ᠲᠣᠭᠠᠯᠠᠯᠭ᠎ᠠ ᠬᠣᠷᠢᠨ ᠨᠢᠭᠡ
ᠠᠷᠠᠳ᠋ᠴᠤᠳ ᠢ ᠤᠰᠠᠳᠬᠠᠪᠠ
1 ᠨᠧᠭᠧᠪ 66 ᠲᠤ ᠠᠮᠢᠳᠤᠷᠠᠵᠤ ᠪᠠᠢᠳᠠᠭ ᠺᠠᠨᠠᠨ ᠬᠥᠮᠦᠨ ᠠᠷᠠᠳ᠋ ᠤᠨ ᠬᠠᠭᠠᠨ ᠪᠡᠷ ᠢᠰᠷᠧᠯ ᠤᠨ ᠠᠲ᠋ᠠᠷᠢᠮ ᠤᠨ ᠵᠠᠮ ᠢᠶᠠᠷ ᠢᠷᠡᠵᠦ ᠶᠠᠪᠤᠭ᠎ᠠ ᠶᠢ ᠰᠣᠨᠣᠰᠣᠭᠠᠳ ᠢᠰᠷᠧᠯ ᠤᠨ ᠡᠰᠡᠷᠭᠦ ᠳᠠᠢᠲᠤᠵᠤ᠂ ᠬᠡᠰᠡᠭ ᠬᠥᠮᠦᠰ ᠢ ᠨᠢ ᠣᠯᠵᠠᠯᠠᠪᠠ᠃ 2 ᠢᠰᠷᠧᠯ ᠶᠣᠬᠣᠸᠠ ᠳᠤ ᠲᠠᠩ᠋ᠭᠠᠷᠢᠭᠯᠠᠨ᠄ 《ᠬᠡᠷᠪᠡ ᠲᠠ ᠦᠨᠡᠬᠡᠷ ᠡᠨᠡ ᠬᠥᠮᠦᠰ ᠢ ᠮᠠᠨ ᠤ ᠭᠠᠷ ᠲᠤ ᠲᠤᠰᠢᠶᠠᠪᠠᠯ ᠪᠢᠳᠡ ᠲᠡᠳᠡᠨ ᠦ ᠬᠣᠲᠠ ᠨᠤᠭᠤᠳ ᠢ ᠪᠦᠷᠢᠮᠦᠰᠦᠨ ᠤᠰᠠᠳᠬᠠᠬᠤ ᠪᠣᠯᠣᠨ᠎ᠠ》 ᠭᠡᠬᠦ ᠳᠦ᠂ 3 ᠶᠣᠬᠣᠸᠠ ᠢᠰᠷᠧᠯ ᠤᠨ ᠳᠠᠭᠤ ᠬᠣᠭᠣᠯᠠᠢ ᠶᠢ ᠰᠣᠨᠣᠰᠴᠤ᠂ ᠺᠠᠨᠠᠨᠴᠤᠳ ᠢ ᠲᠡᠳᠡᠨ ᠳᠦ ᠲᠤᠰᠢᠶᠠᠪᠠ᠃ ᠢᠰᠷᠧᠯᠴᠦᠳ ᠲᠡᠳᠡᠨ ᠢ ᠪᠣᠯᠣᠨ ᠬᠣᠲᠠ ᠨᠤᠭᠤᠳ ᠢ ᠨᠢ ᠪᠦᠷᠢᠮᠦᠰᠦᠨ ᠤᠰᠠᠳᠬᠠᠵᠤ᠂ ᠲᠡᠷᠡ ᠭᠠᠵᠠᠷ ᠢ ᠬᠣᠷᠮᠠ 67 ᠭᠡᠵᠦ ᠨᠡᠷᠡᠯᠡᠪᠡ᠃
ᠬᠦᠷᠡᠯ ᠮᠣᠭᠠᠢ
