1 2 3 4 5 6 7 8 9 10 11 12 13


ᠬᠣᠶᠠᠳᠤᠭᠠᠷ ᠺᠣᠷᠢᠨᠲ ᠬᠣᠶᠠᠷ
 ᠳᠣᠩ᠋ᠭᠣᠳᠣᠭᠤᠯᠤᠭᠰᠠᠨ ᠬᠥᠮᠦᠨ ᠢ ᠠᠭᠤᠴᠢᠯᠠᠬᠤ

1 ᠲᠡᠢᠮᠦ ᠡᠴᠡ ᠪᠢ ᠲᠠ ᠨᠠᠷ ᠤᠷᠤᠭᠤ ᠳᠠᠬᠢᠨ ᠵᠣᠪᠠᠨᠢᠯᠲᠠᠢ ᠪᠠᠷ ᠣᠴᠢᠬᠤ ᠦᠭᠡᠢ ᠭᠡᠵᠦ ᠥᠪᠡᠷ ᠢᠶᠡᠨ ᠰᠢᠢᠳᠪᠡ᠃ 2 ᠬᠡᠷᠪᠡ ᠪᠢ ᠲᠠ ᠨᠠᠷ ᠢ ᠵᠣᠪᠠᠭᠠᠪᠠᠯ ᠲᠠ ᠨᠠᠷ ᠨᠠᠳᠠ ᠠᠴᠠ ᠪᠣᠯᠵᠤ ᠵᠣᠪᠠᠨᠢᠬᠤ ᠪᠣᠯᠬᠣᠷ ᠬᠡᠨ ᠨᠠᠮᠠᠶᠢ ᠪᠠᠶᠠᠷᠯᠠᠭᠤᠯᠬᠤ ᠪᠢᠯᠡ᠃ 3 ᠨᠠᠮᠠᠶᠢ ᠲᠡᠨᠳᠡ ᠣᠴᠢᠬᠤ ᠳᠤ ᠪᠠᠶᠠᠷᠯᠠᠭᠤᠯᠬᠤ ᠶᠣᠰᠣᠲᠠᠢ ᠬᠥᠮᠦᠰ ᠮᠢᠨᠢ ᠨᠠᠮᠠᠶᠢ ᠵᠣᠪᠠᠨᠢᠭᠤᠯᠬᠤ ᠪᠣᠯᠣᠭᠤᠵᠠᠢ ᠭᠡᠰᠡᠨ ᠳᠡᠭᠡᠨ ᠪᠢ ᠶᠠᠭ ᠢᠩᠭᠢᠵᠦ ᠪᠢᠴᠢᠭᠰᠡᠨ ᠶᠤᠮ᠃ ᠪᠠᠶᠠᠰᠤᠯ ᠮᠢᠨᠢ ᠲᠠ ᠪᠦᠭᠦᠳᠡ ᠶᠢᠨ ᠬᠢ ᠪᠣᠯᠬᠤ ᠶᠤᠮ ᠭᠡᠵᠦ ᠪᠢ ᠲᠠ ᠪᠦᠬᠦᠨ ᠳᠦ ᠢᠲᠡᠭᠡᠵᠦ ᠪᠠᠢᠨ᠎ᠠ᠃ 4 ᠪᠢ ᠲᠠ ᠨᠠᠷ ᠢ ᠵᠣᠪᠠᠨᠢᠭᠤᠯᠬᠤ ᠭᠡᠰᠡᠨ ᠦᠭᠡᠢ᠂ ᠬᠠᠷᠢᠨ ᠲᠠ ᠨᠠᠷ ᠲᠤ ᠮᠠᠰᠢ ᠶᠡᠬᠡ ᠬᠠᠢᠷᠠᠲᠠᠢ ᠪᠠᠨ ᠮᠡᠳᠡᠭᠦᠯᠬᠦ ᠭᠡᠰᠡᠨ ᠳᠡᠭᠡᠨ ᠦᠯᠡᠮᠵᠢ ᠭᠤᠨᠢᠭ ᠵᠣᠪᠠᠯᠠᠩ ᠲᠠᠢ ᠰᠡᠳᠬᠢᠯ ᠢᠶᠠᠷ ᠨᠢᠯᠪᠤᠰᠤ ᠠᠰᠬᠠᠷᠠᠭᠤᠯᠤᠨ ᠲᠠ ᠨᠠᠷ ᠲᠤ ᠪᠢᠴᠢᠭᠰᠡᠨ ᠪᠢᠯᠡ᠃

5 ᠬᠡᠷᠪᠡ ᠬᠡᠨ ᠨᠢᠭᠡ ᠨᠢ ᠵᠣᠪᠠᠨᠢᠭᠤᠯᠤᠭᠰᠠᠨ ᠪᠣᠯ ᠲᠡᠷᠡ ᠨᠠᠮᠠᠶᠢ ᠯᠠ ᠵᠣᠪᠠᠨᠢᠭᠤᠯᠤᠭᠰᠠᠨ ᠪᠢᠰᠢ᠂ ᠬᠠᠷᠢᠨ ᠵᠠᠷᠢᠮ ᠲᠠᠯ᠎ᠠ ᠪᠠᠷ ᠲᠠ ᠪᠦᠬᠦᠨ ᠢ ᠵᠣᠪᠠᠨᠢᠭᠤᠯᠤᠭᠰᠠᠨ ᠶᠤᠮ᠂ ᠪᠢ ᠥᠰᠬᠡᠭᠡᠨ ᠲᠥᠰᠬᠡᠭᠡᠨ ᠲᠡᠢ ᠶᠠᠷᠢᠭᠰᠠᠨ ᠦᠭᠡᠢ᠃ 6 ᠡᠢᠮᠦ ᠬᠥᠮᠦᠨ ᠣᠯᠠᠨ ᠬᠥᠮᠦᠨ ᠢᠶᠡᠷ ᠭᠦᠢᠴᠡᠳ ᠳᠣᠩ᠋ᠭᠣᠳᠣᠭᠤᠯᠤᠭᠰᠠᠨ᠃ 7 ᠲᠡᠢᠮᠦ ᠡᠴᠡ ᠲᠡᠭᠦᠨ ᠢ ᠬᠡᠲᠦᠷᠬᠡᠢ ᠵᠣᠪᠠᠨᠢᠯ ᠳᠤ ᠠᠪᠲᠠᠭᠤᠯᠬᠤ ᠦᠭᠡᠢ ᠶᠢᠨ ᠲᠤᠯᠠᠳᠠ ᠥᠷᠥᠰᠢᠶᠡᠨ ᠲᠠᠢᠳᠬᠤᠷᠠᠭᠤᠯᠵᠠᠭ᠎ᠠ᠃ 8 ᠲᠡᠭᠦᠨ ᠳᠦ ᠬᠠᠢᠷ᠎ᠠ ᠪᠠᠨ ᠵᠠᠪᠠᠯ ᠦᠵᠡᠭᠦᠯ ᠭᠡᠵᠦ ᠪᠢ ᠲᠠ ᠨᠠᠷ ᠢ ᠢᠳᠬᠠᠶ᠎ᠠ᠃ 9 ᠪᠢ ᠲᠠ ᠨᠠᠷ ᠤᠨ ᠪᠦᠬᠦ ᠵᠦᠢᠯ ᠳᠤ ᠳᠤᠭᠤᠯᠭᠠᠪᠤᠷᠢᠲᠠᠢ ᠪᠠᠢᠬᠤ ᠡᠰᠡᠬᠦ ᠶᠢ ᠲᠤᠷᠰᠢᠵᠤ ᠮᠡᠳᠡᠬᠦ ᠭᠡᠵᠦ ᠪᠢᠴᠢᠭᠰᠡᠨ ᠪᠢᠯᠡ᠃ 10 ᠲᠠ ᠨᠠᠷ ᠬᠡᠨ ᠢ ᠥᠷᠥᠰᠢᠶᠡᠪᠡᠯ ᠪᠢ ᠴᠤ ᠮᠥᠨ ᠲᠡᠭᠦᠨ ᠢ ᠥᠷᠥᠰᠢᠶᠡᠨ᠎ᠡ᠃ ᠬᠡᠷᠪᠡ ᠪᠢ ᠶᠠᠭᠤ ᠶᠢ ᠴᠤ ᠭᠡᠰᠡᠨ ᠥᠷᠥᠰᠢᠶᠡᠭᠰᠡᠨ ᠶᠤᠮ ᠪᠣᠯ᠂ ᠲᠠ ᠨᠠᠷ ᠤᠨ ᠲᠥᠯᠥᠭᠡ ᠾᠷᠢᠰᠲ᠋ᠣᠰ ᠤᠨ ᠮᠡᠯᠮᠡᠢ ᠶᠢᠨ ᠡᠮᠦᠨ᠎ᠡ ᠥᠷᠥᠰᠢᠶᠡᠭᠰᠡᠨ ᠪᠢᠯᠡ᠃ 11 ᠡᠨᠡ ᠨᠢ ᠰᠠᠲ᠋ᠠᠨ ᠪᠢᠳᠡᠨ ᠢ ᠳᠠᠯᠢᠮᠳᠠᠭᠤᠯᠤᠭᠤᠵᠠᠢ ᠭᠡᠰᠡᠨ ᠳᠡᠭᠡᠨ ᠶᠤᠮ᠃ ᠲᠡᠭᠦᠨ ᠦ ᠠᠷᠭ᠎ᠠ ᠵᠠᠯᠢ ᠶᠢ ᠪᠢᠳᠡ ᠮᠡᠳᠡᠬᠦ ᠦᠭᠡᠢ ᠪᠢᠰᠢ᠃

12 ᠾᠷᠢᠰᠲ᠋ᠣᠰ ᠤᠨ ᠪᠠᠶᠠᠷ ᠤᠨ ᠮᠡᠳᠡᠭᠡ ᠶᠢ ᠳᠡᠯᠭᠡᠷᠡᠭᠦᠯᠬᠦ ᠭᠡᠵᠦ ᠲᠷᠣᠶᠠ ᠳᠤ ᠣᠴᠢᠬᠤ ᠳᠤ ᠮᠢᠨᠢ ᠡᠵᠡᠨ ᠨᠠᠳᠠ ᠳᠤ ᠡᠭᠦᠳᠡ ᠨᠡᠭᠡᠭᠡᠵᠦ ᠥᠭᠭᠥᠭᠰᠡᠨ ᠪᠣᠯᠪᠠᠴᠤ 13 ᠳᠡᠭᠦᠦ ᠲᠢᠲ ᠲᠠᠢ ᠪᠠᠨ ᠠᠭᠤᠯᠵᠠᠭᠰᠠᠨ ᠦᠭᠡᠢ ᠪᠣᠯᠬᠣᠷ ᠰᠡᠳᠬᠢᠯ ᠮᠢᠨᠢ ᠲᠣᠭᠲᠠᠪᠤᠷᠢ ᠦᠭᠡᠢ ᠪᠣᠯᠵᠤ ᠲᠡᠨᠳᠡᠬᠢ ᠶᠢᠨ ᠬᠥᠮᠦᠰ ᠡᠴᠡ ᠰᠠᠯᠵᠤ ᠮᠠᠺᠧᠳᠣᠨᠢᠶ᠎ᠠ ᠤᠷᠤᠭᠤ ᠶᠠᠪᠤᠭᠰᠠᠨ ᠶᠤᠮ᠃
 ᠰᠢᠨ᠎ᠡ ᠭᠡᠷ᠎ᠡ ᠶᠢᠨ ᠦᠢᠯᠡᠴᠢᠯᠡᠭᠴᠢ

14 ᠭᠡᠪᠡᠴᠦ ᠾᠷᠢᠰᠲ᠋ᠣᠰ ᠤᠨ ᠳᠣᠲᠣᠷ᠎ᠠ ᠪᠢᠳᠡᠨ ᠢ ᠬᠡᠵᠢᠶᠡᠳᠡ ᠢᠯᠠᠯᠲᠠ ᠤᠷᠤᠭᠤ ᠤᠳᠤᠷᠢᠳᠤᠳᠠᠭ ᠪᠥᠭᠡᠳ ᠪᠢᠳᠡᠨ ᠢᠶᠡᠷ ᠳᠠᠮᠵᠢᠭᠤᠯᠤᠨ ᠾᠷᠢᠰᠲ᠋ᠣᠰ ᠤᠨ ᠮᠡᠳᠡᠯᠭᠡ ᠶᠢ ᠭᠠᠵᠠᠷ ᠪᠣᠯᠭᠠᠨ ᠳᠤ ᠠᠩᠬᠢᠯᠤᠭᠤᠯᠳᠠᠭ ᠪᠤᠷᠬᠠᠨ ᠳᠤ ᠲᠠᠯᠠᠷᠬᠠᠶ᠎ᠠ᠃ 15 ᠶᠠᠭᠠᠬᠢᠭᠠᠳ ᠭᠡᠪᠡᠯ᠂ ᠠᠪᠤᠷᠠᠭᠳᠠᠵᠤ ᠪᠠᠢᠭᠰᠠᠳ ᠤᠨ ᠳᠤᠮᠳᠠ ᠴᠤ᠂ ᠮᠥᠬᠥᠵᠦ ᠪᠠᠢᠭᠰᠠᠳ ᠤᠨ ᠳᠤᠮᠳᠠ ᠴᠤ ᠪᠢᠳᠡ ᠪᠣᠯ ᠪᠤᠷᠬᠠᠨ ᠳᠤ ᠵᠣᠷᠢᠭᠤᠯᠤᠭᠰᠠᠨ ᠾᠷᠢᠰᠲ᠋ᠣᠰ ᠤᠨ ᠠᠩᠬᠢᠯᠤᠮ᠎ᠠ ᠦᠨᠦᠷ ᠮᠥᠨ᠃ 16 ᠵᠠᠷᠢᠮ ᠳᠤᠨᠢ ᠦᠬᠦᠯ ᠳᠦ ᠬᠦᠷᠭᠡᠬᠦ ᠦᠬᠦᠯ ᠦᠨ ᠦᠨᠦᠷ᠂ ᠵᠠᠷᠢᠮ ᠳᠤᠨᠢ ᠠᠮᠢ ᠳᠤ ᠬᠦᠷᠭᠡᠬᠦ ᠠᠮᠢ ᠶᠢᠨ ᠦᠨᠦᠷ ᠪᠣᠯᠳᠠᠭ ᠪᠣᠯᠬᠣᠷ ᠡᠨᠡ ᠠᠵᠢᠯ ᠳᠤ ᠬᠢᠷᠢ ᠲᠡᠩᠴᠡᠭᠴᠢ ᠨᠢ ᠬᠡᠨ ᠪᠤᠢ︖ 17 ᠪᠢᠳᠡ ᠪᠤᠰᠤᠳ ᠣᠯᠠᠨ ᠬᠥᠮᠦᠨ ᠲᠡᠢ ᠠᠳᠠᠯᠢ ᠪᠤᠷᠬᠠᠨ ᠤ ᠦᠭᠡ ᠶᠢ ᠪᠣᠷᠣᠯᠠᠭᠤᠯᠳᠠᠭ ᠦᠭᠡᠢ᠂ ᠬᠠᠷᠢᠨ ᠪᠤᠷᠬᠠᠨ ᠤ ᠶᠠᠪᠤᠭᠤᠯᠤᠭᠰᠠᠨ ᠬᠥᠮᠦᠨ ᠮᠡᠲᠦ ᠴᠢᠩ ᠰᠡᠳᠬᠢᠯ ᠢᠶᠠᠷ ᠪᠤᠷᠬᠠᠨ ᠤ ᠬᠠᠷᠠᠭᠠᠨ ᠳᠤ ᠾᠷᠢᠰᠲ᠋ᠣᠰ ᠤᠨ ᠳᠣᠲᠣᠷ᠎ᠠ ᠶᠠᠷᠢᠳᠠᠭ᠃