1 2 3 4


ᠺᠣᠯᠣᠰᠠᠢ ᠨᠢᠭᠡ

1 ᠪᠤᠷᠬᠠᠨ ᠤ ᠰᠠᠨᠠᠭ᠎ᠠ ᠪᠠᠷ ᠾᠷᠢᠰᠲ᠋ᠣᠰ ᠢᠰᠦ᠋ᠰ ᠤᠨ ᠰᠢᠳᠠᠷ ᠱᠠᠪᠢ ᠪᠣᠯᠣᠭᠰᠠᠨ ᠫᠠᠦ᠋ᠯ ᠪᠠ ᠪᠢᠳᠡᠨ ᠦ ᠳᠡᠭᠦᠦ ᠲᠢᠮᠣᠲ 2 ᠺᠣᠯᠣᠰᠠᠢ ᠳᠤ ᠪᠠᠢᠭ᠎ᠠ ᠠᠷᠢᠭᠤᠨ ᠬᠥᠮᠦᠰ ᠪᠣᠯᠣᠨ ᠾᠷᠢᠰᠲ᠋ᠣᠰ ᠤᠨ ᠳᠣᠲᠣᠷᠠᠬᠢ ᠢᠲᠡᠭᠡᠯ ᠲᠡᠢ ᠠᠬ᠎ᠠ ᠳᠡᠭᠦᠦ ᠨᠠᠷ ᠲᠤ᠄ ᠪᠢᠳᠡᠨ ᠦ ᠡᠴᠢᠭᠡ ᠪᠤᠷᠬᠠᠨ ᠤ ᠢᠪᠡᠭᠡᠯ ᠪᠠ ᠠᠮᠤᠭᠤᠯᠠᠩ ᠲᠠ ᠨᠠᠷ ᠲᠤ ᠪᠠᠢᠬᠤ ᠪᠣᠯᠲᠤᠭᠠᠢ᠃
 ᠴᠢᠭᠤᠯᠭᠠᠨ ᠤ ᠲᠥᠯᠥᠭᠡᠬᠢ ᠲᠠᠯᠠᠷᠬᠠᠯ ᠪᠠ ᠭᠤᠶᠤᠯᠲᠠ

3 ᠪᠢᠳᠡ ᠲᠠ ᠨᠠᠷ ᠤᠨ ᠲᠥᠯᠥᠭᠡ ᠦᠷᠭᠦᠯᠵᠢ ᠳᠠᠭᠠᠳᠬᠠᠵᠤ ᠪᠢᠳᠡᠨ ᠦ ᠡᠵᠡᠨ ᠢᠰᠦ᠋ᠰ ᠾᠷᠢᠰᠲ᠋ᠣᠰ ᠤᠨ ᠡᠴᠢᠭᠡ ᠪᠤᠷᠬᠠᠨ ᠳᠤ ᠲᠠᠯᠠᠷᠬᠠᠳᠠᠭ᠃ 4 ᠤᠴᠢᠷ ᠨᠢ᠂ ᠲᠠ ᠨᠠᠷ ᠤᠨ ᠾᠷᠢᠰᠲ᠋ᠣᠰ ᠢᠰᠦ᠋ᠰ ᠲᠤ ᠢᠲᠡᠭᠡᠯ ᠲᠡᠢ᠂ ᠠᠷᠢᠭᠤᠨ ᠬᠥᠮᠦᠨ ᠪᠣᠯᠭᠠᠨ ᠳᠤ ᠬᠠᠢᠷ᠎ᠠ ᠲᠠᠢ ᠶᠢ ᠪᠢᠳᠡ ᠰᠣᠨᠣᠰᠣᠭᠰᠠᠨ ᠪᠢᠯᠡ᠃ 5 ᠡᠢᠮᠦ ᠢᠲᠡᠭᠡᠯ ᠪᠠ ᠬᠠᠢᠷ᠎ᠠ ᠨᠢ ᠲᠠ ᠨᠠᠷ ᠤᠨ ᠲᠥᠯᠥᠭᠡ ᠲᠩᠷᠢ ᠳᠤ ᠬᠠᠳᠠᠭᠠᠯᠠᠭᠳᠠᠭᠰᠠᠨ ᠡᠷᠡᠮᠡᠯᠵᠡᠯ ᠡᠴᠡ ᠴᠢᠨᠢ ᠪᠣᠯᠳᠠᠭ᠂ ᠡᠨᠡ ᠡᠷᠡᠮᠡᠯᠵᠡᠯ ᠢ ᠲᠠ ᠨᠠᠷ ᠤᠷᠢᠳᠤ ᠨᠢ ᠪᠠᠶᠠᠷ ᠤᠨ ᠮᠡᠳᠡᠭᠡᠨ ᠦ ᠦᠨᠡᠨ ᠦᠭᠡ ᠡᠴᠡ ᠰᠣᠨᠣᠰᠣᠭᠰᠠᠨ ᠶᠤᠮ᠃ 6 ᠡᠨᠡ ᠪᠠᠶᠠᠷ ᠤᠨ ᠮᠡᠳᠡᠭᠡ ᠨᠢ ᠲᠠᠨ ᠤ ᠲᠡᠨᠳᠡ ᠬᠦᠷᠴᠦ᠂ ᠲᠠ ᠨᠠᠷ ᠡᠭᠦᠨ ᠢ ᠰᠣᠨᠣᠰᠣᠭᠠᠳ ᠪᠤᠷᠬᠠᠨ ᠤ ᠢᠪᠡᠭᠡᠯ ᠢ ᠦᠨᠡᠨ ᠢᠶᠡᠷ ᠨᠢ ᠤᠬᠠᠭᠠᠷᠠᠭᠰᠠᠨ ᠲᠡᠷᠡ ᠡᠳᠦᠷ ᠡᠴᠡ ᠡᠬᠢᠯᠡᠨ ᠲᠠ ᠨᠠᠷ ᠤᠨ ᠳᠤᠮᠳᠠ᠂ ᠲᠡᠷᠡᠴᠢᠯᠡᠨ ᠳᠡᠯᠡᠬᠡᠢ ᠳᠠᠶᠠᠭᠠᠷ ᠲᠤ ᠴᠤ ᠵᠢᠮᠢᠰᠯᠡᠨ ᠥᠰᠴᠦ ᠪᠠᠢᠨ᠎ᠠ᠃ 7 ᠡᠨᠡ ᠬᠦ ᠪᠠᠶᠠᠷ ᠤᠨ ᠮᠡᠳᠡᠭᠡ ᠶᠢ ᠪᠢᠳᠡᠨ ᠦ ᠨᠠᠢᠵᠠ ᠵᠠᠷᠤᠴᠠ ᠬᠠᠢᠷᠠᠲᠤ ᠧᠫᠡᠹᠷᠠ ᠠᠴᠠ ᠲᠠ ᠨᠠᠷ ᠰᠤᠷᠤᠭᠰᠠᠨ ᠪᠢᠯᠡ᠃ ᠲᠡᠷᠡ ᠪᠣᠯ ᠲᠠ ᠨᠠᠷ ᠤᠨ ᠲᠥᠯᠥᠭᠡᠬᠢ ᠾᠷᠢᠰᠲ᠋ᠣᠰ ᠤᠨ ᠦᠨᠡᠨᠴᠢ ᠵᠠᠷᠤᠴᠠ ᠪᠥᠭᠡᠳ 8 ᠲᠠ ᠨᠠᠷ ᠤᠨ ᠠᠷᠢᠭᠤᠨ ᠰᠦᠨᠡᠰᠦᠨ ᠦ ᠳᠣᠲᠣᠷᠠᠬᠢ ᠬᠠᠢᠷ᠎ᠠ ᠶᠢ ᠪᠢᠳᠡᠨ ᠳᠦ ᠳᠤᠭᠤᠯᠭᠠᠭᠰᠠᠨ ᠶᠤᠮ᠃

