1 2 3 4 5 6 7 8 9 10 11 12 13 14 15 16 17 18 19 20 21 22 23 24 25 26 27 28 29 30 31 32 33 34 35 36


ᠲᠣᠭᠠᠯᠠᠯᠭ᠎ᠠ ᠵᠢᠷᠭᠤᠭ᠎ᠠ
 ᠨᠠᠽᠢᠷᠴᠤᠳ

1 ᠶᠣᠬᠣᠸᠠ ᠮᠣᠰᠧ ᠳᠤ ᠠᠢᠯᠠᠳᠤᠨ᠄ 2 《ᠢᠰᠷᠧᠯᠴᠦᠳ ᠲᠦ ᠵᠠᠬᠢ᠄ ᠡᠷᠡᠭᠲᠡᠢ ᠡᠮᠡᠭᠲᠡᠢ ᠢᠯᠠᠭᠠᠯ ᠦᠭᠡᠢ ᠶᠠᠮᠠᠷ ᠴᠤ ᠬᠥᠮᠦᠨ ᠥᠪᠡᠷ ᠢ ᠪᠠᠨ ᠲᠤᠰᠠᠭᠠᠷᠯᠠᠨ ᠶᠣᠬᠣᠸᠠ ᠳᠤ ᠵᠣᠷᠢᠭᠤᠯᠬᠤ ᠪᠠᠷ ᠨᠠᠽᠢᠷ ᠬᠥᠮᠦᠨ 3  ᠤ ᠣᠨᠴᠠᠭᠠᠢ ᠠᠮᠠᠨ ᠥᠴᠢᠭ ᠢ ᠥᠭᠬᠦ ᠭᠡᠪᠡᠯ᠂ 3 ᠲᠡᠷᠡ ᠬᠥᠮᠦᠨ ᠦᠵᠦᠮ ᠦᠨ ᠳᠠᠷᠠᠰᠤ ᠪᠣᠯᠣᠨ ᠰᠠᠷᠬᠤᠳ ᠢ ᠴᠡᠭᠡᠷᠯᠡᠵᠦ᠂ ᠦᠵᠦᠮ ᠦᠨ ᠳᠠᠷᠠᠰᠤ ᠪᠤᠶᠤ ᠠᠷᠢᠬᠢ ᠪᠠᠷ ᠬᠢᠭᠳᠡᠭᠰᠡᠨ ᠼᠤᠤ ᠶᠢ ᠤᠤᠭᠤᠵᠤ ᠪᠣᠯᠬᠤ ᠦᠭᠡᠢ᠃ ᠮᠥᠨ ᠦᠵᠦᠮ ᠦᠨ ᠰᠢᠭᠦᠰᠦ ᠶᠢ ᠴᠤ ᠤᠤᠭᠤᠵᠤ ᠪᠣᠯᠬᠤ ᠦᠭᠡᠢ ᠪᠥᠭᠡᠳ ᠲᠦᠭᠦᠬᠡᠢ ᠦᠵᠦᠮ ᠢ ᠴᠤ᠂ ᠬᠠᠲᠠᠭᠠᠭᠰᠠᠨ ᠦᠵᠦᠮ ᠢ ᠴᠤ ᠢᠳᠡᠵᠦ ᠪᠣᠯᠬᠤ ᠦᠭᠡᠢ᠃ 4 ᠲᠤᠰᠠᠭᠠᠷᠯᠠᠯᠲᠠ ᠶᠢᠨ ᠢᠶᠠᠨ ᠪᠦᠬᠦ ᠬᠤᠭᠤᠴᠠᠭᠠᠨ ᠳᠤ᠂ ᠲᠡᠷᠡ ᠦᠷ᠎ᠡ ᠡᠴᠡ ᠨᠢ ᠠᠪᠤᠭᠠᠳ ᠬᠠᠯᠢᠰᠤᠨ ᠳᠤᠨᠢ ᠴᠤ ᠬᠦᠷᠲᠡᠯ᠎ᠡ ᠦᠵᠦᠮ ᠦᠨ ᠮᠣᠳᠣᠨ ᠠᠴᠠ ᠭᠠᠷᠤᠭᠰᠠᠨ ᠶᠠᠭᠤᠮ᠎ᠠ ᠶᠢ ᠢᠳᠡᠵᠦ ᠪᠣᠯᠬᠤ ᠦᠭᠡᠢ᠃

5 ᠠᠮᠠᠨ ᠥᠴᠢᠭ ᠥᠭᠴᠦ ᠲᠤᠰᠠᠭᠠᠷᠯᠠᠭᠰᠠᠨ ᠪᠦᠬᠦ ᠬᠤᠭᠤᠴᠠᠭᠠᠨ ᠳᠤ ᠲᠣᠯᠣᠭᠠᠢ ᠳᠤᠨᠢ ᠲᠣᠩ᠋ᠭᠣᠷᠠᠭ ᠬᠦᠷᠴᠦ ᠪᠣᠯᠬᠤ ᠦᠭᠡᠢ᠃ ᠶᠣᠬᠣᠸᠠ ᠳᠤ ᠥᠪᠡᠷ ᠢ ᠪᠠᠨ ᠲᠤᠰᠠᠭᠠᠷᠯᠠᠭᠰᠠᠨ ᠬᠤᠭᠤᠴᠠᠭ᠎ᠠ ᠪᠠᠨ ᠳᠠᠭᠤᠰᠲᠠᠯ᠎ᠠ ᠲᠡᠷᠡ ᠠᠷᠢᠭᠤᠨ 4 ᠪᠠᠢᠬᠤ ᠶᠣᠰᠣᠲᠠᠢ᠃ ᠲᠣᠯᠣᠭᠠᠢ ᠶᠢᠨ ᠬᠢᠨᠢ ᠦᠰᠦ ᠤᠷᠲᠤ ᠤᠷᠭᠤᠭ᠃

6 ᠶᠣᠬᠣᠸᠠ ᠳᠤ ᠲᠤᠰᠠᠭᠠᠷᠯᠠᠭᠳᠠᠭᠰᠠᠨ ᠪᠦᠬᠦ ᠬᠤᠭᠤᠴᠠᠭᠠᠨ ᠳᠠᠭᠠᠨ ᠲᠡᠷᠡ ᠪᠡᠷ ᠦᠬᠦᠭᠰᠡᠨ ᠬᠥᠮᠦᠨ ᠳᠦ ᠣᠢᠷᠠᠲᠤᠵᠤ ᠪᠣᠯᠬᠤ ᠦᠭᠡᠢ᠃ 7 ᠲᠡᠭᠦᠨ ᠦ ᠲᠣᠯᠣᠭᠠᠢ ᠳᠡᠭᠡᠷ᠎ᠡ ᠪᠤᠷᠬᠠᠨ ᠳᠤ ᠥᠪᠡᠷ ᠢ ᠪᠠᠨ ᠵᠣᠷᠢᠭᠤᠯᠤᠭᠰᠠᠨ ᠤ ᠲᠡᠮᠳᠡᠭ ᠪᠠᠢᠭ᠎ᠠ ᠤᠴᠢᠷ ᠠᠴᠠ ᠡᠴᠢᠭᠡ ᠡᠬᠡ᠂ ᠠᠬ᠎ᠠ ᠡᠭᠡᠴᠢ ᠳᠡᠭᠦᠦ ᠪᠡᠨ ᠥᠭᠡᠳᠡ ᠪᠣᠯᠬᠤ ᠦᠶ᠎ᠡ ᠳᠦ ᠴᠤ ᠪᠡᠶ᠎ᠡ ᠪᠡᠨ ᠪᠤᠵᠠᠷᠯᠠᠵᠤ ᠪᠣᠯᠬᠤ ᠦᠭᠡᠢ᠃ 8 ᠲᠤᠰᠠᠭᠠᠷᠯᠠᠯᠲᠠ ᠶᠢᠨ ᠪᠦᠬᠦ ᠬᠤᠭᠤᠴᠠᠭᠠᠨ ᠳᠤ ᠲᠡᠷᠡ ᠪᠡᠷ ᠶᠣᠬᠣᠸᠠ ᠳᠤ ᠠᠷᠢᠭᠤᠨ ᠪᠠᠢᠬᠤ ᠶᠣᠰᠣᠲᠠᠢ᠃

