ᠲᠣᠭᠠᠯᠠᠯᠭ᠎ᠠ ᠬᠣᠷᠢᠨ ᠬᠣᠶᠠᠷ
ᠪᠠᠯᠠᠺ ᠪᠠᠯᠠᠮ ᠢ ᠳᠠᠭᠤᠳᠠᠪᠠ
1 ᠢᠰᠷᠧᠯᠴᠦᠳ ᠠᠶᠠᠯᠠᠨ ᠶᠠᠪᠤᠵᠤ ᠶᠧᠷᠢᠺᠣ ᠶᠢᠨ ᠬᠠᠷᠠᠯᠳᠤᠭ᠎ᠠ ᠶᠣᠷᠳᠠᠨ ᠭᠣᠣᠯ ᠤᠨ ᠴᠠᠭᠠᠨ᠎ᠠ ᠳᠠᠬᠢ ᠮᠣᠶᠠᠪ ᠤᠨ ᠲᠠᠯ᠎ᠠ ᠳᠤ ᠪᠠᠭᠤᠳᠠᠯᠯᠠᠪᠠ᠃ 2 ᠢᠰᠷᠧᠯ ᠤᠨ ᠠᠮᠣᠷᠢᠴᠤᠳ ᠲᠤ ᠬᠢᠭᠰᠡᠨ ᠪᠦᠬᠦᠨ ᠢ ᠽᠢᠫᠣᠷ ᠤᠨ ᠬᠦᠦ ᠪᠠᠯᠠᠺ ᠬᠠᠷᠠᠵᠠᠢ᠃ 3 ᠲᠣᠭ᠎ᠠ ᠲᠣᠮᠰᠢ ᠦᠭᠡᠢ ᠢᠰᠷᠧᠯᠴᠦᠳ ᠦᠨ ᠡᠮᠦᠨ᠎ᠡ ᠮᠣᠶᠠᠪᠴᠤᠳ ᠴᠣᠴᠢᠷᠳᠠᠪᠠ᠃ ᠮᠣᠶᠠᠪ ᠢᠰᠷᠧᠯ ᠡᠴᠡ ᠪᠣᠯᠵᠤ ᠦᠯᠡᠮᠵᠢ ᠠᠢᠳᠠᠰ ᠲᠤ ᠠᠪᠲᠠᠵᠠᠢ᠃ 4 ᠮᠣᠶᠠᠪᠴᠤᠳ ᠮᠢᠳᠢᠶᠠᠨ ᠤ ᠠᠬᠠᠮᠠᠳ ᠤᠳ ᠲᠤ᠄ 《ᠦᠬᠡᠷ ᠬᠡᠭᠡᠷ᠎ᠡ ᠲᠠᠯ᠎ᠠ ᠶᠢᠨ ᠡᠪᠡᠰᠦ ᠶᠢ ᠵᠤᠯᠭᠠᠭᠠᠬᠤ ᠰᠢᠭ᠋ ᠡᠨᠡ ᠪᠥᠭᠡᠮ ᠬᠥᠮᠦᠰ ᠪᠢᠳᠡᠨ ᠦ ᠡᠷᠭᠢᠨ ᠲᠣᠭᠣᠷᠢᠨ ᠤ ᠪᠦᠬᠦᠨ ᠢ ᠵᠤᠯᠭᠠᠭᠠᠬᠤ ᠪᠣᠯᠣᠨ᠎ᠠ》 ᠭᠡᠵᠦ ᠳᠤᠭᠤᠯᠭᠠᠪᠠ᠃ ᠲᠡᠷᠡ ᠦᠶ᠎ᠡ ᠳᠦ ᠽᠢᠫᠣᠷ ᠤᠨ ᠬᠦᠦ ᠪᠠᠯᠠᠺ ᠮᠣᠶᠠᠪ ᠤᠨ ᠬᠠᠭᠠᠨ ᠪᠠᠢᠯ᠎ᠠ᠃ 5 ᠲᠡᠷᠡ ᠪᠧᠶᠣᠷ ᠤᠨ ᠬᠦᠦ ᠪᠠᠯᠠᠮ ᠢ ᠳᠠᠭᠤᠳᠠᠭᠤᠯᠬᠤ ᠪᠠᠷ ᠶᠡᠬᠡ ᠮᠥᠷᠡᠨ ᠦ ᠳᠡᠷᠭᠡᠳᠡᠬᠢ ᠲᠥᠷᠥᠭᠰᠡᠨ ᠨᠤᠲᠤᠭ ᠫᠧᠲ᠋ᠣᠷ ᠤᠷᠤᠭᠤ ᠨᠢ ᠡᠯᠴᠢ ᠨᠠᠷ ᠢ ᠢᠯᠡᠭᠡᠪᠡ᠃ ᠪᠠᠯᠠᠺ᠄ 《ᠠᠩ᠋ᠬᠠᠷᠤᠭᠲᠤᠨ᠂ ᠶᠧᠵᠢᠫᠲ ᠡᠴᠡ ᠨᠢᠭᠡ ᠦᠨᠳᠦᠰᠦᠲᠡᠨ ᠭᠠᠷᠴᠤ ᠢᠷᠡᠭᠡᠳ ᠭᠠᠵᠠᠷ ᠤᠨ ᠬᠥᠷᠥᠰᠥ ᠶᠢ ᠪᠦᠷᠬᠦᠵᠦ ᠪᠠᠢᠨ᠎ᠠ︕ ᠲᠡᠳᠡ ᠶᠠᠭ ᠮᠠᠨ ᠤ ᠬᠢᠨ ᠤ ᠡᠰᠡᠷᠭᠦ ᠲᠠᠯ᠎ᠠ ᠳᠤ ᠰᠠᠭᠤᠷᠢᠰᠢᠵᠤ ᠪᠠᠢᠨ᠎ᠠ᠃ 6 ᠲᠡᠳᠡ ᠪᠢᠳᠡ ᠨᠠᠷ ᠠᠴᠠ ᠬᠦᠴᠦᠷᠬᠡᠭ ᠪᠣᠯᠬᠣᠷ ᠲᠠ ᠳᠠᠷᠤᠢᠬᠠᠨ ᠨᠠᠰᠢ ᠢᠷᠡᠭᠡᠳ ᠮᠢᠨᠦ ᠲᠥᠯᠥᠭᠡ ᠡᠨᠡ ᠦᠨᠳᠦᠰᠦᠲᠡᠨ ᠢ ᠬᠠᠷᠢᠶᠠᠵᠤ ᠥᠭᠭᠥᠨ᠎ᠡ ᠤᠤ︖ ᠲᠡᠭᠡᠪᠡᠯ ᠪᠢ ᠲᠡᠳᠡᠨ ᠢ ᠴᠣᠬᠢᠨ ᠲᠠᠢᠯᠵᠤ ᠨᠤᠲᠤᠭ ᠠᠴᠠ ᠪᠠᠨ ᠬᠥᠭᠡᠭᠡᠨ ᠭᠠᠷᠭᠠᠵᠤ ᠴᠢᠳᠠᠬᠤ ᠪᠠᠢᠬ᠎ᠠ᠃ ᠲᠠᠨ ᠤ ᠢᠷᠥᠭᠡᠬᠦ ᠬᠥᠮᠦᠨ ᠢᠷᠥᠭᠡᠭᠳᠡᠵᠦ᠂ ᠲᠠᠨ ᠤ ᠬᠠᠷᠢᠶᠠᠬᠤ ᠬᠥᠮᠦᠨ ᠬᠠᠷᠢᠶᠠᠭᠳᠠᠨ᠎ᠠ ᠭᠡᠳᠡᠭ ᠢ ᠪᠢ ᠮᠡᠳᠡᠨ᠎ᠡ》 ᠭᠡᠵᠦ ᠬᠡᠯᠡᠭᠦᠯᠪᠡ᠃
7 ᠢᠩᠭᠢᠭᠡᠳ ᠮᠣᠶᠠᠪ ᠤᠨ ᠠᠬᠠᠮᠠᠳ ᠤᠳ ᠪᠣᠯᠣᠨ ᠮᠢᠳᠢᠶᠠᠨ ᠤ ᠠᠬᠠᠮᠠᠳ ᠤᠳ ᠮᠣᠷᠳᠠᠪᠠ᠃ ᠭᠠᠷ ᠲᠠᠭᠠᠨ ᠲᠥᠯᠭᠡᠴᠢ ᠳᠤ ᠥᠭᠬᠦ ᠪᠠᠷᠢᠴᠠ ᠠᠪᠴᠠᠢ᠃ ᠲᠡᠳᠡ ᠪᠠᠯᠠᠮ ᠳᠡᠭᠡᠷ᠎ᠡ ᠢᠷᠡᠭᠡᠳ ᠪᠠᠯᠠᠺ ᠤᠨ ᠦᠭᠡ ᠶᠢ ᠳᠠᠮᠵᠢᠭᠤᠯᠬᠤ ᠳᠤ᠂ 8 ᠲᠡᠷᠡ᠄ 《ᠰᠥᠨᠢ ᠡ᠊ᠨᠳᠡ ᠪᠡᠨ ᠬᠣᠨᠣᠵᠠᠭᠠ᠃ ᠶᠣᠬᠣᠸᠠ ᠶᠢᠨ ᠨᠠᠳᠠ ᠳᠤ ᠠᠢᠯᠠᠳᠬᠤ ᠦᠭᠡ ᠪᠡᠷ ᠪᠢ ᠲᠠ ᠨᠠᠷ ᠲᠤ ᠬᠠᠷᠢᠭᠤ ᠥᠭᠭᠥᠶ᠎ᠡ》 ᠭᠡᠵᠦ ᠬᠡᠯᠡᠪᠡ᠃ ᠡᠢᠨ ᠬᠦ ᠮᠣᠶᠠᠪ ᠤᠨ ᠨᠣᠶᠠᠳ ᠪᠠᠯᠠᠮ ᠲᠠᠢ ᠬᠠᠮᠲᠤ ᠦᠯᠡᠳᠡᠪᠡ᠃ 9 ᠪᠤᠷᠬᠠᠨ ᠪᠠᠯᠠᠮ ᠳᠡᠭᠡᠷ᠎ᠡ ᠢᠷᠡᠵᠦ᠄ 《ᠴᠢᠮ᠎ᠠ ᠲᠠᠢ ᠬᠠᠮᠲᠤ ᠪᠠᠢᠭ᠎ᠠ ᠡᠨᠡ ᠬᠥᠮᠦᠰ ᠬᠡᠨ ᠪᠤᠢ︖》 ᠭᠡᠪᠡ᠃ 10 ᠪᠠᠯᠠᠮ ᠪᠤᠷᠬᠠᠨ ᠳᠤ᠄ 《ᠮᠣᠶᠠᠪ ᠤᠨ ᠬᠠᠭᠠᠨ᠂ ᠽᠢᠫᠣᠷ ᠤᠨ ᠬᠦᠦ ᠪᠠᠯᠠᠺ ᠨᠠᠳᠠ ᠳᠤ ᠦᠭᠡ ᠢᠯᠡᠭᠡᠨ᠄ 11 〈ᠠᠩ᠋ᠬᠠᠷᠤᠭᠲᠤᠨ᠂ ᠶᠧᠵᠢᠫᠲ ᠡᠴᠡ ᠭᠠᠷᠴᠤ ᠢᠷᠡᠭᠰᠡᠨ ᠨᠢᠭᠡ ᠦᠨᠳᠦᠰᠦᠲᠡᠨ ᠭᠠᠵᠠᠷ ᠤᠨ ᠬᠥᠷᠥᠰᠥ ᠶᠢ ᠪᠦᠷᠬᠦᠵᠦ ᠪᠠᠢᠨ᠎ᠠ᠃ ᠲᠠ ᠳᠠᠷᠤᠢᠬᠠᠨ ᠨᠠᠰᠢ ᠢᠷᠡᠭᠡᠳ ᠮᠢᠨᠦ ᠲᠥᠯᠥᠭᠡ ᠲᠡᠳᠡᠨ ᠢ ᠬᠠᠷᠢᠶᠠᠭᠠᠴᠢ᠂ ᠲᠡᠭᠡᠪᠡᠯ ᠪᠢ ᠲᠡᠳᠡᠨ ᠦ ᠡᠰᠡᠷᠭᠦ ᠳᠠᠢᠲᠤᠵᠤ᠂ ᠲᠡᠳᠡᠨ ᠢ ᠬᠥᠭᠡᠭᠡᠨ ᠭᠠᠷᠭᠠᠵᠤ ᠴᠢᠳᠠᠬᠤ ᠪᠠᠢᠬ᠎ᠠ〉 ᠭᠡᠵᠦ ᠬᠡᠯᠡᠭᠦᠯᠦᠭᠰᠡᠨ》 ᠭᠡᠪᠡ᠃ 12 ᠪᠤᠷᠬᠠᠨ ᠪᠠᠯᠠᠮ ᠳᠤ᠄ 《ᠴᠢ ᠡᠳᠡᠭᠡᠷ ᠬᠥᠮᠦᠨ ᠲᠡᠢ ᠬᠠᠮᠲᠤ ᠪᠦᠦ ᠶᠠᠪᠤ᠃ ᠨᠥᠭᠥᠭᠡ ᠦᠨᠳᠦᠰᠦᠲᠡᠨ ᠢ ᠪᠦᠦ ᠵᠦᠬᠡ᠂ ᠲᠡᠳᠡ ᠪᠣᠯ ᠢᠷᠥᠭᠡᠭᠳᠡᠭᠰᠡᠨ ᠬᠥᠮᠦᠰ ᠶᠤᠮ》 ᠭᠡᠯᠡ᠃ 13 ᠥᠷᠯᠥᠭᠡ ᠨᠢ ᠪᠠᠯᠠᠮ ᠪᠣᠰᠴᠤ᠂ ᠪᠠᠯᠠᠺ ᠤᠨ ᠨᠣᠶᠠᠳ ᠲᠤ᠄ 《ᠨᠤᠲᠤᠭ ᠤᠷᠤᠭᠤ ᠪᠠᠨ ᠪᠤᠴᠠ᠃ ᠲᠠ ᠨᠠᠷ ᠲᠠᠢ ᠬᠠᠮᠲᠤ ᠶᠠᠪᠤᠬᠤ ᠶᠢ ᠶᠣᠬᠣᠸᠠ ᠨᠠᠳᠠ ᠳᠤ ᠵᠥᠪᠰᠢᠶᠡᠷᠡᠭᠡ ᠦᠭᠡᠢ》 ᠭᠡᠪᠡ᠃ 14 ᠮᠣᠶᠠᠪ ᠤᠨ ᠨᠣᠶᠠᠳ ᠬᠥᠳᠡᠯᠦᠨ ᠪᠠᠯᠠᠺ ᠤᠷᠤᠭᠤ ᠣᠴᠢᠵᠤ᠄ 《ᠪᠠᠯᠠᠮ ᠪᠢᠳᠡᠨ ᠲᠡᠢ ᠬᠠᠮᠲᠤ ᠢᠷᠡᠬᠦ ᠦᠭᠡᠢ ᠭᠡᠰᠡᠨ》 ᠭᠡᠵᠡᠢ᠃