9 ᠲᠡᠢᠮᠦ ᠡᠴᠡ ᠪᠢᠳᠡ ᠣᠯᠵᠤ ᠰᠣᠨᠣᠰᠣᠭᠰᠠᠨ ᠲᠡᠷᠡ ᠡᠳᠦᠷ ᠡᠴᠡ ᠡᠬᠢᠯᠡᠨ᠂ ᠲᠠ ᠨᠠᠷ ᠤᠨ ᠲᠥᠯᠥᠭᠡ ᠲᠠᠰᠤᠷᠠᠯᠲᠠ ᠦᠭᠡᠢ ᠳᠠᠭᠠᠳᠬᠠᠭᠰᠠᠭᠠᠷ ᠪᠠᠢᠨ᠎ᠠ᠃ ᠲᠠ ᠨᠠᠷ ᠠᠷᠢᠭᠤᠨ ᠰᠦᠨᠡᠰᠦᠨ ᠦ ᠠᠯᠢᠪᠠ ᠮᠡᠷᠭᠡᠨ ᠤᠬᠠᠭᠠᠨ ᠪᠠ ᠤᠬᠠᠭᠠᠮᠵᠢ᠂ ᠪᠤᠷᠬᠠᠨ ᠤ ᠰᠠᠨᠠᠭ᠎ᠠ ᠶᠢ ᠮᠡᠳᠡᠬᠦ ᠮᠡᠳᠡᠯᠭᠡ ᠪᠡᠷ ᠲᠡᠭᠦᠯᠳᠡᠷᠵᠢᠵᠦ᠂ 10 ᠡᠵᠡᠨ ᠳᠦ ᠪᠦᠬᠦ ᠲᠠᠯ᠎ᠠ ᠪᠠᠷ ᠲᠠᠭᠠᠯᠠᠭᠳᠠᠬᠤ ᠪᠣᠯᠲᠠᠯ᠎ᠠ ᠲᠡᠭᠦᠨ ᠳᠦ ᠵᠣᠬᠢᠴᠠᠭᠤᠯᠤᠨ ᠶᠠᠪᠤᠬᠤ ᠪᠣᠯᠲᠤᠭᠠᠢ᠃ ᠠᠯᠢᠪᠠ ᠰᠠᠢᠨ ᠦᠢᠯᠡ ᠪᠡᠷ ᠵᠢᠮᠢᠰᠯᠡᠨ ᠪᠤᠷᠬᠠᠨ ᠤ ᠮᠡᠳᠡᠯᠭᠡ ᠪᠡᠷ ᠥᠰᠴᠦ᠂ 11 ᠲᠡᠭᠦᠨ ᠦ ᠠᠯᠳᠠᠷ ᠰᠤᠤᠲᠤ ᠴᠢᠳᠠᠯ ᠤᠨ ᠶᠣᠰᠣᠭᠠᠷ ᠠᠯᠢᠪᠠ ᠬᠦᠴᠦ ᠪᠡᠷ ᠬᠦᠴᠦᠷᠬᠡᠭᠵᠢᠭᠡᠳ᠂ ᠪᠦᠬᠦᠨ ᠢ ᠪᠠᠶᠠᠷ ᠲᠠᠢ ᠪᠠᠷ ᠬᠦᠯᠢᠴᠡᠨ ᠲᠡᠰᠪᠦᠷᠢᠯᠡᠵᠦ᠂ 12 ᠭᠡᠷᠡᠯ ᠦᠨ ᠳᠣᠲᠣᠷᠠᠬᠢ ᠠᠷᠢᠭᠤᠨ ᠬᠥᠮᠦᠰ ᠦᠨ ᠬᠤᠪᠢ ᠶᠢ ᠬᠦᠷᠲᠡᠬᠦ ᠬᠢᠷᠢ ᠭᠡᠮ ᠲᠡᠢ ᠪᠣᠯᠭᠠᠭᠴᠢ ᠡᠴᠢᠭᠡ ᠳᠦ ᠲᠠᠯᠠᠷᠬᠠᠬᠤ ᠪᠣᠯᠲᠤᠭᠠᠢ᠃ 13 ᠲᠡᠷᠡ ᠪᠢᠳᠡᠨ ᠢ ᠬᠠᠷᠠᠩ᠋ᠭᠤᠢ ᠶᠢᠨ ᠨᠣᠶᠠᠷᠬᠠᠯ ᠠᠴᠠ ᠭᠠᠷᠭᠠᠵᠤ᠂ ᠬᠠᠢᠷᠠᠲᠤ ᠬᠦᠦ ᠶᠢᠨ ᠢᠶᠠᠨ ᠬᠠᠭᠠᠨᠴᠢᠯᠠᠯ ᠤᠷᠤᠭᠤ ᠨᠡᠭᠦᠯᠭᠡᠭᠰᠡᠨ ᠳᠦ᠂ 14 ᠬᠦᠦ ᠶᠢᠨ ᠳᠣᠲᠣᠷ᠎ᠠ ᠪᠢᠳᠡ ᠵᠣᠯᠢᠭᠳᠠᠨ᠂ ᠨᠢᠭᠦᠯ ᠢᠶᠡᠨ ᠠᠭᠤᠴᠢᠯᠠᠭᠤᠯᠤᠭᠰᠠᠨ᠃
 ᠾᠷᠢᠰᠲ᠋ᠣᠰ ᠪᠣᠯ ᠬᠠᠮᠤᠭ ᠶᠠᠭᠤᠮ᠎ᠠ ᠶᠢᠨ ᠲᠦᠷᠦᠭᠦᠦ

15 ᠲᠡᠷᠡ ᠪᠣᠯ ᠦᠯᠦ ᠦᠵᠡᠭᠳᠡᠭᠴᠢ ᠪᠤᠷᠬᠠᠨ ᠤ ᠲᠥᠷᠬᠥ ᠪᠥᠭᠡᠳ ᠬᠠᠮᠤᠭ ᠪᠦᠲᠦᠭᠡᠯ ᠦᠨ ᠤᠤᠭᠠᠨ ᠨᠢ ᠪᠢᠯᠡ᠃ 16 ᠤᠴᠢᠷ ᠨᠢ᠂ ᠬᠠᠮᠤᠭ ᠶᠠᠭᠤᠮ᠎ᠠ ᠲᠡᠭᠦᠨ ᠦ ᠳᠣᠲᠣᠷ᠎ᠠ ᠪᠦᠲᠦᠭᠡᠭᠳᠡᠵᠡᠢ᠃ ᠲᠩᠷᠢ ