠭᠦᠨ ᠢ ᠪᠠᠭᠤᠯᠭᠠᠨ᠎ᠠ᠂ ᠴᠠᠴᠠᠷ ᠢ ᠪᠠᠭᠤᠳᠠᠯᠯᠠᠭᠤᠯᠬᠤ ᠦᠶ᠎ᠡ ᠳᠦ ᠴᠤ ᠯᠧᠸᠢᠴᠦᠳ ᠲᠡᠭᠦᠨ ᠢ ᠪᠣᠰᠬᠠᠨ ᠪᠠᠷᠢᠨ᠎ᠠ᠃ ᠬᠡᠷᠪᠡ ᠭᠠᠳᠠᠨ᠎ᠠ ᠶᠢᠨ ᠬᠥᠮᠦᠨ ᠣᠢᠷᠠᠲᠤᠵᠤ ᠣᠴᠢᠪᠠᠯ ᠴᠠᠭᠠᠵᠠᠯᠠᠭᠤᠯᠬᠤ ᠪᠣᠯᠣᠨ᠎ᠠ᠃ 52 ᠢᠰᠷᠧᠯᠴᠦᠳ ᠳᠠᠢᠴᠢᠳ ᠤᠨ ᠪᠠᠭ ᠢᠶᠠᠷ ᠢᠶᠠᠨ ᠮᠠᠢᠬᠠᠨ ᠢᠶᠠᠨ ᠪᠣᠰᠬᠠᠵᠤ ᠥᠪᠡᠷ ᠦᠨ ᠢᠶᠠᠨ ᠲᠤᠭ ᠤᠨ ᠳᠣᠣᠷ᠎ᠠ ᠥᠪᠡᠷ ᠦᠨ ᠢᠶᠠᠨ ᠬᠤᠸᠠᠷᠠᠨ ᠳᠤ ᠪᠠᠭᠤᠳᠠᠯᠯᠠᠬᠤ ᠪᠣᠯᠣᠨ᠎ᠠ᠃ 53 ᠬᠠᠷᠢᠨ ᠯᠧᠸᠢᠴᠦᠳ ᠯᠠ ᠭᠡᠷᠡᠴᠢᠯᠡᠯ ᠦᠨ ᠴᠠᠴᠠᠷ ᠢ ᠲᠣᠭᠣᠷᠢᠨ ᠪᠠᠭᠤᠳᠠᠯᠯᠠᠬᠤ ᠪᠣᠯᠣᠨ᠎ᠠ᠂ ᠡᠨᠡ ᠨᠢ ᠢᠰᠷᠧᠯᠴᠦᠳ ᠦᠨ ᠨᠡᠢᠲᠡ ᠴᠢᠭᠤᠯᠭᠠᠨ ᠳᠡᠭᠡᠷ᠎ᠡ ᠠᠭᠤᠷ ᠬᠢᠯᠢᠩ ᠪᠠᠢᠯᠭᠠᠬᠤ ᠦᠭᠡᠢ ᠶᠢᠨ ᠲᠤᠯᠠᠳᠠ ᠶᠤᠮ᠃ ᠡᠢᠨ ᠬᠦ ᠯᠧᠸᠢᠴᠦᠳ ᠭᠡᠷᠡᠴᠢᠯᠡᠯ ᠦᠨ ᠴᠠᠴᠠᠷ ᠢ ᠰᠠᠬᠢᠬᠤ ᠡᠭᠦᠷᠭᠡ ᠪᠡᠨ ᠪᠡᠶᠡᠯᠡᠭᠦᠯᠬᠦ ᠪᠣᠯᠣᠨ᠎ᠠ》 ᠭᠡᠪᠡ᠃ 54 ᠲᠡᠢᠨ ᠬᠦ ᠢᠰᠷᠧᠯᠴᠦᠳ ᠶᠣᠬᠣᠸᠠ ᠶᠢᠨ ᠮᠣᠰᠧ ᠳᠤ ᠲᠤᠰᠢᠶᠠᠭᠰᠠᠨ ᠪᠦᠬᠦᠨ ᠦ ᠶᠣᠰᠣᠭᠠᠷ ᠬᠢᠵᠡᠢ᠃