15 ᠪᠠᠯᠠᠺ ᠳᠠᠬᠢᠭᠠᠳ ᠢᠯᠡᠭᠦᠦ ᠣᠯᠠᠨ᠂ ᠢᠯᠡᠭᠦᠦ ᠨᠡᠷ᠎ᠡ ᠬᠦᠨᠳᠦᠲᠡᠢ ᠨᠣᠶᠠᠳ ᠢ ᠢᠯᠡᠭᠡᠪᠡ᠃ 16 ᠲᠡᠳᠡ ᠪᠠᠯᠠᠮ ᠳᠤ ᠣᠴᠢᠵᠤ᠂ ᠲᠡᠭᠦᠨ ᠳᠦ᠄ 《ᠽᠢᠫᠣᠷ ᠤᠨ ᠬᠦᠦ ᠪᠠᠯᠠᠺ ᠭᠤᠶᠤᠵᠤ ᠪᠠᠢᠨ᠎ᠠ᠄ ᠲᠠ ᠨᠠᠳᠠ ᠳᠡᠭᠡᠷ᠎ᠡ ᠢᠷᠡᠬᠦ ᠡᠴᠡ ᠪᠡᠨ ᠲᠠᠲᠠᠭᠠᠯᠵᠠᠬᠤ ᠬᠡᠷᠡᠭ ᠦᠭᠡᠢ᠃ 17 ᠪᠢ ᠲᠠᠨ ᠢ ᠶᠡᠬᠡᠪᠡᠷ ᠬᠦᠨᠳᠦᠯᠡᠶ᠎ᠡ᠂ ᠲᠠ ᠨᠠᠳᠠ ᠳᠤ ᠶᠠᠭᠤ ᠬᠡᠯᠡᠭᠰᠡᠨ ᠴᠤ ᠪᠢ ᠬᠢᠵᠦ ᠥᠭᠭᠥᠶ᠎ᠡ᠃ ᠭᠠᠭᠴᠠ ᠬᠦ ᠲᠠ ᠡ᠊ᠨᠳᠡ ᠢᠷᠡᠭᠡᠳ ᠮᠢᠨᠦ ᠲᠥᠯᠥᠭᠡ ᠨᠥᠭᠥᠭᠡ ᠦᠨᠳᠦᠰᠦᠲᠡᠨ ᠢ ᠵᠦᠬᠡᠭᠡᠴᠢ》 ᠭᠡᠪᠡ᠃ 18 ᠪᠠᠯᠠᠮ ᠪᠠᠯᠠᠺ ᠤᠨ ᠵᠠᠷᠤᠴᠠ ᠨᠠᠷ ᠲᠤ ᠬᠠᠷᠢᠭᠤᠯᠤᠨ᠄ 《ᠪᠠᠯᠠᠺ ᠠᠯᠲᠠ ᠮᠥᠩᠭᠥ ᠪᠡᠷ ᠳᠦᠭᠦᠷᠡᠩ ᠣᠷᠳᠣᠨ ᠢᠶᠠᠨ ᠥᠭᠭᠥᠭᠰᠡᠨ ᠴᠤ ᠪᠢ ᠶᠣᠬᠣᠸᠠ ᠪᠤᠷᠬᠠᠨ ᠤ ᠪᠠᠨ ᠲᠤᠰᠢᠶᠠᠯ ᠠᠴᠠ ᠭᠠᠵᠢᠵᠤ ᠶᠡᠬᠡ ᠪᠠᠭ᠎ᠠ ᠶᠠᠮᠠᠷ ᠴᠤ ᠵᠦᠢᠯ ᠢ ᠬᠢᠵᠦ ᠴᠢᠳᠠᠬᠤ ᠦᠭᠡᠢ᠃ 19 ᠲᠠ ᠨᠠᠷ ᠥᠨᠥ ᠰᠥᠨᠢ ᠡ᠊ᠨᠳᠡ ᠪᠡᠨ ᠬᠣᠨᠣᠭᠲᠤᠨ᠃ ᠶᠣᠬᠣᠸᠠ ᠶᠢᠨ ᠨᠠᠳᠠ ᠳᠤ ᠶᠠᠭᠤ ᠨᠡᠮᠡᠵᠦ ᠠᠢᠯᠠᠳᠬᠤ ᠶᠢ ᠨᠢ ᠪᠢ ᠮᠡᠳᠡᠶ᠎ᠡ》 ᠭᠡᠯᠡ᠃ 20 ᠰᠥᠨᠢ ᠨᠢ ᠪᠤᠷᠬᠠᠨ ᠪᠠᠯᠠᠮ ᠤᠷᠤᠭᠤ ᠢᠷᠡᠵᠦ᠂ ᠲᠡᠭᠦᠨ ᠳᠦ᠄ 《ᠬᠡᠷᠪᠡ ᠲᠡᠳᠡᠭᠡᠷ ᠬᠥᠮᠦᠰ ᠴᠢᠮᠠᠶᠢ ᠳᠠᠭᠤᠳᠠᠬᠤ ᠪᠠᠷ ᠢᠷᠡᠪᠡᠯ᠂ ᠴᠢ ᠪᠣᠰᠴᠤ ᠲᠡᠳᠡᠨ ᠲᠡᠢ ᠬᠠᠮᠲᠤ ᠶᠠᠪᠤᠵᠤ ᠪᠣᠯᠣᠨ᠎ᠠ᠃ ᠬᠠᠷᠢᠨ ᠴᠢ ᠮᠢᠨᠦ ᠴᠢᠮ᠎ᠠ ᠳᠤ ᠬᠡᠯᠡᠬᠦ ᠦᠭᠡ ᠶᠢᠨ ᠳᠠᠭᠠᠤ ᠯᠠ ᠬᠢᠬᠦ ᠶᠣᠰᠣᠲᠠᠢ》 ᠭᠡᠪᠡ᠃
ᠪᠠᠯᠠᠮ ᠤᠨ ᠡᠯᠵᠢᠭᠡ
