1 2 3 4 5 6 7 8 9 10 11 12 13


ᠬᠣᠶᠠᠳᠤᠭᠠᠷ ᠺᠣᠷᠢᠨᠲ ᠨᠢᠭᠡ

1 ᠪᠤᠷᠬᠠᠨ ᠤ ᠰᠠᠨᠠᠭ᠎ᠠ ᠪᠠᠷ ᠾᠷᠢᠰᠲ᠋ᠣᠰ ᠢᠰᠦ᠋ᠰ ᠤᠨ ᠰᠢᠳᠠᠷ ᠱᠠᠪᠢ ᠪᠣᠯᠣᠭᠰᠠᠨ ᠫᠠᠦ᠋ᠯ ᠪᠠ ᠳᠡᠭᠦᠦ ᠲᠢᠮᠣᠲ ᠠᠴᠠ ᠺᠣᠷᠢᠨᠲ ᠳᠠᠬᠢ ᠪᠤᠷᠬᠠᠨ ᠤ ᠴᠢᠭᠤᠯᠭᠠᠨ ᠬᠢᠭᠡᠳ ᠪᠦᠬᠦ ᠠᠺᠠᠢᠶ᠎ᠠ ᠶᠢᠨ ᠪᠦᠬᠦ ᠠᠷᠢᠭᠤᠨ ᠬᠥᠮᠦᠰ ᠲᠦ᠄

2 ᠪᠢᠳᠡᠨ ᠦ ᠡᠴᠢᠭᠡ ᠪᠤᠷᠬᠠᠨ ᠪᠠ ᠡᠵᠡᠨ ᠢᠰᠦ᠋ᠰ ᠾᠷᠢᠰᠲ᠋ᠣᠰ ᠤᠨ ᠢᠪᠡᠭᠡᠯ᠂ ᠠᠮᠤᠭᠤᠯᠠᠩ ᠲᠠ ᠨᠠᠷ ᠲᠤ ᠪᠠᠢᠬᠤ ᠪᠣᠯᠲᠤᠭᠠᠢ᠃
 ᠲᠠᠯᠠᠷᠬᠠᠯ

3 ᠪᠢᠳᠡᠨ ᠦ ᠡᠵᠡᠨ ᠢᠰᠦ᠋ᠰ ᠾᠷᠢᠰᠲ᠋ᠣᠰ ᠤᠨ ᠡᠴᠢᠭᠡ ᠪᠤᠷᠬᠠᠨ ᠮᠠᠭᠲᠠᠭᠳᠠᠬᠤ ᠪᠣᠯᠲᠤᠭᠠᠢ᠃ ᠲᠡᠷᠡ ᠪᠣᠯ ᠡᠨᠡᠷᠢᠯ ᠤᠨ ᠡᠴᠢᠭᠡ᠂ ᠬᠠᠮᠤᠭ ᠲᠠᠢᠳᠬᠤᠷᠠᠭᠤᠯᠤᠯ ᠤᠨ ᠪᠤᠷᠬᠠᠨ ᠤᠴᠢᠷ ᠠᠴᠠ 4 ᠪᠢᠳᠡᠨ ᠢ ᠠᠯᠢᠪᠠ ᠵᠣᠪᠠᠯᠠᠩ ᠤᠨ ᠦᠶ᠎ᠡ ᠳᠦ ᠲᠠᠢᠳᠬᠤᠷᠠᠭᠤᠯᠳᠠᠭ᠃ ᠡᠢᠨ ᠬᠦ ᠪᠢᠳᠡ ᠪᠤᠷᠬᠠᠨ ᠠᠴᠠ ᠠᠪᠤᠭᠰᠠᠨ ᠲᠡᠷᠡ ᠬᠦ ᠲᠠᠢᠳᠬᠤᠷᠠᠯ ᠢᠶᠠᠷ ᠠᠯᠢᠪᠠ ᠵᠣᠪᠠᠯᠠᠩ ᠲᠠᠢ ᠬᠥᠮᠦᠰ ᠢ ᠲᠠᠢᠳᠬᠤᠷᠠᠭᠤᠯᠵᠤ ᠴᠢᠳᠠᠳᠠᠭ᠃ 5 ᠾᠷᠢᠰᠲ᠋ᠣᠰ ᠤᠨ ᠵᠣᠪᠠᠯᠠᠩ ᠪᠢᠳᠡᠨ ᠦ ᠳᠣᠲᠣᠷ᠎ᠠ ᠳᠦᠭᠦᠷᠬᠦ ᠲᠤᠰᠤᠮ ᠪᠢᠳᠡᠨ ᠦ ᠲᠠᠢᠳᠬᠤᠷᠠᠯ ᠴᠤ ᠾᠷᠢᠰᠲ᠋ᠣᠰ ᠢᠶᠠᠷ ᠳᠠᠮᠵᠢᠨ ᠳᠦᠭᠦᠷᠳᠡᠭ᠃ 6 ᠬᠠᠷᠢᠨ ᠪᠢᠳᠡ ᠵᠣᠪᠠᠯᠠᠩ ᠠᠮᠰᠠᠭᠰᠠᠨ ᠴᠤ ᠲᠠ ᠨᠠᠷ ᠤᠨ ᠲᠠᠢᠳᠬᠤᠷᠠᠯ ᠪᠠ ᠠᠪᠤᠷᠠᠭᠳᠠᠯ ᠳᠤ ᠲᠤᠰᠠ ᠪᠣᠯᠣᠨ᠎ᠠ᠂ ᠲᠠᠢᠳᠬᠤᠷᠠᠯ ᠣᠯᠬᠤ ᠨᠢ ᠴᠤ ᠲᠠ ᠨᠠᠷ ᠤᠨ ᠲᠠᠢᠳᠬᠤᠷᠠᠯ ᠳᠤ ᠲᠤᠰᠠ ᠪᠣᠯᠣᠨ᠎ᠠ᠂ ᠡᠨᠡ ᠬᠦ ᠲᠠᠢᠳᠬᠤᠷᠠᠭᠤᠯᠤᠯ ᠦᠷ᠎ᠡ ᠨᠥᠯᠥᠭᠡ ᠲᠠᠢ ᠤᠴᠢᠷ ᠠᠴᠠ ᠪᠢᠳᠡᠨ ᠦ ᠠᠮᠰᠠᠵᠤ ᠪᠤᠢ ᠵᠣᠪᠠᠯᠠᠩ ᠲᠠᠢ ᠠᠳᠠᠯᠢ ᠵᠣᠪᠠᠯᠠᠩ ᠢ ᠲᠡᠰᠪᠦᠷᠢᠯᠡᠬᠦ ᠲᠡᠪᠴᠢᠶᠡᠷᠢ ᠶᠢ ᠲᠠ ᠨᠠᠷ ᠤᠨ ᠳᠣᠲᠣᠷ᠎ᠠ ᠲᠥᠷᠥᠭᠦᠯᠳᠡᠭ᠃ 7 ᠲᠠ ᠨᠠᠷ ᠵᠣᠪᠠᠯᠠᠩ ᠤᠨ ᠬᠤᠪᠢᠶᠠᠯᠴᠠᠭᠴᠢ ᠪᠠᠷ ᠪᠠᠷᠠᠬᠤ ᠦᠭᠡᠢ᠂ ᠮᠥᠨ ᠲᠠᠢᠳᠬᠤᠷᠠᠯ ᠤᠨ ᠬᠤᠪᠢᠶᠠᠯᠴᠠᠭᠴᠢ ᠪᠣᠯᠣᠯ᠎ᠠ᠃ ᠪᠢᠳᠡ ᠡᠭᠦᠨ ᠢ ᠮᠡᠳᠡᠳᠡᠭ ᠲᠤᠯᠠ ᠲᠠ ᠨᠠᠷ ᠲᠤ ᠪᠠᠲᠤ ᠡᠷᠡᠮᠡᠯᠵᠡᠯ ᠲᠡᠢ ᠪᠠᠢᠳᠠᠭ᠃
 ᠳᠤᠭᠤᠯᠤᠭᠰᠠᠨ ᠪᠡᠷᠬᠡᠰᠢᠶᠡᠯ