4 ᠲᠡᠳᠡ ᠬᠣᠷ ᠠᠭᠤᠯᠠᠨ ᠠᠴᠠ ᠬᠥᠳᠡᠯᠦᠨ ᠡᠳᠣᠮ ᠤᠨ ᠨᠤᠲᠤᠭ ᠢ ᠲᠣᠭᠣᠷᠢᠨ ᠶᠠᠪᠤᠬᠤ ᠶᠢᠨ ᠲᠤᠯᠠᠳᠠ ᠤᠯᠠᠭᠠᠨ ᠲᠠᠩᠭᠢᠰ ᠤᠨ ᠵᠠᠮ ᠢᠶᠠᠷ ᠶᠠᠪᠤᠪᠠ᠃ ᠬᠠᠷᠢᠨ ᠲᠡᠷᠡ ᠵᠠᠮ ᠤᠨ ᠤᠯᠠᠮ ᠠᠴᠠ ᠠᠷᠠᠳ ᠲᠦᠮᠡᠨ ᠲᠡᠪᠴᠢᠶᠡᠷᠢ ᠦᠭᠡᠢ ᠪᠣᠯᠣᠭᠰᠠᠨ ᠪᠠᠢᠯ᠎ᠠ᠃ 5 ᠠᠷᠠᠳ ᠲᠦᠮᠡᠨ ᠪᠤᠷᠬᠠᠨ ᠪᠣᠯᠣᠨ ᠮᠣᠰᠧ ᠶᠢᠨ ᠡᠰᠡᠷᠭᠦ᠄ 《ᠶᠠᠭᠤᠨ ᠳᠤ ᠪᠢᠳᠡᠨ ᠢ ᠶᠧᠵᠢᠫᠲ ᠡᠴᠡ ᠠᠪᠴᠢᠷᠠᠭᠠᠳ ᠡᠨᠡ ᠴᠥᠯ ᠳᠤ ᠦᠬᠦᠭᠦᠯᠬᠦ ᠭᠡᠵᠦ ᠪᠠᠢᠨ᠎ᠠ︖ ᠡ᠊ᠨᠳᠡ ᠬᠣᠭᠣᠯᠠ ᠴᠤ ᠠᠯᠠᠭ᠎ᠠ᠂ ᠤᠮᠳᠠ ᠴᠤ ᠠᠯᠠᠭ᠎ᠠ᠃ ᠣᠳᠣ ᠡᠨᠡ ᠬᠡᠷᠡᠭ ᠦᠭᠡᠢ ᠬᠣᠭᠣᠯᠠ ᠶᠢ ᠵᠢᠭ᠍ᠰᠢᠵᠦ ᠪᠠᠢᠨ᠎ᠠ》 ᠭᠡᠵᠡᠭᠡᠯ᠎ᠡ᠃ 6 ᠶᠣᠬᠣᠸᠠ ᠠᠷᠠᠳ ᠣᠯᠠᠨ ᠤ ᠳᠤᠮᠳᠠ ᠭᠠᠯᠲᠤ 68 ᠮᠣᠭᠠᠢ ᠨᠤᠭᠤᠳ ᠢ ᠢᠯᠡᠭᠡᠪᠡ᠃ ᠲᠡᠳᠡᠭᠡᠷ ᠮᠣᠭᠠᠢ ᠠᠷᠠᠳ ᠣᠯᠠᠨ ᠢ ᠬᠠᠳᠬᠤᠭᠰᠠᠨ ᠢᠶᠠᠷ ᠢᠰᠷᠧᠯ ᠤᠨ ᠣᠯᠠᠨ ᠬᠥᠮᠦᠨ ᠦᠬᠦᠭᠰᠡᠨ ᠪᠠᠢᠨ᠎ᠠ᠃ 7 ᠠᠷᠠᠳ ᠲᠦᠮᠡᠨ ᠮᠣᠰᠧ ᠤᠷᠤᠭᠤ ᠢᠷᠡᠵᠦ᠄ 《ᠪᠢᠳᠡ ᠶᠣᠬᠣᠸᠠ ᠪᠣᠯᠣᠨ ᠲᠠᠨ ᠤ ᠡᠰᠡᠷᠭᠦ ᠶᠠᠷᠢᠭᠰᠠᠨ ᠢᠶᠠᠷ ᠢᠶᠠᠨ ᠨᠢᠭᠦᠯ ᠦᠢᠯᠡᠳᠪᠡ᠃ ᠶᠣᠬᠣᠸᠠ ᠠᠴᠠ ᠭᠤᠶᠤᠵᠤ ᠮᠣᠭᠠᠢ ᠶᠢ ᠪᠢᠳᠡᠨ ᠡᠴᠡ ᠵᠠᠢᠯᠠᠭᠤᠯᠤᠨ᠎ᠠ ᠤᠤ︖》 ᠭᠡᠰᠡᠨ ᠳᠦ᠂ ᠮᠣᠰᠧ ᠠᠷᠠᠳ ᠣᠯᠠᠨ ᠤ ᠡᠮᠦᠨ᠎ᠡ ᠡᠴᠡ ᠭᠤᠶᠤᠪᠠ᠃ 8 ᠶᠣᠬᠣᠸᠠ ᠮᠣᠰᠧ ᠳᠤ ᠠᠢᠯᠠᠳᠤᠨ᠄ 《ᠴᠢ ᠭᠠᠯᠲᠤ ᠮᠣᠭᠠᠢ ᠪᠦᠲᠦᠭᠡᠵᠦ᠂ ᠪᠠᠭᠠᠨ᠎ᠠ ᠳᠡᠭᠡᠷ᠎ᠡ ᠪᠠᠢᠷᠢᠯᠠᠭᠤᠯ᠃ ᠬᠠᠳᠬᠤᠭᠤᠯᠤᠭᠰᠠᠨ ᠬᠥᠮᠦᠨ ᠪᠣᠯᠭᠠᠨ ᠲᠡᠭᠦᠨ ᠢ ᠬᠠᠷᠠᠭᠠᠳ ᠠᠮᠢᠳᠤ ᠦᠯᠡᠳᠡᠬᠦ ᠪᠣᠯᠣᠨ᠎ᠠ》 ᠭᠡᠰᠡᠨ ᠳᠦ᠂ 9 ᠮᠣᠰᠧ ᠬᠦᠷᠡᠯ ᠮᠣᠭᠠᠢ ᠶᠢ ᠪᠦᠲᠦᠭᠡᠵᠦ᠂ ᠪᠠᠭᠠᠨ᠎ᠠ ᠳᠡᠭᠡᠷ᠎ᠡ ᠪᠠᠢᠷᠢᠯᠠᠭᠤᠯᠪᠠ᠃ ᠲᠡᠢᠨ ᠬᠦ ᠮᠣᠭᠠᠢ ᠳᠤ ᠬᠠᠳᠬᠤᠭᠤᠯᠤᠭᠰᠠᠨ ᠬᠥᠮᠦᠨ ᠬᠦᠷᠡᠯ ᠮᠣᠭᠠᠢ ᠶᠢ ᠬᠠᠷᠠᠭᠠᠳ ᠠᠮᠢᠳᠤ ᠦᠯᠡᠳᠡᠳᠡᠭ ᠪᠠᠢᠯ᠎ᠠ᠃
ᠮᠣᠶᠠᠪ ᠲᠤ ᠬᠦᠷᠬᠦ ᠠᠶᠠᠯᠠᠯ
10 ᠢᠰᠷᠧᠯᠴᠦᠳ ᠠᠶᠠᠯᠠᠨ ᠶᠠᠪᠤᠵᠤ ᠣᠪᠣᠲ ᠲᠤ ᠪᠠᠭᠤᠳᠠᠯᠯᠠᠭᠠᠳ 11 ᠣᠪᠣᠲ ᠠᠴᠠ ᠠᠶᠠᠯᠠᠨ ᠶᠠᠪᠤᠵᠤ᠂ ᠨᠠᠷᠠᠨ ᠮᠠᠨᠳᠤᠬᠤ ᠵᠦᠭ ᠪᠣᠯᠬᠤ ᠮᠣᠶᠠᠪ ᠤᠨ ᠬᠠᠷᠠᠯᠳᠤᠭ᠎ᠠ ᠣᠷᠣᠰᠢᠬᠤ ᠴᠥᠯ ᠳᠠᠬᠢ ᠢᠶᠧ ᠠᠪᠠᠷᠢᠮ ᠳᠤ ᠪᠠᠭᠤᠳᠠᠯᠯᠠᠪᠠ᠃ 12 ᠳᠠᠷᠠᠭ᠎ᠠ ᠨᠢ ᠲᠡᠨᠳᠡ ᠡᠴᠡ ᠬᠥᠳᠡᠯᠵᠦ᠂ ᠸᠠᠳᠢ ᠽᠧᠷᠧᠳ᠋ ᠲᠤ ᠪᠠᠭᠤᠳᠠᠯᠯᠠᠭᠠᠳ 13 ᠲᠡᠨᠳᠡ ᠡᠴᠡ ᠶᠠᠪᠤᠵᠤ᠂ ᠮᠣᠶᠠᠪ ᠪᠠ ᠠᠮᠣᠷᠢ ᠶᠢᠨ ᠬᠣᠭᠣᠷᠣᠨᠳᠣᠬᠢ ᠬᠢᠯᠢ ᠪᠣᠯᠬᠤ ᠠᠷᠨᠣᠨ ᠭᠣᠣᠯ ᠤᠨ ᠨᠥᠭᠥᠭᠡ ᠲᠠᠯ᠎ᠠ ᠳᠤ᠂ ᠠᠮᠣᠷᠢᠴᠤᠳ ᠤᠨ ᠨᠤᠲᠤᠭ ᠤᠨ ᠨᠠᠭᠠᠨ᠎ᠠ ᠳᠠᠬᠢ ᠴᠥᠯ ᠳᠤ ᠪᠠᠭᠤᠳᠠᠯᠯᠠᠭᠰᠠᠨ ᠪᠠᠢᠨ᠎ᠠ᠃ 14 ᠡᠭᠦᠨ ᠦ ᠤᠴᠢᠷ ᠢᠶᠠᠷ ᠶᠣᠬᠣᠸᠠ ᠶᠢᠨ ᠳᠠᠢᠨ ᠤ ᠨᠣᠮ ᠳᠤ ᠴᠤ᠄ 《ᠰᠦᠹᠠ ᠳᠠᠬᠢ ᠸᠠᠾᠧᠪ᠂ ᠠᠷᠨᠣᠨ ᠭᠣᠣᠯ
15 ᠲᠡᠷᠡ ᠭᠣᠣᠯ ᠤᠨ ᠤᠷᠤᠰᠬᠠᠯ ᠠᠷ ᠨᠤᠲᠤᠭ ᠤᠨ ᠠᠢᠯ ᠭᠡᠷ ᠤᠳ ᠲᠤ ᠬᠦᠷᠴᠦ ᠮᠣᠶᠠᠪ ᠤᠨ ᠬᠢᠯᠢ ᠳᠠᠭᠠᠤ ᠤᠷᠤᠰᠤᠨ᠎ᠠ》 ᠭᠡᠰᠡᠨ ᠪᠠᠢᠳᠠᠭ᠃
16 ᠲᠡᠳᠡ ᠲᠡᠨᠳᠡ ᠡᠴᠡ ᠶᠠᠪᠤᠵᠤ ᠪᠧᠷ 69 ᠲᠤ ᠬᠦᠷᠪᠡ᠃ ᠶᠣᠬᠣᠸᠠ ᠶᠢᠨ ᠮᠣᠰᠧ ᠳᠤ ᠠᠢᠯᠠᠳᠤᠨ᠄ 〈ᠠᠷᠠᠳ ᠣᠯᠠᠨ ᠢ ᠴᠤᠭᠯᠠᠭᠤᠯ᠂ ᠪᠢ ᠲᠡᠳᠡᠨ ᠳᠦ ᠤᠰᠤ ᠥᠭᠭᠥᠶ᠎ᠡ〉 ᠭᠡᠰᠡᠨ ᠥᠨᠥᠬᠢ ᠬᠤᠳᠳᠤᠭ ᠲᠠᠢ ᠭᠠᠵᠠᠷ ᠨᠢ ᠡᠨᠡ ᠶᠤᠮ᠃
17 ᠲᠡᠷᠡ ᠦᠶ᠎ᠡ ᠳᠦ ᠢᠰᠷᠧᠯ ᠳᠠᠭᠤᠤ ᠳᠠᠭᠤᠯᠠᠨ᠄ 《ᠤᠨᠳᠤᠷᠤᠭᠲᠤᠨ᠂ ᠬᠤᠳᠳᠤᠭ ᠤᠨ ᠤᠰᠤ ᠡ︕ ᠤᠨᠳᠤᠷᠤᠭ᠎ᠠ ᠶᠢᠨ ᠲᠥᠯᠥᠭᠡ ᠳᠠᠭᠤᠯᠠᠵᠠᠭᠠᠶ᠎ᠠ᠃