9 ᠬᠠᠷᠢᠨ ᠲᠡᠭᠦᠨ ᠦ ᠳᠡᠷᠭᠡᠳᠡ ᠭᠡᠨᠡᠳᠲᠡᠬᠡᠨ ᠬᠥᠮᠦᠨ ᠦᠬᠦᠵᠦ᠂ ᠠᠷᠢᠭᠤᠨ ᠪᠠᠢᠳᠠᠯ ᠳᠤ ᠵᠣᠷᠢᠭᠤᠯᠤᠭᠰᠠᠨ ᠲᠣᠯᠣᠭᠠᠢ ᠶᠢ ᠨᠢ ᠪᠤᠵᠠᠷᠯᠠᠭᠰᠠᠨ ᠲᠣᠬᠢᠶᠠᠯᠳᠤᠯ ᠳᠤ᠂ ᠲᠡᠷᠡ ᠴᠡᠪᠡᠷᠰᠢᠬᠦ ᠡᠳᠦᠷ᠂ ᠲᠤᠬᠠᠢᠯᠠᠪᠠᠯ ᠳᠣᠯᠣᠳᠠᠬᠢ ᠡᠳᠦᠷ ᠲᠦ ᠦᠰᠦ ᠪᠡᠨ ᠬᠤᠰᠤᠬᠤ ᠶᠣᠰᠣᠲᠠᠢ᠃ 10 ᠨᠠᠢ᠌ᠮᠠᠳᠠᠬᠢ ᠡᠳᠦᠷ ᠨᠢ ᠲᠡᠷᠡ ᠪᠡᠷ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠬᠣᠶᠠᠷ ᠬᠡᠭᠦᠷᠵᠡᠭᠡᠨ᠎ᠡ᠂ ᠡᠰᠡᠪᠡᠯ ᠲᠠᠭᠲᠠᠭᠠᠨ ᠤ ᠬᠣᠶᠠᠷ ᠳᠡᠭᠳᠡᠭᠡᠬᠡᠢ ᠠᠪᠴᠢᠷᠠᠵᠤ ᠲᠠᠬᠢᠯᠴᠢ ᠳᠤ ᠥᠭᠬᠦ ᠶᠣᠰᠣᠲᠠᠢ᠃ 11 ᠲᠠᠬᠢᠯᠴᠢ ᠨᠢᠭᠡ ᠶᠢ ᠨᠢ ᠨᠢᠭᠦᠯ ᠦᠨ ᠲᠠᠬᠢᠯ ᠳᠤ᠂ ᠨᠥᠭᠥᠭᠡ ᠶᠢ ᠨᠢ ᠰᠢᠲᠠᠭᠠᠯᠭᠠᠲᠤ ᠲᠠᠬᠢᠯ ᠳᠤ ᠡᠷᠭᠦᠵᠦ᠂ ᠬᠡᠭᠦᠷ ᠲᠦ ᠤᠴᠠᠷᠠᠭᠰᠠᠨ ᠭᠡᠮ ᠦᠨ ᠬᠢᠨᠢ ᠲᠥᠯᠥᠭᠡ ᠲᠡᠭᠦᠨ ᠦ ᠡᠮᠦᠨ᠎ᠡ ᠡᠴᠡ ᠬᠡᠯᠲᠦᠷᠢᠭᠦᠯᠦᠯᠭᠡ ᠬᠢᠬᠦ ᠪᠥᠭᠡᠳ ᠲᠡᠷᠡ ᠡᠳᠦᠷ ᠢᠶᠡᠨ ᠥᠨᠥᠬᠢ ᠬᠥᠮᠦᠨ ᠲᠣᠯᠣᠭᠠᠢ ᠪᠠᠨ ᠳᠠᠬᠢᠨ ᠠᠷᠢᠭᠤᠰᠬᠠᠬᠤ ᠪᠥᠭᠡᠳ᠂ 12 ᠲᠤᠰᠠᠭᠠᠷᠯᠠᠯᠲᠠ ᠶᠢᠨ ᠢᠶᠠᠨ ᠬᠤᠭᠤᠴᠠᠭᠠᠨ ᠳᠤ ᠥᠪᠡᠷ ᠢ ᠪᠠᠨ ᠶᠣᠬᠣᠸᠠ ᠳᠤ ᠵᠣᠷᠢᠭᠤᠯᠵᠤ᠂ ᠭᠡᠮ ᠦᠨ ᠲᠠᠬᠢᠯ ᠳᠤ ᠡᠷ᠎ᠡ ᠬᠤᠷᠠᠭ᠎ᠠ ᠠᠪᠴᠢᠷᠠᠬᠤ ᠶᠣᠰᠣᠲᠠᠢ᠃ ᠬᠠᠷᠢᠨ ᠲᠤᠰᠠᠭᠠᠷᠯᠠᠯᠲᠠ ᠶᠢᠨ ᠢᠶᠠᠨ ᠬᠤᠭᠤᠴᠠᠭᠠᠨ ᠳᠤ ᠪᠤᠵᠠᠷᠲᠤᠭᠰᠠᠨ ᠲᠤᠯᠠ ᠤᠷᠢᠳᠤ ᠶᠢᠨ ᠬᠤᠭᠤᠴᠠᠭ᠎ᠠ ᠨᠢ ᠬᠦᠴᠦᠨ ᠦᠭᠡᠢ ᠪᠣᠯᠣᠨ᠎ᠠ᠃

13 ᠲᠤᠰᠠᠭᠠᠷᠯᠠᠯᠲᠠ ᠶᠢᠨ ᠬᠤᠭᠤᠴᠠᠭ᠎ᠠ ᠳᠠᠭᠤᠰᠬᠤ ᠳᠤ ᠨᠠᠽᠢᠷ ᠬᠥᠮᠦᠨ ᠦ ᠰᠠᠬᠢᠬᠤ ᠬᠠᠤᠯᠢ ᠡᠨᠡ ᠶᠤᠮ᠃ ᠲᠡᠷᠡ ᠬᠥᠮᠦᠨ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠣᠴᠢᠵᠤ᠂ 14 ᠲᠠᠬᠢᠯ ᠢᠶᠠᠨ ᠶᠣᠬᠣᠸᠠ ᠳᠤ ᠡᠷᠭᠦᠬᠦ ᠶᠣᠰᠣᠲᠠᠢ᠃ ᠲᠤᠬᠠᠢᠯᠠᠪᠠᠯ ᠰᠢᠲᠠᠭᠠᠯᠭᠠᠲᠤ ᠲᠠᠬᠢᠯ ᠳᠤ ᠵᠣᠷᠢᠭᠤᠯᠤᠨ ᠰᠣᠭᠣᠭ ᠦᠭᠡᠢ ᠡᠷ᠎ᠡ ᠬᠤᠷᠠᠭ᠎ᠠ᠂ ᠨᠢᠭᠦᠯ ᠦᠨ ᠲᠠᠬᠢᠯ ᠳᠤ ᠰᠣᠭᠣᠭ ᠦᠭᠡᠢ ᠥᠬᠢᠨ ᠬᠤᠷᠠᠭ᠎ᠠ᠂ ᠡᠪ ᠦᠨ ᠲᠠᠬᠢᠯ ᠳᠤ ᠰᠣᠭᠣᠭ ᠦᠭᠡᠢ ᠬᠤᠴᠠ ᠶᠢ᠂ 15 ᠡᠭᠦᠨ ᠡᠴᠡ ᠭᠠᠳᠠᠨ᠎ᠠ ᠢᠰᠭᠡᠭᠡ ᠦᠭᠡᠢ ᠪᠣᠣᠪᠣ᠂ ᠲᠤᠬᠠᠢᠯᠠᠪᠠᠯ ᠲᠣᠰᠣ ᠲᠠᠢ ᠪᠠᠭᠰᠤᠷᠠᠭᠰᠠᠨ ᠪᠣᠣᠪᠣ ᠬᠢᠭᠡᠳ ᠲᠣᠰᠣ ᠲᠦᠷᠬᠢᠭᠰᠡᠨ ᠢᠰᠭᠡᠭᠡ ᠦᠭᠡᠢ ᠬᠠᠭᠠᠷᠢᠭᠰᠠᠨ ᠪᠣᠣᠪᠣ ᠵᠡᠷᠭᠡ ᠶᠢ ᠬᠢᠭᠰᠡᠨ ᠨᠢᠭᠡ ᠰᠠᠭᠰᠤ ᠶᠢ ᠢᠳᠡᠭᠡᠨ ᠡᠷᠭᠦᠯ ᠪᠣᠯᠣᠨ ᠤᠮᠳᠠᠭᠠᠨ ᠡᠷᠭᠦᠯ ᠲᠡᠢ ᠬᠠᠮᠲᠤ ᠡᠷᠭᠦᠬᠦ ᠶᠣᠰᠣᠲᠠᠢ᠃ 16 ᠲᠠᠬᠢᠯᠴᠢ ᠡᠳᠡᠭᠡᠷ ᠢ ᠶᠣᠬᠣᠸᠠ ᠶᠢᠨ ᠡᠮᠦᠨ᠎ᠡ ᠠᠪᠴᠢᠷᠠᠬᠤ ᠪᠥᠭᠡᠳ ᠨᠢᠭᠦᠯ ᠦᠨ ᠲᠠᠬᠢᠯ ᠪᠣᠯᠣᠨ ᠰᠢᠲᠠᠭᠠᠯᠭᠠᠲᠤ ᠲᠠᠬᠢᠯ ᠢ ᠨᠢ ᠡᠷᠭᠦᠵᠦ᠂ 17 ᠳᠠᠷᠠᠭ᠎ᠠ ᠨᠢ ᠶᠣᠬᠣᠸᠠ ᠳᠤ ᠡᠪ ᠦᠨ ᠲᠠᠬᠢᠯ ᠪᠣᠯᠬᠤ ᠬᠤᠴᠠ ᠶᠢ ᠨᠢᠭᠡ ᠰᠠᠭᠰᠤ ᠢᠰᠭᠡᠭᠡ ᠦᠭᠡᠢ ᠪᠣᠣᠪᠣ ᠲᠠᠢ ᠬᠠᠮᠲᠤ ᠡᠷᠭᠦᠨ᠎ᠡ᠃ ᠲᠠᠬᠢᠯᠴᠢ ᠮᠥᠨ ᠲᠡᠭᠦᠨ ᠦ ᠢᠳᠡᠭᠡᠨ ᠡᠷᠭᠦᠯ ᠪᠣᠯᠣᠨ ᠤᠮᠳᠠᠭᠠᠨ ᠡᠷᠭᠦᠯ ᠢ ᠴᠤ ᠡᠷᠭᠦᠬᠦ ᠪᠣᠯᠣᠨ᠎ᠠ᠃ 18 ᠲᠡᠭᠡᠪᠡᠯ ᠨᠠᠽᠢᠷ ᠬᠥᠮᠦᠨ ᠠᠷᠢᠭᠤᠨ ᠪᠠᠢᠳᠠᠯ ᠳᠤ ᠵᠣᠷᠢᠭᠤᠯᠤᠭᠰᠠᠨ ᠲᠣᠯᠣᠭᠠᠢ ᠪᠠᠨ ᠠᠭᠤᠯᠵᠠᠯᠲᠠ ᠶᠢᠨ ᠴᠠᠴᠠᠷ ᠤᠨ ᠡᠭᠦᠳᠡᠨ ᠳᠦ ᠬᠤᠰᠤᠵᠤ ᠠᠷᠢᠭᠤᠨ ᠪᠠᠢᠳᠠᠯ ᠳᠤ ᠵᠣᠷᠢᠭᠤᠯᠤᠭᠰᠠᠨ ᠲᠣᠯᠣᠭᠠᠢ ᠶᠢᠨ ᠢᠶᠠᠨ ᠦᠰᠦ ᠶᠢ ᠠᠪᠴᠤ᠂ ᠡᠪ ᠦᠨ ᠲᠠᠬᠢᠯ ᠤᠨ ᠳᠣᠣᠷ᠎ᠠ ᠰᠢᠲᠠᠵᠤ ᠪᠤᠢ ᠭᠠᠯ ᠳᠤ ᠬᠢᠨ᠎ᠡ᠃ 19 ᠨᠠᠽᠢᠷ ᠬᠥᠮᠦᠨ ᠠᠷᠢᠭᠤᠨ ᠪᠠᠢᠳᠠᠯ ᠳᠤ ᠵᠣᠷᠢᠭᠤᠯᠤᠭᠰᠠᠨ ᠲᠣᠯᠣᠭᠠᠢ ᠪᠠᠨ ᠬᠤᠰᠤᠭᠰᠠᠨ ᠤ ᠳᠠᠷᠠᠭ᠎ᠠ᠂ ᠲᠠᠬᠢᠯᠴᠢ ᠴᠢᠨᠠᠭᠰᠠᠨ ᠬᠤᠴᠠ ᠶᠢᠨ ᠳᠠᠯᠤ ᠶᠢ᠂ ᠰᠠᠭᠰᠤᠨ ᠠᠴᠠ ᠠᠪᠤᠭᠰᠠᠨ ᠨᠢᠭᠡ ᠢᠰᠭᠡᠭᠡ ᠦᠭᠡᠢ ᠪᠣᠣᠪᠣ᠂ ᠨᠢᠭᠡ ᠢᠰᠭᠡᠭᠡ ᠦᠭᠡᠢ ᠬᠠᠭᠠᠷᠢᠭᠰᠠᠨ ᠪᠣᠣᠪᠣ ᠶᠢ ᠨᠠᠽᠢᠷ ᠬᠥᠮᠦᠨ ᠦ ᠬᠣᠶᠠᠷ ᠭᠠᠷ ᠳᠡᠭᠡᠷ᠎ᠡ ᠲᠠᠯᠪᠢᠭᠠᠳ 20 ᠲᠡᠳᠡᠭᠡᠷ ᠢ ᠳᠠᠯᠠᠯᠬᠤ ᠲᠠᠬᠢᠯ ᠪᠣᠯᠭᠠᠨ ᠶᠣᠬᠣᠸᠠ ᠶᠢᠨ ᠡᠮᠦᠨ᠎ᠡ ᠳᠠᠯᠠᠯᠬᠤ ᠶᠣᠰᠣᠲᠠᠢ᠃ ᠡᠨᠡ ᠨᠢ ᠠᠷᠢᠭᠤᠨ ᠪᠥᠭᠡᠳ ᠳᠠᠯᠠᠯᠤᠭᠰᠠᠨ ᠡᠪᠴᠢᠭᠦᠦ ᠪᠣᠯᠣᠨ ᠡᠷᠭᠦᠭᠰᠡᠨ ᠭᠤᠶ᠎ᠠ ᠶᠢᠨ ᠬᠠᠮᠲᠤ ᠲᠠᠬᠢᠯᠴᠢ ᠶᠢᠨ ᠬᠤᠪᠢ ᠪᠣᠯᠣᠨ᠎ᠠ᠃ ᠡᠭᠦᠨ ᠦ ᠳᠠᠷᠠᠭ᠎ᠠ ᠯᠠ ᠨᠠᠽᠢᠷ ᠬᠥᠮᠦᠨ ᠦᠵᠦᠮ ᠦᠨ ᠳᠠᠷᠠᠰᠤ ᠤᠤᠭᠤᠵᠤ ᠪᠣᠯᠣᠨ᠎ᠠ᠃