21 ᠬᠠᠷᠢᠨ ᠪᠠᠯᠠᠮ ᠥᠷᠯᠥᠭᠡ ᠪᠣᠰᠴᠤ᠂ ᠡᠮ᠎ᠡ ᠡᠯᠵᠢᠭᠡ ᠪᠡᠨ ᠡᠮᠡᠭᠡᠯᠯᠡᠨ ᠤᠨᠤᠵᠤ᠂ ᠮᠣᠶᠠᠪ ᠤᠨ ᠨᠣᠶᠠᠳ ᠲᠠᠢ ᠬᠠᠮᠲᠤ ᠶᠠᠪᠤᠵᠠᠢ᠃
22 ᠲᠡᠭᠦᠨ ᠢ ᠶᠠᠪᠤᠭᠰᠠᠨ ᠠᠴᠠ ᠪᠣᠯᠵᠤ ᠪᠤᠷᠬᠠᠨ ᠠᠭᠤᠷᠯᠠᠪᠠ᠃ ᠶᠣᠬᠣᠸᠠ ᠶᠢᠨ ᠡᠯᠴᠢ ᠲᠡᠭᠦᠨ ᠢ ᠡᠰᠡᠷᠭᠦᠴᠡᠬᠦ ᠪᠡᠷ ᠵᠠᠮ ᠳᠡᠭᠡᠷ᠎ᠡ ᠵᠣᠭᠰᠣᠯ᠎ᠠ᠃ ᠪᠠᠯᠠᠮ ᠡᠯᠵᠢᠭᠡ ᠪᠡᠨ ᠤᠨᠤᠵᠤ ᠬᠣᠶᠠᠷ ᠵᠠᠷᠤᠴᠠ ᠲᠠᠢ ᠪᠠᠨ ᠬᠠᠮᠲᠤ ᠶᠠᠪᠤᠵᠤ ᠪᠠᠢᠲᠠᠯ᠎ᠠ 23 ᠶᠣᠬᠣᠸᠠ ᠶᠢᠨ ᠡᠯᠴᠢ ᠭᠠᠷ ᠲᠠᠭᠠᠨ ᠢᠯᠳᠦ ᠰᠤᠭᠤᠯᠤᠨ ᠪᠠᠷᠢᠵᠤ ᠵᠠᠮ ᠳᠡᠭᠡᠷ᠎ᠡ ᠵᠣᠭᠰᠣᠵᠤ ᠪᠤᠢ ᠶᠢ ᠡᠯᠵᠢᠭᠡ ᠨᠢ ᠬᠠᠷᠠᠭᠠᠳ ᠵᠠᠮ ᠠᠴᠠ ᠪᠠᠨ ᠭᠠᠷᠴᠤ ᠲᠠᠷᠢᠶᠠᠨ ᠲᠠᠯᠠᠪᠠᠢ ᠤᠷᠤᠭᠤ ᠣᠷᠣᠪᠠ᠃ ᠪᠠᠯᠠᠮ ᠡᠯᠵᠢᠭᠡ ᠪᠡᠨ ᠴᠣᠬᠢᠵᠤ ᠵᠠᠮ ᠤᠷᠤᠭᠤ ᠡᠷᠭᠢᠭᠦᠯᠵᠡᠢ᠃ 24 ᠲᠡᠭᠡᠲᠡᠯ᠎ᠡ ᠶᠣᠬᠣᠸᠠ ᠶᠢᠨ ᠡᠯᠴᠢ ᠬᠣᠶᠠᠷ ᠦᠵᠦᠮ ᠦᠨ ᠲᠠᠯᠠᠪᠠᠢ ᠶᠢᠨ ᠬᠣᠭᠣᠷᠣᠨᠳᠣᠬᠢ ᠵᠥᠷᠢᠭ ᠳᠡᠭᠡᠷ᠎ᠡ ᠵᠣᠭᠰᠣᠵᠠᠢ᠃ ᠵᠠᠮ ᠤᠨ ᠡᠨᠡ ᠲᠠᠯ᠎ᠠ ᠳᠤ ᠴᠤ᠂ ᠲᠡᠷᠡ ᠲᠠᠯ᠎ᠠ ᠳᠤ ᠴᠤ ᠬᠡᠷᠡᠮ ᠲᠡᠢ ᠪᠠᠢᠯ᠎ᠠ᠃ 25 ᠡᠯᠵᠢᠭᠡ ᠶᠣᠬᠣᠸᠠ ᠶᠢᠨ ᠡᠯᠴᠢ ᠶᠢ ᠬᠠᠷᠠᠭᠠᠳ᠂ ᠪᠡᠶ᠎ᠡ ᠪᠡᠨ ᠬᠡᠷᠡᠮ ᠳᠦ ᠰᠢᠬᠠᠨ᠂ ᠪᠠᠯᠠᠮ ᠤᠨ ᠬᠥᠯ ᠢ ᠬᠡᠷᠡᠮ ᠳᠦ ᠲᠤᠯᠭᠠᠨ ᠰᠢᠬᠠᠪᠠ᠃ ᠲᠡᠢᠮᠦ ᠡᠴᠡ ᠪᠠᠯᠠᠮ ᠡᠯᠵᠢᠭᠡ ᠪᠡᠨ ᠳᠠᠬᠢᠨᠲᠠ ᠴᠣᠬᠢᠪᠠ᠃ 26 