18 ᠤᠳᠤᠷᠢᠳᠤᠭᠴᠢᠳ ᠡᠨᠡ ᠬᠤᠳᠳᠤᠭ ᠢ ᠮᠠᠯᠲᠠᠭᠰᠠᠨ ᠶᠤᠮ ᠤᠯᠤᠰ ᠤᠨ ᠮᠠᠨᠢ ᠬᠠᠤᠯᠢ ᠲᠣᠭᠲᠠᠭᠠᠭᠴᠢ ᠨᠣᠶᠠᠳ ᠪᠦᠭᠦᠳᠡ ᠲᠠᠶᠠᠭ ᠢᠶᠠᠷ ᠢᠶᠠᠨ ᠤᠬᠤᠵᠤ ᠣᠯᠣᠭᠰᠠᠨ ᠶᠤᠮ》 ᠭᠡᠪᠡ᠃
ᠲᠡᠳᠡ ᠴᠥᠯ ᠡᠴᠡ ᠭᠠᠷᠤᠭᠠᠳ ᠮᠠᠲ᠋ᠠᠨᠠ ᠳᠤ᠂ 19 ᠮᠠᠲ᠋ᠠᠨᠠ ᠠᠴᠠ ᠨᠠᠬᠠᠯᠢᠶᠧᠯ ᠳᠤ᠂ ᠨᠠᠬᠠᠯᠢᠶᠧᠯ ᠡᠴᠡ ᠪᠠᠮᠣᠲ ᠲᠤ᠂ 20 ᠪᠠᠮᠣᠲ ᠠᠴᠠ ᠭᠠᠷᠴᠤ ᠮᠣᠶᠠᠪ ᠤᠨ ᠲᠠᠯ᠎ᠠ ᠳᠤ ᠬᠦᠷᠪᠡ᠃ ᠲᠡᠨᠳᠡᠬᠢ ᠶᠢᠨ ᠫᠢᠰᠭᠠ ᠠᠭᠤᠯᠠ ᠶᠢᠨ ᠣᠷᠭᠢᠯ ᠠᠴᠠ ᠴᠥᠯ ᠢ ᠣᠯᠵᠤ ᠬᠠᠷᠠᠳᠠᠭ᠃
ᠰᠢᠬᠣᠨ ᠣᠭ ᠨᠠᠷ ᠢ ᠢᠯᠡᠪᠡ
21 ᠢᠰᠷᠧᠯ ᠠᠮᠣᠷᠢᠴᠤᠳ ᠤᠨ ᠬᠠᠭᠠᠨ ᠰᠢᠬᠣᠨ ᠳᠤ ᠡᠯᠴᠢ ᠨᠠᠷ ᠢᠯᠡᠭᠡᠨ᠄ 22 《ᠲᠠᠨ ᠤ ᠨᠤᠲᠤᠭ ᠢᠶᠠᠷ ᠳᠠᠭᠠᠷᠢᠨ ᠥᠩᠭᠡᠷᠡᠬᠦ ᠶᠢ ᠪᠢᠳᠡᠨ ᠳᠦ ᠵᠥᠪᠰᠢᠶᠡᠷᠡᠭᠡᠴᠢ᠃ ᠮᠠᠨ ᠤ ᠬᠢᠨ ᠲᠠᠷᠢᠶᠠᠨ ᠲᠠᠯᠠᠪᠠᠢ᠂ ᠡᠰᠡᠪᠡᠯ ᠦᠵᠦᠮ ᠦᠨ ᠴᠡᠴᠡᠷᠯᠢᠭ ᠤᠷᠤᠭᠤ ᠮᠤᠷᠤᠢᠬᠤ ᠦᠭᠡᠢ᠂ ᠬᠤᠳᠳᠤᠭ ᠠᠴᠠ ᠤᠰᠤ ᠴᠤ ᠤᠤᠭᠤᠬᠤ ᠦᠭᠡᠢ᠃ ᠨᠤᠲᠤᠭ ᠤᠨ ᠴᠢᠨᠢ ᠬᠢᠯᠢ ᠶᠢ ᠥᠩᠭᠡᠷᠡᠲᠡᠯ᠎ᠡ ᠬᠠᠭᠠᠨ ᠤ ᠶᠡᠬᠡ ᠵᠠᠮ ᠢᠶᠠᠷ ᠯᠠ ᠶᠠᠪᠤᠬᠤ ᠪᠣᠯᠣᠨ᠎ᠠ》 ᠭᠡᠯᠡ᠃ 23 ᠭᠡᠪᠡᠴᠦ ᠰᠢᠬᠣᠨ ᠨᠤᠲᠤᠭ ᠢᠶᠠᠷ ᠨᠢ ᠥᠩᠭᠡᠷᠡᠬᠦ ᠶᠢ ᠢᠰᠷᠧᠯ ᠳᠤ ᠵᠥᠪᠰᠢᠶᠡᠷᠡᠭᠰᠡᠨ ᠦᠭᠡᠢ᠃ ᠰᠢᠬᠣᠨ ᠬᠠᠮᠤᠭ ᠴᠡᠷᠢᠭ ᠢᠶᠠᠨ ᠴᠤᠭᠯᠠᠭᠤᠯᠤᠨ ᠢᠰᠷᠧᠯ ᠢ ᠳᠣᠪᠲᠣᠯᠬᠤ ᠪᠠᠷ ᠴᠥᠯ ᠳᠤ ᠭᠠᠷᠴᠤ᠂ ᠶᠠᠬᠠᠽ ᠤᠷᠤᠭᠤ ᠢᠷᠡᠭᠡᠳ ᠢᠰᠷᠧᠯ ᠤᠨ ᠡᠰᠡᠷᠭᠦ ᠳᠠᠢᠲᠤᠭᠰᠠᠨ ᠪᠠᠢᠨ᠎ᠠ᠃ 24 ᠢᠰᠷᠧᠯ ᠲᠡᠭᠦᠨ ᠢ ᠢᠯᠳᠦᠨ ᠦ ᠢᠷ ᠢᠶᠠᠷ ᠴᠣᠬᠢᠵᠤ᠂ ᠠᠷᠨᠣᠨ ᠠᠴᠠ ᠶᠠᠪᠣᠺ ᠬᠦᠷᠲᠡᠯᠡᠬᠢ ᠭᠠᠵᠠᠷ ᠢ ᠨᠢ ᠡᠵᠡᠯᠡᠨ ᠠᠪᠴᠤ᠂ ᠠᠮᠣᠨᠴᠤᠳ ᠤᠨ ᠬᠢᠯᠢ ᠬᠦᠷᠲᠡᠯ᠎ᠡ ᠶᠠᠪᠤᠪᠠ᠃ ᠠᠮᠣᠨᠴᠤᠳ ᠤᠨ ᠬᠢᠯᠢ ᠪᠡᠬᠢᠯᠡᠯᠲᠡ ᠲᠠᠢ ᠪᠠᠢᠯ᠎ᠠ᠃ 25 ᠢᠰᠷᠧᠯ ᠨᠠᠭᠠᠨ᠎ᠠ ᠲᠠᠯ᠎ᠠ ᠶᠢᠨ ᠪᠦᠬᠦ ᠬᠣᠲᠠ ᠶᠢ ᠡᠵᠡᠯᠡᠨ ᠠᠪᠤᠭᠰᠠᠨ ᠪᠠᠢᠨ᠎ᠠ᠂ ᠾᠧᠱᠪᠣᠨ ᠪᠣᠯᠣᠨ ᠲᠡᠭᠦᠨ ᠦ ᠲᠣᠭᠣᠷᠢᠨ ᠳᠠᠬᠢ ᠪᠦᠬᠦ ᠲᠣᠰᠬᠣᠳ ᠢ ᠪᠠᠭᠲᠠᠭᠠᠭᠰᠠᠨ ᠠᠮᠣᠷᠢᠴᠤᠳ ᠤᠨ ᠪᠦᠬᠦ ᠬᠣᠲᠠ ᠳᠤ ᠰᠠᠭᠤᠷᠢᠰᠢᠪᠠ᠃ 26 ᠾᠧᠱᠪᠣᠨ ᠪᠣᠯ ᠠᠮᠣᠷᠢᠴᠤᠳ ᠤᠨ ᠬᠠᠭᠠᠨ ᠰᠢᠬᠣᠨ ᠤ ᠬᠣᠲᠠ ᠶᠤᠮ᠃ ᠰᠢᠬᠣᠨ ᠮᠣᠶᠠᠪ ᠤᠨ ᠤᠷᠢᠳᠤ ᠶᠢᠨ ᠬᠠᠭᠠᠨ ᠤ ᠡᠰᠡᠷᠭᠦ ᠳᠠᠢᠲᠤᠨ᠂ ᠠᠷᠨᠣᠨ ᠬᠦᠷᠲᠡᠯᠡᠬᠢ ᠲᠡᠭᠦᠨ ᠦ ᠪᠦᠬᠦ ᠨᠤᠲᠤᠭ ᠢ ᠭᠠᠷ ᠠᠴᠠ ᠨᠢ ᠪᠤᠯᠢᠶᠠᠭᠰᠠᠨ ᠠᠵᠢ᠃ 27 ᠡᠭᠦᠨ ᠦ ᠤᠴᠢᠷ ᠢᠶᠠᠷ ᠢᠷᠠᠭᠤ ᠨᠠᠢᠷᠠᠭᠴᠢᠳ᠄ 《ᠾᠧᠱᠪᠣᠨ ᠳᠤ ᠢᠷᠡᠵᠡᠭᠡ ᠰᠢᠬᠣᠨ ᠤ ᠬᠣᠲᠠ ᠶᠢ ᠪᠣᠰᠬᠠᠨ ᠪᠠᠢᠭᠤᠯᠵᠠᠭᠠᠶᠠ︕
28 ᠾᠧᠱᠪᠣᠨ ᠠᠴᠠ ᠭᠠᠯ ᠭᠠᠷᠴᠤ ᠰᠢᠬᠣᠨ ᠤ ᠬᠣᠲᠠ ᠠᠴᠠ ᠳᠥᠯᠥ ᠢᠷᠡᠭᠡᠳ ᠮᠣᠶᠠᠪ ᠤᠨ ᠠᠷ ᠢ ᠴᠥᠯᠮᠥᠨ ᠠᠷᠨᠣᠨ ᠤ ᠥᠨᠳᠥᠷᠯᠢᠭ ᠤᠳ ᠢ ᠰᠢᠲᠠᠭᠠᠭᠰᠠᠨ ᠪᠠᠢᠨ᠎ᠠ᠃
29 ᠮᠣᠶᠠᠪ ᠡ᠂ ᠴᠢ ᠵᠣᠯ ᠦᠭᠡᠢ︕ ᠺᠧᠮᠣᠱ ᠤᠨ ᠤᠯᠤᠰ ᠴᠢ ᠰᠦᠢᠷᠡᠭᠰᠡᠨ ᠪᠠᠢᠨ᠎ᠠ︕ ᠺᠧᠮᠣᠱ ᠣᠷᠭᠣᠳᠤᠤᠯ ᠪᠣᠯᠣᠭᠰᠠᠨ ᠬᠥᠪᠡᠭᠦᠳ ᠣᠯᠵᠠ ᠪᠣᠯᠣᠭᠰᠠᠨ ᠥᠬᠢᠳ ᠢᠶᠠᠨ ᠠᠮᠣᠷᠢ ᠶᠢᠨ ᠬᠠᠭᠠᠨ ᠰᠢᠬᠣᠨ ᠳᠤ ᠥᠭᠭᠥᠭᠰᠡᠨ ᠪᠢᠯᠡ᠃
30 ᠭᠡᠪᠡᠴᠦ ᠪᠢᠳᠡ ᠰᠤᠮᠤ ᠬᠠᠷᠪᠤᠭᠰᠠᠭᠠᠷ ᠾᠧᠱᠪᠣᠨ ᠠᠴᠠ ᠳ᠋ᠢᠪᠣᠨ ᠬᠦᠷᠲᠡᠯ᠎ᠡ ᠲᠡᠳᠡᠨ ᠢ ᠰᠥᠨᠥᠭᠡᠵᠦ ᠨᠣᠹᠠ ᠶᠢᠨ ᠴᠠᠭᠠᠨ᠎ᠠ ᠳᠠᠬᠢ ᠮᠧᠳᠧᠪᠠ ᠬᠦᠷᠲᠡᠯ᠎ᠡ ᠲᠡᠳᠡᠨ ᠢ ᠴᠣᠬᠢᠵᠠᠢ》 ᠭᠡᠰᠡᠨ ᠪᠠᠢᠳᠠᠭ᠃