8 ᠠᠬ᠎ᠠ ᠳᠡᠭᠦᠦ ᠨᠠᠷ ᠡ᠂ ᠪᠢᠳᠡᠨ ᠦ ᠠᠽᠢᠶ᠎ᠠ ᠳᠤ ᠠᠮᠰᠠᠭᠰᠠᠨ ᠵᠣᠪᠠᠯᠠᠩ ᠢ ᠮᠡᠳᠡᠬᠦ ᠦᠭᠡᠢ ᠪᠠᠢᠬᠤ ᠶᠢ ᠴᠢᠨᠢ ᠪᠢᠳᠡ ᠬᠦᠰᠡᠬᠦ ᠦᠭᠡᠢ᠃ ᠲᠡᠷᠡ ᠦᠶ᠎ᠡ ᠳᠦ ᠪᠢᠳᠡ ᠬᠢᠷᠢ ᠡᠴᠡ ᠪᠡᠨ ᠬᠡᠲᠦᠷᠡᠲᠡᠯ᠎ᠡ ᠳᠠᠷᠤᠭᠳᠠᠭᠰᠠᠨ ᠠᠴᠠ ᠠᠮᠢᠳᠤᠷᠠᠬᠤ ᠡᠷᠡᠮᠡᠯᠵᠡᠯ ᠲᠠᠰᠤᠷᠠᠨ 9 ᠦᠬᠦᠬᠦ ᠪᠠᠢᠬ᠎ᠠ ᠡ ᠬᠡᠮᠡᠨ ᠪᠣᠳᠣᠪᠠ᠃ ᠲᠡᠭᠡᠬᠦ ᠳᠦ ᠪᠢᠳᠡ ᠥᠪᠡᠷᠰᠡᠳ ᠲᠡᠭᠡᠨ ᠦᠯᠦ ᠨᠠᠢᠳᠠᠨ᠂ ᠬᠠᠷᠢᠨ ᠦᠬᠦᠭᠰᠡᠳ ᠢ ᠠᠮᠢᠯᠠᠭᠤᠯᠤᠭᠴᠢ ᠪᠤᠷᠬᠠᠨ ᠳᠤ ᠨᠠᠢᠳᠠᠬᠤ ᠪᠣᠯᠣᠭᠰᠠᠨ᠃ 10 ᠲᠡᠷᠡ ᠪᠢᠳᠡᠨ ᠢ ᠲᠡᠢᠮᠦ ᠬᠦᠨᠳᠦ ᠦᠬᠦᠯ ᠦᠨ ᠠᠶᠤᠯ ᠠᠴᠠ ᠭᠡᠲᠦᠯᠭᠡᠭᠰᠡᠨ ᠪᠥᠭᠡᠳ ᠭᠡᠲᠦᠯᠭᠡᠬᠦ ᠪᠣᠯᠣᠨ᠎ᠠ᠃ ᠪᠢᠳᠡ ᠲᠡᠭᠦᠨ ᠳᠦ ᠡᠷᠡᠮᠡᠯᠵᠡᠯ ᠲᠡᠢ᠂ ᠲᠠ ᠨᠠᠷ ᠴᠤ ᠪᠢᠳᠡᠨ ᠦ ᠲᠥᠯᠥᠭᠡ ᠳᠠᠭᠠᠳᠬᠠᠵᠤ ᠲᠤᠰᠠᠯᠠᠳᠠᠭ ᠲᠤᠯᠠ ᠲᠡᠷᠡ ᠪᠢᠳᠡᠨ ᠢ ᠯᠠᠪ ᠭᠡᠲᠦᠯᠭᠡᠬᠦ ᠯᠠ ᠪᠣᠯᠣᠨ᠎ᠠ᠃ 11 ᠲᠡᠭᠡᠪᠡᠯ ᠣᠯᠠᠨ ᠤ ᠤᠯᠠᠮ ᠠᠴᠠ ᠪᠢᠳᠡᠨ ᠳᠦ ᠢᠷᠡᠭᠰᠡᠨ ᠰᠣᠶᠣᠷᠬᠠᠯ ᠠᠴᠠ ᠪᠣᠯᠣᠭᠠᠳ ᠣᠯᠠᠭᠤᠯᠠ ᠪᠠᠨ ᠪᠢᠳᠡᠨ ᠦ ᠡᠮᠦᠨ᠎ᠡ ᠡᠴᠡ ᠲᠠᠯᠠᠷᠬᠠᠬᠤ ᠪᠣᠯᠣᠨ᠎ᠠ᠃
 ᠣᠴᠢᠬᠤ ᠲᠥᠯᠥᠪᠯᠡᠭᠡ ᠪᠡᠨ ᠥᠭᠡᠷᠡᠴᠢᠯᠡᠭᠰᠡᠨ ᠨᠢ

12 ᠪᠢᠳᠡᠨ ᠦ ᠣᠮᠣᠭᠰᠢᠯ ᠡᠨᠡ ᠶᠤᠮ᠄ ᠪᠢᠳᠡ ᠪᠤᠷᠬᠠᠨ ᠤ ᠴᠠᠢᠯᠭᠠᠨ᠂ ᠴᠡᠪᠡᠷ ᠰᠡᠳᠬᠢᠯ ᠢᠶᠠᠷ ᠶᠢᠷᠲᠢᠨᠴᠦ ᠳᠦ᠂ ᠢᠯᠠᠩ᠋ᠭᠤᠶ᠎ᠠ ᠲᠠ ᠨᠠᠷ ᠤᠨ ᠳᠤᠮᠳᠠ ᠠᠮᠢᠳᠤᠷᠠᠭᠰᠠᠨ ᠢ ᠪᠢᠳᠡᠨ ᠦ ᠮᠥᠰᠥ ᠴᠢᠨᠠᠷ ᠭᠡᠷᠡᠴᠢᠯᠡᠨ᠎ᠡ᠃ ᠪᠢᠳᠡ ᠮᠢᠬᠠᠨ ᠪᠡᠶᠡᠲᠦ ᠬᠥᠮᠦᠨ ᠦ ᠮᠡᠷᠭᠡᠨ ᠤᠬᠠᠭᠠᠨ ᠢᠶᠠᠷ ᠪᠤᠰᠤ᠂ ᠬᠠᠷᠢᠨ ᠪᠤᠷᠬᠠᠨ ᠤ ᠢᠪᠡᠭᠡᠯ ᠢᠶᠡᠷ ᠠᠮᠢᠳᠤᠷᠠᠵᠤ ᠢᠷᠡᠯ᠎ᠡ᠃ 13 ᠣᠳᠣ ᠪᠢᠳᠡ ᠲᠠ ᠨᠠᠷ ᠤᠨ ᠤᠩ᠋ᠰᠢᠵᠤ ᠣᠢᠯᠠᠭᠠᠬᠤ ᠵᠦᠢᠯᠡᠰ ᠢ ᠯᠠ ᠪᠢᠴᠢᠶ᠎ᠡ᠃ 14 ᠲᠠ ᠨᠠᠷ ᠨᠢᠭᠡᠨᠲᠡ ᠪᠢᠳᠡᠨ ᠳᠦ ᠬᠡᠰᠡᠭ ᠣᠢᠯᠠᠭᠠᠯᠲᠠ ᠲᠠᠢ ᠪᠣᠯᠣᠭᠰᠠᠨ ᠲᠠᠢ ᠪᠠᠨ ᠠᠳᠠᠯᠢ᠂ ᠪᠢᠳᠡᠨ ᠢ ᠪᠦᠷᠢᠨ ᠣᠢᠯᠠᠭᠠᠬᠤ ᠶᠢ ᠪᠢ ᠬᠦᠰᠡᠵᠦ ᠪᠠᠢᠨ᠎ᠠ᠃ ᠪᠢᠳᠡᠨ ᠦ ᠡᠵᠡᠨ ᠢᠰᠦ᠋ᠰ ᠤᠨ ᠡᠳᠦᠷ ᠲᠦ ᠪᠢᠳᠡ ᠲᠠ ᠨᠠᠷ ᠢᠶᠠᠷ ᠣᠮᠣᠭᠰᠢᠬᠤ ᠲᠠᠢ ᠠᠳᠠᠯᠢ᠂ ᠲᠠ ᠨᠠᠷ ᠴᠤ ᠪᠢᠳᠡᠨ ᠢᠶᠡᠷ ᠣᠮᠣᠭᠰᠢᠬᠤ ᠪᠣᠯᠲᠤᠭᠠᠢ᠃

15 ᠪᠢ ᠡᠭᠦᠨ ᠳᠦ ᠢᠲᠡᠭᠡᠯ ᠲᠡᠢ ᠪᠣᠯᠬᠣᠷ ᠤᠷᠢᠳᠠᠪᠠᠷ ᠲᠠ ᠨᠠᠷ ᠤᠷᠤᠭᠤ ᠣᠴᠢᠵᠤ᠂ ᠲᠠ ᠨᠠᠷ ᠲᠤ ᠬᠣᠶᠠᠳᠠᠬᠢ ᠢᠪᠡᠭᠡᠯ ᠢ ᠣᠯᠭᠣᠶ᠎ᠠ ᠭᠡᠰᠡᠨ ᠶᠤᠮ᠃ 16 ᠪᠢ ᠮᠠᠺᠧᠳᠣᠨᠢᠶ᠎ᠠ ᠤᠷᠤᠭᠤ ᠶᠠᠪᠤᠬᠤ ᠳᠠᠭᠠᠨ ᠲᠠᠨ ᠤ ᠬᠢ ᠪᠠᠷ ᠳᠠᠭᠠᠷᠢᠭᠠᠳ ᠳᠠᠬᠢᠨ ᠮᠠᠺᠧᠳᠣᠨᠢᠶ᠎ᠠ ᠠᠴᠠ ᠲᠠ ᠨᠠᠷ ᠤᠷᠤᠭᠤ ᠪᠤᠴᠠᠵᠤ᠂ ᠲᠠ ᠨᠠᠷ ᠤᠨ ᠲᠤᠰᠠᠯᠠᠮᠵᠢ ᠪᠠᠷ ᠶᠦᠳᠠᠢ ᠤᠷᠤᠭᠤ ᠮᠣᠷᠳᠠᠬᠤ ᠭᠡᠰᠡᠨ ᠪᠠᠢᠯ᠎ᠠ᠃ 17 ᠲᠡᠷᠡ ᠰᠢᠢᠳᠪᠦᠷᠢ ᠮᠢᠨᠢ ᠠᠷᠠᠢ ᠬᠥᠩᠭᠡᠨ ᠬᠠᠭᠤᠳᠠᠮ ᠪᠠᠢᠭᠰᠠᠨ ᠤᠤ︖ ᠪᠢ ᠰᠢᠢᠳᠬᠦ ᠳᠡᠭᠡᠨ ᠮᠢᠬᠠᠨ ᠪᠡᠶᠡᠲᠦ ᠬᠥᠮᠦᠨ ᠦ ᠶᠣᠰᠣᠭᠠᠷ ᠰᠢᠢᠳᠴᠦ ᠨᠢᠭᠡ ᠠᠮᠠ ᠪᠠᠷ 《ᠲᠡᠢᠮᠦ᠂ ᠲᠡᠢᠮᠦ》 ᠭᠡᠰᠡᠨ ᠢᠶᠡᠨ 《ᠦᠭᠡᠢ᠂ ᠦᠭᠡᠢ》 ᠭᠡᠳᠡᠭ ᠤᠤ︖ 18 ᠬᠠᠷᠢᠨ ᠪᠤᠷᠬᠠᠨ ᠪᠣᠯ ᠢᠲᠡᠭᠡᠮᠵᠢᠲᠦ ᠪᠠᠢᠳᠠᠭ ᠲᠠᠢ ᠠᠳᠠᠯᠢ ᠪᠠᠷ᠂ ᠲᠠ ᠨᠠᠷ ᠲᠤ ᠤᠯᠠᠮᠵᠢᠯᠠᠭᠰᠠᠨ ᠪᠢᠳᠡᠨ ᠦ ᠦᠭᠡ ᠪᠣᠯ 《ᠲᠡᠢᠮᠦ》 ᠪᠣᠯᠣᠨ 《ᠦᠭᠡᠢ》 ᠬᠣᠶᠠᠷ ᠤᠨ ᠬᠣᠭᠣᠷᠣᠨᠳᠣᠬᠢ ᠦᠭᠡ ᠪᠢᠰᠢ᠃ 19 ᠰᠢᠯᠦ᠋ᠶᠠᠨ᠂ ᠲᠢᠮᠣᠲ ᠪᠢᠳᠡ ᠭᠤᠷᠪᠠᠭᠤᠯᠠ ᠶᠢᠨ ᠲᠠ ᠨᠠᠷ ᠤᠨ ᠳᠤᠮᠳᠠ ᠲᠤᠩ᠋ᠬᠠᠭᠯᠠᠭᠰᠠᠨ ᠪᠤᠷᠬᠠᠨ ᠤ ᠬᠦᠦ ᠢᠰᠦ᠋ᠰ ᠾᠷᠢᠰᠲ᠋ᠣᠰ ᠪᠣᠯ 《ᠲᠡᠢᠮᠦ》 ᠪᠣᠯᠣᠨ 《ᠦᠭᠡᠢ》 ᠬᠣᠶᠠᠷ ᠤᠨ ᠬᠣᠭᠣᠷᠣᠨᠳᠣ ᠪᠢᠰᠢ᠂ ᠲᠡᠭᠦᠨ ᠳᠦ 《ᠲᠡᠢᠮᠦ》 ᠯᠠ ᠪᠠᠢᠳᠠᠭ᠃ 20 ᠤᠴᠢᠷ ᠨᠢ᠂ ᠲᠡᠭᠦᠨ ᠦ ᠳᠣᠲᠣᠷ᠎ᠠ ᠪᠤᠷᠬᠠᠨ ᠤ ᠠᠮᠠᠯᠠᠯᠲᠠ ᠪᠦᠬᠦᠨ 《ᠲᠡᠢᠮᠦ》 ᠪᠣᠯᠳᠠᠭ᠂ ᠲᠡᠭᠦᠨ ᠦ ᠠᠴᠢ ᠪᠠᠷ ᠪᠢᠳᠡ 《ᠠᠮᠧᠨ》 ᠭᠡᠰᠡᠨ ᠢᠶᠡᠷ ᠪᠤᠷᠬᠠᠨ ᠢ ᠠᠯᠳᠠᠷᠰᠢᠭᠤᠯᠳᠠᠭ᠃ 21 ᠪᠢᠳᠡᠨ ᠢ ᠲᠠ ᠨᠠᠷ ᠲᠠᠢ ᠬᠠᠮᠲᠤ ᠾᠷᠢᠰᠲ᠋ᠣᠰ ᠤᠨ ᠳᠣᠲᠣᠷ᠎ᠠ ᠪᠠᠲᠤᠳᠬᠠᠭᠴᠢ ᠨᠢ ᠪᠤᠷᠬᠠᠨ ᠪᠢᠯᠡ᠃ ᠲᠡᠷᠡ ᠪᠢᠳᠡᠨ ᠢ ᠲᠣᠰᠣᠯᠠᠵᠤ᠂ 22 ᠪᠢᠳᠡᠨ ᠢ ᠲᠠᠮᠠᠭᠠᠯᠠᠨ ᠪᠢᠳᠡᠨ ᠦ ᠰᠡᠳᠬᠢᠯ ᠳᠤ ᠠᠷᠢᠭᠤᠨ ᠰᠦᠨᠡᠰᠦ ᠶᠢ ᠪᠠᠲᠤᠯᠠᠭ᠎ᠠ ᠪᠣᠯᠭᠠᠨ ᠰᠣᠶᠣᠷᠬᠠᠵᠠᠢ᠃

23 ᠪᠢ ᠠᠮᠢ ᠪᠠᠷ ᠢᠶᠠᠨ ᠪᠠᠷᠢᠴᠠᠭ᠎ᠠ ᠲᠠᠯᠪᠢᠵᠤ᠂ ᠪᠤᠷᠬᠠᠨ ᠢ ᠭᠡᠷᠡᠴᠢ ᠪᠠᠷ ᠳᠠᠭᠤᠳᠠᠶ᠎ᠠ᠃ ᠺᠣᠷᠢᠨᠲ ᠲᠤ ᠣᠴᠢᠬᠤ ᠪᠠᠨ ᠪᠣᠯᠢᠭᠰᠠᠨ ᠮᠢᠨᠢ ᠲᠠ ᠨᠠᠷ ᠢ ᠬᠠᠢᠷᠠᠯᠠᠭᠰᠠᠨ ᠤᠴᠢᠷ ᠠᠴᠠ ᠶᠤᠮ᠃ 24 ᠪᠢᠳᠡ ᠪᠣᠯ ᠲᠠ ᠨᠠᠷ ᠤᠨ ᠢᠲᠡᠭᠡᠯ ᠢ ᠡᠵᠡᠯᠡᠭᠴᠢᠳ ᠪᠤᠰᠤ᠂ ᠬᠠᠷᠢᠨ ᠢᠲᠡᠭᠡᠯ ᠳᠡᠭᠡᠷ᠎ᠡ ᠪᠠᠲᠤ ᠵᠣᠭᠰᠣᠭᠰᠠᠨ ᠲᠠ ᠨᠠᠷ ᠤᠨ ᠪᠠᠶᠠᠰᠤᠯ ᠤᠨ ᠲᠥᠯᠥᠭᠡ ᠬᠠᠮᠲᠤᠷᠠᠨ ᠠᠵᠢᠯᠯᠠᠭᠴᠢᠳ ᠪᠢᠯᠡ᠃