ᠶᠣᠬᠣᠸᠠ ᠶᠢᠨ ᠡᠯᠴᠢ ᠴᠢᠨᠠᠭᠰᠢ ᠶᠠᠪᠤᠵᠤ᠂ ᠪᠠᠷᠠᠭᠤᠨᠰᠢ ᠵᠡᠭᠦᠨᠰᠢ ᠡᠷᠭᠢᠬᠦ ᠶᠢᠨ ᠠᠷᠭ᠎ᠠ ᠦᠭᠡᠢ ᠨᠠᠷᠢᠬᠠᠨ ᠭᠠᠵᠠᠷ ᠵᠣᠭᠰᠣᠪᠠ᠃ 27 ᠡᠯᠵᠢᠭᠡ ᠨᠢ ᠶᠣᠬᠣᠸᠠ ᠶᠢᠨ ᠡᠯᠴᠢ ᠶᠢ ᠬᠠᠷᠠᠭᠠᠳ᠂ ᠪᠠᠯᠠᠮ ᠤᠨ ᠳᠣᠣᠷ᠎ᠠ ᠬᠡᠪᠲᠡᠭᠰᠡᠨ ᠳᠦ᠂ ᠪᠠᠯᠠᠮ ᠠᠭᠤᠷᠯᠠᠵᠤ ᠲᠠᠶᠠᠭ ᠢᠶᠠᠷ ᠢᠶᠠᠨ ᠡᠯᠵᠢᠭᠡ ᠶᠢ ᠴᠣᠬᠢᠯ᠎ᠠ᠃ 28 ᠲᠡᠭᠡᠲᠡᠯ᠎ᠡ ᠶᠣᠬᠣᠸᠠ ᠡᠯᠵᠢᠭᠡᠨ ᠦ ᠠᠮᠠ ᠶᠢ ᠨᠡᠭᠡᠭᠡᠪᠡ᠃ ᠡᠯᠵᠢᠭᠡ ᠪᠠᠯᠠᠮ ᠳᠤ᠄ 《ᠪᠢ ᠲᠠᠨ ᠳᠤ ᠶᠠᠭᠤ ᠬᠢᠭᠰᠡᠨ ᠡᠴᠡ ᠪᠣᠯᠣᠭᠠᠳ ᠲᠠ ᠨᠠᠮᠠᠶᠢ ᠢᠩᠭᠢᠵᠦ ᠭᠤᠷᠪᠠᠨᠲᠠ ᠴᠣᠬᠢᠪᠠ︖》 ᠭᠡᠬᠦ ᠳᠦ᠂ 29 ᠪᠠᠯᠠᠮ ᠡᠯᠵᠢᠭᠡᠨ ᠳᠦ᠄ 《ᠴᠢ ᠨᠠᠳᠠ ᠪᠠᠷ ᠲᠣᠭᠯᠠᠭᠠᠮ ᠬᠢᠵᠦ ᠪᠠᠢᠨ᠎ᠠ︕ ᠭᠠᠷ ᠲᠤ ᠮᠢᠨᠢ ᠢᠯᠳᠦ ᠪᠠᠢᠭᠰᠠᠨ ᠰᠠᠨ ᠪᠣᠯ ᠪᠢ ᠴᠢᠮᠠᠶᠢ ᠣᠳᠣ ᠠᠯᠠᠴᠢᠬᠠᠭᠰᠠᠨ ᠪᠠᠢᠬ᠎ᠠ》 ᠭᠡᠯᠡ᠃ 30 ᠡᠯᠵᠢᠭᠡ ᠪᠠᠯᠠᠮ ᠳᠤ᠄ 《ᠥᠨᠥᠳᠥᠷ ᠬᠦᠷᠲᠡᠯ᠎ᠡ ᠲᠡᠩᠳᠡ ᠪᠡᠨ ᠤᠨᠤᠵᠤ ᠶᠠᠪᠤᠭ᠎ᠠ ᠡᠯᠵᠢᠭᠡ ᠴᠢᠨᠢ ᠪᠢ ᠪᠢᠰᠢ ᠤᠤ︖ ᠬᠠᠷᠢᠨ ᠪᠢ ᠲᠠᠨ ᠳᠤ ᠨᠢᠭᠡ ᠤᠳᠠᠭ᠎ᠠ ᠴᠤ ᠢᠩᠭᠢᠵᠦ ᠪᠠᠢᠭᠰᠠᠨ ᠤᠤ︖》 ᠭᠡᠬᠦ ᠳᠦ᠂ ᠲᠡᠷᠡ᠄ 《ᠦᠭᠡᠢ》 ᠭᠡᠯᠡ᠃