31 ᠡᠢᠨ ᠬᠦ ᠢᠰᠷᠧᠯ ᠠᠮᠣᠷᠢᠴᠤᠳ ᠤᠨ ᠨᠤᠲᠤᠭ ᠲᠤ ᠰᠠᠭᠤᠷᠢᠰᠢᠪᠠ᠃ 32 ᠮᠣᠰᠧ ᠬᠥᠮᠦᠨ ᠶᠠᠪᠤᠭᠤᠯᠵᠤ ᠶᠠᠽᠧᠷ ᠢ ᠲᠠᠩᠨᠠᠭᠤᠯᠤᠭᠰᠠᠨ ᠤ ᠳᠠᠷᠠᠭ᠎ᠠ᠂ ᠢᠰᠷᠧᠯᠴᠦᠳ ᠲᠣᠰᠬᠣᠳ ᠢ ᠨᠢ ᠡᠵᠡᠯᠡᠵᠦ᠂ ᠲᠡᠨᠳᠡ ᠪᠠᠢᠭᠰᠠᠨ ᠠᠮᠣᠷᠢᠴᠤᠳ ᠢ ᠬᠥᠭᠡᠭᠡᠭᠰᠡᠨ ᠪᠠᠢᠨ᠎ᠠ᠃
33 ᠲᠡᠳᠡ ᠡᠷᠭᠢᠨ᠂ ᠪᠠᠱᠠᠨ ᠤ ᠵᠠᠮ ᠢᠶᠠᠷ ᠥᠭᠰᠥᠵᠦ ᠪᠠᠢᠬᠤ ᠳᠤ᠂ ᠪᠠᠱᠠᠨ ᠤ ᠬᠠᠭᠠᠨ ᠣᠭ ᠪᠦᠬᠦ ᠠᠷᠠᠳ ᠲᠦᠮᠡᠨ ᠢᠶᠡᠨ ᠳᠠᠭᠠᠭᠤᠯᠤᠨ ᠡᠳ᠋ᠷᠧᠢ ᠳᠤ ᠲᠤᠯᠤᠯᠳᠤᠬᠤ ᠪᠠᠷ ᠲᠡᠳᠡᠨ ᠤᠷᠤᠭᠤ ᠳᠠᠭᠠᠷᠢᠨ ᠢᠷᠡᠪᠡ᠃ 34 ᠶᠣᠬᠣᠸᠠ ᠮᠣᠰᠧ ᠳᠤ ᠠᠢᠯᠠᠳᠤᠨ᠄ 《ᠲᠡᠭᠦᠨ ᠡᠴᠡ ᠪᠦᠦ ᠠᠶᠤ᠃ ᠪᠢ ᠲᠡᠭᠦᠨ ᠢ ᠪᠦᠬᠦ ᠠᠷᠠᠳ ᠲᠦᠮᠡᠨ᠂ ᠭᠠᠵᠠᠷ ᠨᠤᠲᠤᠭ ᠲᠠᠢ ᠨᠢ ᠴᠢᠨᠦ ᠭᠠᠷ ᠲᠤ ᠲᠤᠰᠢᠶᠠᠭᠰᠠᠨ᠃ ᠴᠢ ᠾᠧᠱᠪᠣᠨ ᠳᠤ ᠰᠠᠭᠤᠵᠤ ᠪᠠᠢᠭᠰᠠᠨ ᠠᠮᠣᠷᠢ ᠶᠢᠨ ᠬᠠᠭᠠᠨ ᠰᠢᠬᠣᠨ ᠳᠤ ᠬᠢᠭᠰᠡᠨ ᠦ ᠪᠠᠨ ᠠᠳᠠᠯᠢ ᠲᠡᠭᠦᠨ ᠳᠦ ᠬᠢᠬᠦ ᠪᠣᠯᠣᠨ᠎ᠠ》 ᠭᠡᠯᠡ᠃ 35 ᠡᠢᠨ ᠬᠦ ᠲᠡᠳᠡ ᠤᠭ ᠪᠣᠯᠣᠨ ᠲᠡᠭᠦᠨ ᠦ ᠬᠥᠪᠡᠭᠦᠳ᠂ ᠮᠥᠨ ᠲᠡᠭᠦᠨ ᠦ ᠪᠦᠬᠦ ᠠᠷᠠᠳ ᠲᠦᠮᠡᠨ ᠡᠴᠡ ᠨᠢᠭᠡ ᠶᠢ ᠴᠤ ᠦᠯᠡᠳᠡᠭᠡᠯ ᠦᠭᠡᠢ ᠪᠤᠲᠠ ᠴᠣᠬᠢᠵᠤ᠂ ᠨᠤᠲᠤᠭ ᠢ ᠨᠢ ᠡᠢᠨ ᠬᠦ ᠡᠵᠡᠮᠰᠢᠭᠰᠡᠨ ᠪᠠᠢᠨ᠎ᠠ᠃