21 ᠡᠨᠡ ᠨᠢ ᠥᠪᠡᠷ ᠢ ᠪᠠᠨ ᠲᠤᠰᠠᠭᠠᠷᠯᠠᠨ ᠵᠣᠷᠢᠭᠤᠯᠬᠤ ᠭᠡᠵᠦ ᠴᠢᠳᠠᠯ ᠠᠴᠠ ᠪᠠᠨ ᠴᠤ ᠢᠯᠡᠭᠦᠦ ᠪᠡᠷ ᠶᠣᠬᠣᠸᠠ ᠳᠤ ᠡᠷᠭᠦᠯ ᠠᠪᠴᠢᠷᠠᠬᠤ ᠪᠠᠷ ᠠᠮᠠᠨ ᠥᠴᠢᠭ ᠥᠭᠭᠥᠭᠰᠡᠨ ᠨᠠᠽᠢᠷ ᠬᠥᠮᠦᠨ ᠦ ᠰᠠᠬᠢᠬᠤ ᠬᠠᠤᠯᠢ ᠶᠤᠮ᠃ ᠲᠡᠷᠡ ᠬᠥᠮᠦᠨ ᠨᠠᠽᠢᠷ ᠬᠥᠮᠦᠨ ᠦ ᠬᠠᠤᠯᠢ ᠶᠣᠰᠣᠭᠠᠷ ᠬᠡᠯᠡᠭᠰᠡᠨ ᠦᠭᠡ ᠪᠡᠨ ᠪᠡᠶᠡᠯᠡᠭᠦᠯᠬᠦ ᠶᠣᠰᠣᠲᠠᠢ》 ᠭᠡᠪᠡ᠃
 ᠲᠠᠬᠢᠯᠴᠢ ᠶᠢᠨ ᠢᠷᠥᠭᠡᠯ

22 ᠶᠣᠬᠣᠸᠠ ᠮᠣᠰᠧ ᠳᠤ ᠠᠢᠯᠠᠳᠤᠨ᠄ 23 《ᠠᠷᠣᠨ ᠪᠣᠯᠣᠨ ᠲᠡᠭᠦᠨ ᠦ ᠬᠥᠪᠡᠭᠦᠳ ᠲᠦ ᠵᠠᠬᠢᠨ ᠢᠰᠷᠧᠯᠴᠦᠳ ᠢ ᠢᠷᠥᠭᠡᠯᠭᠡᠭᠲᠦᠨ᠃ ᠲᠠ ᠨᠠᠷ ᠲᠡᠳᠡᠨ ᠳᠦ᠄
24 〈ᠴᠢᠮᠠᠶᠢ ᠶᠣᠬᠣᠸᠠ ᠢᠪᠡᠭᠡᠵᠦ ᠰᠠᠬᠢᠨ ᠬᠠᠮᠠᠭᠠᠯᠠᠬᠤ ᠪᠣᠯᠲᠤᠭᠠᠢ᠃
25 ᠴᠢᠨᠦ ᠳᠡᠭᠡᠷ᠎ᠡ ᠶᠣᠬᠣᠸᠠ ᠨᠢᠭᠤᠷ ᠢᠶᠠᠨ ᠭᠡᠷᠡᠯᠲᠦᠭᠦᠯᠵᠦ ᠴᠢᠮ᠎ᠠ ᠶᠢ ᠡᠨᠡᠷᠢᠬᠦ ᠪᠣᠯᠲᠤᠭᠠᠢ᠃
26 ᠶᠣᠬᠣᠸᠠ ᠴᠢᠮ᠎ᠠ ᠤᠷᠤᠭᠤ ᠨᠢᠭᠤᠷ ᠢᠶᠠᠨ ᠬᠠᠷᠠᠭᠤᠯᠵᠤ ᠴᠢᠮ᠎ᠠ ᠳᠤ ᠠᠮᠤᠷ ᠠᠮᠤᠭᠤᠯᠠᠩ ᠢ ᠰᠣᠶᠣᠷᠬᠠᠬᠤ ᠪᠣᠯᠲᠤᠭᠠᠢ〉 ᠭᠡᠵᠦ ᠬᠡᠯᠡᠭᠡᠷᠡᠢ᠃

27 ᠡᠢᠨ ᠬᠦ ᠲᠡᠳᠡ ᠮᠢᠨᠦ ᠨᠡᠷ᠎ᠡ ᠶᠢ ᠢᠰᠷᠧᠯᠴᠦᠳ ᠦᠨ ᠳᠡᠭᠡᠷ᠎ᠡ ᠳᠠᠭᠤᠳᠠᠬᠤ ᠪᠥᠭᠡᠳ ᠪᠢ ᠲᠡᠳᠡᠨ ᠢ ᠢᠪᠡᠭᠡᠬᠦ ᠪᠣᠯᠣᠨ᠎ᠠ》 ᠭᠡᠪᠡ᠃