31 ᠲᠡᠭᠡᠲᠡᠯ᠎ᠡ ᠶᠣᠬᠣᠸᠠ ᠪᠠᠯᠠᠮ ᠤᠨ ᠨᠢᠳᠦ ᠶᠢ ᠨᠡᠭᠡᠭᠡᠪᠡ᠃ ᠶᠣᠬᠣᠸᠠ ᠶᠢᠨ ᠡᠯᠴᠢ ᠭᠠᠷ ᠲᠠᠭᠠᠨ ᠰᠤᠭᠤᠯᠤᠭᠰᠠᠨ ᠢᠯᠳᠦ ᠪᠡᠨ ᠪᠠᠷᠢᠵᠤ ᠵᠠᠮ ᠳᠡᠭᠡᠷ᠎ᠡ ᠵᠣᠭᠰᠣᠵᠤ ᠪᠤᠢ ᠶᠢ ᠪᠠᠯᠠᠮ ᠬᠠᠷᠠᠭᠠᠳ ᠨᠢᠭᠤᠷ ᠢᠶᠠᠨ ᠭᠠᠵᠠᠷ ᠲᠤ ᠨᠠᠭᠠᠨ ᠪᠥᠬᠥᠢᠪᠡ᠃ 32 ᠶᠣᠬᠣᠸᠠ ᠶᠢᠨ ᠡᠯᠴᠢ ᠲᠡᠭᠦᠨ ᠳᠦ᠄ 《ᠴᠢ ᠶᠠᠭᠤᠨ ᠳᠤ ᠡᠯᠵᠢᠭᠡ ᠪᠡᠨ ᠢᠩᠭᠢᠵᠦ ᠭᠤᠷᠪᠠᠨᠲᠠ ᠴᠣᠬᠢᠪᠠ︖ ᠬᠠᠷ᠎ᠠ᠂ ᠪᠢ ᠥᠪᠡᠷ ᠢᠶᠡᠨ ᠴᠢᠮ᠎ᠠ ᠶᠢ ᠡᠰᠡᠷᠭᠦᠴᠡᠬᠦ ᠪᠡᠷ ᠢᠷᠡᠭᠰᠡᠨ᠂ ᠮᠢᠨᠦ ᠡᠮᠦᠨ᠎ᠡ ᠴᠢᠨᠦ ᠵᠠᠮ ᠭᠠᠵᠢᠭᠤ ᠪᠠᠢᠨ᠎ᠠ᠃ 33 ᠡᠯᠵᠢᠭᠡ ᠴᠢᠨᠢ ᠨᠠᠮᠠᠶᠢ ᠬᠠᠷᠠᠭᠠᠳ᠂ ᠭᠤᠷᠪᠠᠨᠲᠠ ᠨᠠᠳᠠ ᠠᠴᠠ ᠵᠠᠢᠯᠠᠭᠰᠠᠨ᠃ ᠬᠡᠷᠪᠡ ᠵᠠᠢᠯᠠᠭᠠ ᠦᠭᠡᠢ ᠪᠣᠯ ᠪᠢ ᠴᠢᠮᠠᠶᠢ ᠳᠣᠣᠷ᠎ᠠ ᠨᠢ ᠠᠯᠠᠵᠤ᠂ ᠲᠡᠭᠦᠨ ᠢ ᠠᠮᠢᠳᠤ ᠦᠯᠡᠳᠡᠭᠡᠬᠦ ᠪᠠᠢᠭᠰᠠᠨ》 ᠭᠡᠪᠡ᠃ 34 ᠪᠠᠯᠠᠮ ᠶᠣᠬᠣᠸᠠ ᠶᠢᠨ ᠡᠯᠴᠢ ᠳᠤ᠄ 《ᠪᠢ ᠨᠢᠭᠦᠯ ᠦᠢᠯᠡᠳᠴᠡᠢ᠃ ᠮᠢᠨᠦ ᠵᠠᠮ ᠢ ᠲᠣᠰᠣᠨ ᠵᠣᠭᠰᠣᠵᠤ ᠪᠠᠢᠭᠰᠠᠨ ᠢ ᠴᠢᠨᠢ ᠪᠢ ᠮᠡᠳᠡᠭᠡ ᠦᠭᠡᠢ᠃ ᠲᠠᠨ ᠤ ᠰᠠᠨᠠᠭᠠᠨ ᠳᠤ ᠲᠠᠭᠠᠯᠠᠭᠳᠠᠬᠤ ᠦᠭᠡᠢ ᠶᠤᠮ ᠪᠣᠯ ᠪᠢ ᠪᠤᠴᠠᠭᠠᠳ ᠶᠠᠪᠤᠶ᠎ᠠ》 ᠭᠡᠬᠦ ᠳᠦ᠂ 35 ᠶᠣᠬᠣᠸᠠ ᠶᠢᠨ ᠡᠯᠴᠢ ᠪᠠᠯᠠᠮ ᠳᠤ᠄ 《ᠲᠡᠷᠡ ᠬᠥᠮᠦᠰ ᠲᠡᠢ ᠬᠠᠮᠲᠤ ᠶᠠᠪᠤ᠃ ᠬᠠᠷᠢᠨ ᠮᠢᠨᠦ ᠴᠢᠮ᠎ᠠ ᠳᠤ ᠬᠡᠯᠡᠬᠦ ᠦᠭᠡ ᠶᠢ ᠯᠠ ᠬᠡᠯᠡᠬᠦ ᠶᠣᠰᠣᠲᠠᠢ》 ᠭᠡᠪᠡ᠃ ᠲᠡᠢᠨ ᠬᠦ ᠪᠠᠯᠠᠮ ᠪᠠᠯᠠᠺ ᠤᠨ ᠨᠣᠶᠠᠳ ᠲᠠᠢ ᠬᠠᠮᠲᠤ ᠶᠠᠪᠤᠭᠰᠠᠨ ᠪᠠᠢᠯ᠎ᠠ᠃
