ᠲᠣᠭᠠᠯᠠᠯᠭ᠎ᠠ ᠠᠷᠪᠠᠨ ᠬᠣᠶᠠᠷ
ᠮᠢᠷᠢᠶᠠᠮ ᠠᠷᠣᠨ ᠬᠣᠶᠠᠷ ᠮᠣᠰᠧ ᠶᠢ ᠡᠰᠡᠷᠭᠦᠴᠡᠪᠡ
1 ᠮᠣᠰᠧ ᠡᠲ᠋ᠢᠶᠤᠫᠢᠶᠠ ᠡᠮᠡᠭᠲᠡᠢ ᠲᠡᠢ ᠭᠡᠷᠯᠡᠭᠰᠡᠨ ᠲᠤᠯᠠ ᠡᠲ᠋ᠢᠶᠤᠫᠢᠶᠠ ᠡᠮᠡᠭᠲᠡᠢ ᠶᠢᠨ ᠤᠯᠠᠮ ᠢᠶᠠᠷ ᠮᠢᠷᠢᠶᠠᠮ ᠠᠷᠣᠨ ᠬᠣᠶᠠᠷ ᠮᠣᠰᠧ ᠶᠢ ᠪᠤᠷᠤᠭᠤᠳᠬᠠᠵᠤ᠄ 2 《ᠶᠣᠬᠣᠸᠠ ᠵᠥᠪᠬᠡᠨ ᠮᠣᠰᠧ ᠪᠠᠷ ᠳᠠᠮᠵᠢᠭᠤᠯᠤᠨ ᠶᠠᠷᠢᠳᠠᠭ ᠭᠡᠵᠢ ᠤᠤ︖ ᠲᠡᠷᠡ ᠪᠢᠳᠡᠨ ᠢᠶᠡᠷ ᠴᠤ ᠳᠠᠮᠵᠢᠭᠤᠯᠤᠨ ᠶᠠᠷᠢᠳᠠᠭ ᠦᠭᠡᠢ ᠭᠡᠵᠢ ᠤᠤ︖》 ᠭᠡᠬᠦ ᠶᠢ ᠶᠣᠬᠣᠸᠠ ᠰᠣᠨᠣᠰᠪᠠ᠃ 3 ᠬᠠᠷᠢᠨ ᠮᠣᠰᠧ ᠭᠡᠭᠴᠢ ᠬᠥᠮᠦᠨ ᠭᠠᠵᠠᠷ ᠤᠨ ᠬᠥᠷᠥᠰᠥᠨ ᠳᠡᠭᠡᠷ᠎ᠡ ᠬᠡᠨ ᠡᠴᠡ ᠴᠤ ᠢᠯᠡᠭᠦᠦ ᠪᠡᠷ ᠮᠠᠰᠢ ᠳᠠᠷᠤᠤ 51 ᠨᠢᠭᠡᠨ ᠪᠠᠢᠯ᠎ᠠ᠃ 4 ᠶᠣᠬᠣᠸᠠ ᠭᠡᠨᠡᠳᠲᠡ ᠮᠣᠰᠧ᠂ ᠠᠷᠣᠨ᠂ ᠮᠢᠷᠢᠶᠠᠮ ᠳᠤ ᠠᠢᠯᠠᠳᠤᠨ᠄ 《ᠲᠠ ᠭᠤᠷᠪᠠ ᠠᠭᠤᠯᠵᠠᠯᠲᠠ ᠶᠢᠨ ᠴᠠᠴᠠᠷ ᠤᠷᠤᠭᠤ ᠬᠦᠷᠴᠦ ᠢᠷ᠎ᠡ》 ᠭᠡᠬᠦ ᠳᠦ᠂ ᠲᠡᠷᠡ ᠭᠤᠷᠪᠠ ᠣᠴᠢᠯ᠎ᠠ᠃ 5 ᠶᠣᠬᠣᠸᠠ ᠡᠭᠦᠯᠡᠨ ᠪᠠᠭᠠᠨ᠎ᠠ ᠳᠣᠲᠣᠷ᠎ᠠ ᠪᠠᠭᠤᠵᠤ᠂ ᠣᠷᠣᠰᠢᠬᠤᠢ ᠶᠢᠨ ᠴᠠᠴᠠᠷ ᠤᠨ ᠡᠭᠦᠳᠡᠨ ᠳᠡᠭᠡᠷ᠎ᠡ ᠵᠣᠭᠰᠣᠭᠠᠳ ᠠᠷᠣᠨ ᠪᠣᠯᠣᠨ ᠮᠢᠷᠢᠶᠠᠮ ᠢ ᠳᠠᠭᠤᠳᠠᠭᠰᠠᠨ ᠳᠤ᠂ ᠲᠡᠷᠡ ᠬᠣᠶᠠᠷ ᠭᠠᠷᠤᠯ᠎ᠠ᠃ 6 ᠲᠡᠷᠡ ᠪᠡᠷ᠄ 《ᠦᠭᠡ ᠶᠢ ᠮᠢᠨᠢ ᠰᠣᠨᠣᠰ ᠬᠡᠷᠪᠡ ᠲᠠ ᠨᠠᠷ ᠤᠨ ᠳᠤᠮᠳᠠ ᠡᠰᠢ ᠦᠵᠡᠭᠦᠯᠦᠭᠴᠢ ᠪᠠᠢᠪᠠᠯ ᠶᠣᠬᠣᠸᠠ ᠪᠢ ᠲᠡᠭᠦᠨ ᠳᠦ ᠦᠵᠡᠭᠳᠡᠯ ᠢᠶᠡᠷ ᠥᠪᠡᠷ ᠢ ᠪᠠᠨ ᠮᠡᠳᠡᠭᠦᠯᠵᠦ ᠡᠰᠡᠪᠡᠯ ᠵᠡᠭᠦᠳᠦ ᠪᠡᠷ ᠬᠡᠯᠡᠬᠦ ᠪᠣᠯᠪᠠᠴᠤ
7 ᠵᠠᠷᠤᠴᠠ ᠮᠣᠰᠧ ᠳᠡᠭᠡᠨ ᠪᠣᠯ ᠲᠡᠭᠡᠬᠦ ᠦᠭᠡᠢ ᠲᠡᠷᠡ ᠮᠢᠨᠦ ᠪᠦᠬᠦᠢᠯᠡ ᠭᠡᠷ ᠲᠦ ᠢᠲᠡᠭᠡᠮᠵᠢᠲᠦ ᠪᠥᠭᠡᠳ
8 ᠪᠢ ᠳᠠᠯᠳᠠ ᠦᠭᠡ ᠪᠡᠷ ᠪᠢᠰᠢ ᠬᠠᠷᠢᠨ ᠢᠯᠡᠨ ᠳᠠᠯᠠᠨ ᠦᠭᠡᠢ ᠨᠢᠭᠤᠷ ᠲᠤᠯᠤᠨ ᠶᠠᠷᠢᠵᠤ ᠲᠡᠷᠡ ᠴᠤ ᠶᠣᠬᠣᠸᠠ ᠮᠢᠨᠦ ᠲᠥᠷᠬᠥ ᠶᠢ ᠬᠠᠷᠠᠳᠠᠭ ᠲᠡᠢᠮᠦ ᠪᠠᠢᠲᠠᠯ᠎ᠠ ᠲᠠ ᠨᠠᠷ ᠮᠢᠨᠦ ᠵᠠᠷᠤᠴᠠ ᠮᠣᠰᠧ ᠶᠢ ᠪᠤᠷᠤᠭᠤᠳᠬᠠᠬᠤ ᠠᠴᠠ ᠶᠠᠭᠤᠨ ᠳᠤ ᠦᠯᠦ ᠠᠶᠤᠪᠠ︖》
ᠭᠡᠵᠦ ᠠᠢᠯᠠᠳᠪᠠ᠃ 9 ᠶᠣᠬᠣᠸᠠ ᠶᠢᠨ ᠠᠭᠤᠷ ᠬᠢᠯᠢᠩ ᠲᠡᠳᠡᠨ ᠦ ᠡᠰᠡᠷᠭᠦ ᠰᠢᠲᠠᠭᠰᠠᠨ ᠪᠥᠭᠡᠳ ᠲᠡᠷᠡ ᠰᠠᠯᠵᠤ ᠶᠠᠪᠤᠪᠠ᠃
10 ᠡᠭᠦᠯᠡ ᠴᠠᠴᠠᠷ ᠤᠨ ᠳᠡᠭᠡᠷ᠎ᠡ ᠡᠴᠡ ᠰᠠᠯᠵᠤ ᠶᠠᠪᠤᠲᠠᠯ᠎ᠠ ᠮᠢᠷᠢᠶᠠᠮ ᠳᠤ ᠤᠶᠠᠮᠠᠨ ᠡᠪᠡᠳᠴᠢᠨ ᠲᠤᠰᠴᠤ ᠲᠡᠷᠡ ᠴᠠᠰᠤ ᠴᠠᠭᠠᠨ ᠪᠣᠯᠪᠠ︕ ᠠᠷᠣᠨ ᠮᠢᠷᠢᠶᠠᠮ ᠤᠷᠤᠭᠤ ᠡᠷᠭᠢᠵᠦ ᠬᠠᠷᠠᠬᠤ ᠳᠤ᠂ ᠲᠡᠷᠡ ᠤᠶᠠᠮᠠᠨ ᠡᠪᠡᠳᠴᠢᠲᠡᠢ ᠪᠣᠯᠵᠠᠢ︕ 11 ᠠᠷᠣᠨ ᠮᠣᠰᠧ ᠡᠴᠡ ᠭᠤᠶᠤᠨ᠄ 《ᠥᠷᠥᠰᠢᠶᠡᠭᠡᠴᠢ᠂ ᠡᠵᠡᠨᠲᠡᠨ ᠮᠢᠨᠢ᠂ ᠪᠢᠳᠡ ᠮᠤᠩ᠋ᠬᠠᠭᠯᠠᠵᠤ ᠨᠢᠭᠦᠯ ᠦᠢᠯᠡᠳᠦᠭᠰᠡᠨ᠂ ᠡᠨᠡ ᠨᠢᠭᠦᠯ ᠢ ᠪᠢᠳᠡᠨ ᠳᠦ ᠪᠦᠦ ᠲᠣᠬᠣᠭᠠᠴᠢ᠃ 12 ᠲᠠᠨ ᠠᠴᠠ ᠭᠤᠶᠤᠶ᠎ᠠ᠂ ᠮᠢᠷᠢᠶᠠᠮ ᠢ ᠪᠢᠲᠡᠭᠡᠢ ᠯᠠ ᠡᠬᠡ ᠶᠢᠨ ᠢᠶᠠᠨ ᠬᠡᠪᠡᠯᠢ ᠡᠴᠡ ᠭᠠᠷᠬᠤ ᠳᠠᠭᠠᠨ ᠬᠠᠭᠠᠰ ᠮᠢᠬ᠎ᠠ ᠨᠢ ᠥᠮᠡᠬᠡᠢᠷᠡᠵᠦ ᠦᠬᠦᠳᠡᠯ ᠪᠣᠯᠣᠭᠰᠠᠨ ᠮᠡᠲᠦ ᠪᠣᠯᠭᠠᠭᠠᠴᠢ》 ᠭᠡᠬᠦ ᠳᠦ᠂ 13 ᠮᠣᠰᠧ ᠶᠣᠬᠣᠸᠠ ᠤᠷᠤᠭᠤ ᠬᠠᠰᠬᠢᠷᠤᠨ ᠭᠤᠶᠤᠵᠤ᠄ 《ᠪᠤᠷᠬᠠᠨ᠂ ᠲᠡᠭᠦᠨ ᠢ ᠡᠳᠡᠭᠡᠭᠡᠴᠢ》 ᠭᠡᠪᠡ᠃ 14 ᠶᠣᠬᠣᠸᠠ ᠮᠣᠰᠧ ᠳᠤ ᠠᠢᠯᠠᠳᠤᠨ᠄ 《ᠬᠡᠷᠪᠡ ᠮᠢᠷᠢᠶᠠᠮ ᠡᠴᠢᠭᠡ ᠪᠡᠷ ᠢᠶᠠᠨ ᠨᠢᠭᠤᠷ ᠤᠷᠤᠭᠤ ᠪᠠᠨ ᠨᠢᠯᠪᠤᠭᠤᠯᠤᠭᠰᠠᠨ ᠪᠣᠯ᠂ ᠲᠡᠷᠡ ᠳᠣᠯᠣᠭᠠᠨ ᠬᠣᠨᠣᠭ ᠤᠨ ᠲᠤᠷᠰᠢ ᠢᠴᠢᠬᠦ ᠦᠭᠡᠢ ᠭᠡᠵᠢ ᠤᠤ︖ ᠲᠡᠭᠦᠨ ᠢ ᠬᠤᠸᠠᠷᠠᠨ ᠤ ᠭᠠᠳᠠᠨ᠎ᠠ ᠳᠣᠯᠣᠭᠠᠨ ᠬᠣᠨᠣᠭ ᠬᠣᠷᠢᠭᠰᠠᠨ ᠤ ᠳᠠᠷᠠᠭ᠎ᠠ ᠣᠷᠣᠭᠤᠯ》 ᠭᠡᠰᠡᠨ ᠢᠶᠡᠷ᠂ 15 ᠮᠢᠷᠢᠶᠠᠮ ᠬᠤᠸᠠᠷᠠᠨ ᠤ ᠭᠠᠳᠠᠨ᠎ᠠ ᠳᠣᠯᠣᠭᠠᠨ ᠬᠣᠨᠣᠭ ᠬᠣᠷᠢᠭᠳᠠᠵᠠᠢ᠃ ᠠᠷᠠᠳ ᠲᠦᠮᠡᠨ ᠠᠶᠠᠨ ᠳᠤ ᠭᠠᠷᠤᠯ ᠦᠭᠡᠢ ᠪᠠᠢᠵᠤ᠂ ᠲᠡᠭᠦᠨ ᠢ ᠬᠤᠸᠠᠷᠠᠨ ᠳᠤ ᠳᠠᠬᠢᠨ ᠣᠷᠣᠭᠤᠯᠤᠭᠰᠠᠨ ᠤ ᠳᠠᠷᠠᠭ᠎ᠠ ᠯᠠ 16 ᠬᠠᠽᠧᠷᠣᠲ ᠠᠴᠠ ᠬᠥᠳᠡᠯᠦᠨ ᠶᠠᠪᠤᠵᠤ᠂ ᠫᠠᠷᠠᠨ ᠤ ᠴᠥᠯ ᠳᠤ ᠪᠠᠭᠤᠳᠠᠯᠯᠠᠪᠠ᠃