36 ᠪᠠᠯᠠᠮ ᠤᠨ ᠢᠷᠡᠵᠦ ᠶᠠᠪᠤᠭ᠎ᠠ ᠶᠢ ᠪᠠᠯᠠᠺ ᠰᠣᠨᠣᠰᠣᠭᠠᠳ᠂ ᠲᠡᠭᠦᠨ ᠢ ᠤᠭᠲᠤᠨ ᠠᠪᠬᠤ ᠪᠠᠷ ᠨᠤᠲᠤᠭ ᠤᠨ ᠢᠶᠠᠨ ᠬᠢᠵᠠᠭᠠᠷ ᠪᠣᠯᠬᠤ ᠠᠷᠨᠣᠨ ᠤ ᠬᠥᠨᠳᠡᠢ ᠶᠢᠨ ᠵᠠᠬ᠎ᠠ ᠳᠠᠬᠢ ᠮᠣᠶᠠᠪ ᠤᠨ ᠨᠢᠭᠡ ᠬᠣᠲᠠ ᠳᠤ ᠬᠦᠷᠴᠦ ᠢᠷᠡᠪᠡ᠃ 37 ᠪᠠᠯᠠᠺ ᠪᠠᠯᠠᠮ ᠳᠤ᠄ 《ᠲᠠᠨ ᠢ ᠳᠠᠭᠤᠳᠠᠭᠤᠯᠬᠤ ᠪᠠᠷ ᠲᠠᠨ ᠤᠷᠤᠭᠤ ᠡᠯᠴᠢᠳ ᠢᠯᠡᠭᠡᠭᠰᠡᠨ ᠪᠢᠰᠢ ᠤᠤ︖ ᠬᠠᠷᠢᠨ ᠲᠠ ᠶᠠᠭᠠᠬᠢᠭᠠᠳ ᠨᠠᠳᠠ ᠤᠷᠤᠭᠤ ᠢᠷᠡᠭᠰᠡᠨ ᠦᠭᠡᠢ ᠪᠤᠢ︖ ᠪᠢ ᠲᠠᠨ ᠢ ᠬᠦᠨᠳᠦᠳᠬᠡᠵᠦ ᠴᠢᠳᠠᠬᠤ ᠦᠭᠡᠢ ᠪᠠᠢᠨ᠎ᠠ ᠤᠤ︖》 ᠭᠡᠪᠡ᠃ 38 ᠪᠠᠯᠠᠮ ᠪᠠᠯᠠᠺ ᠲᠤ᠄ 《ᠵᠠ᠂ ᠪᠢ ᠣᠳᠣ ᠢᠷᠡᠴᠢᠬᠡᠭᠡᠳ ᠪᠠᠢᠨ᠎ᠠ᠃ ᠬᠠᠷᠢᠨ ᠪᠢ ᠳᠤᠷ᠎ᠠ ᠪᠠᠷ ᠢᠶᠠᠨ ᠶᠠᠭᠤ ᠬᠡᠯᠡᠵᠦ ᠴᠢᠳᠠᠬᠤ ᠪᠢᠯᠡ︖ ᠪᠤᠷᠬᠠᠨ ᠤ ᠮᠢᠨᠦ ᠠᠮᠠᠨ ᠳᠤ ᠬᠢᠬᠦ ᠦᠭᠡ ᠶᠢ ᠯᠠ ᠪᠢ ᠬᠡᠯᠡᠬᠦ ᠪᠣᠯᠣᠨ᠎ᠠ》 ᠭᠡᠵᠡᠢ᠃ 39 ᠲᠡᠢᠨ ᠬᠦ ᠪᠠᠯᠠᠮ ᠪᠠᠯᠠᠺ ᠲᠠᠢ ᠬᠠᠮᠲᠤ ᠶᠠᠪᠤᠵᠤ᠂ ᠺᠢᠷᠢᠶᠠᠲ ᠾᠦᠽᠣᠲ ᠲᠤ ᠬᠦᠷᠪᠡ᠃ 40 ᠪᠠᠯᠠᠺ ᠦᠬᠡᠷ᠂ ᠬᠣᠨᠢᠳ ᠨᠢᠳᠤᠯᠤᠨ ᠲᠠᠬᠢᠯ ᠡᠷᠭᠦᠵᠦ᠂ ᠪᠠᠯᠠᠮ ᠪᠣᠯᠣᠨ ᠲᠡᠭᠦᠨ ᠲᠡᠢ ᠬᠠᠮᠲᠤ ᠶᠠᠪᠤᠭ᠎ᠠ ᠨᠣᠶᠠᠳ ᠲᠤ ᠥᠭᠪᠡ᠃
41 ᠥᠷᠯᠥᠭᠡ ᠪᠣᠯᠬᠤ ᠳᠤ ᠪᠠᠯᠠᠺ ᠪᠠᠯᠠᠮ ᠢ ᠳᠠᠭᠠᠭᠤᠯᠤᠨ᠂ ᠪᠠᠮᠣᠲ ᠪᠠᠯ 70 ᠥᠭᠡᠳᠡ ᠣᠴᠢᠵᠠᠢ᠃ ᠪᠠᠯᠠᠮ ᠲᠡᠨᠳᠡ ᠡᠴᠡ ᠨᠥᠭᠥᠭᠡ ᠦᠨᠳᠦᠰᠦᠲᠡᠨ ᠦ ᠪᠠᠢᠳᠠᠯ ᠢ ᠬᠠᠷᠠᠪᠠ᠃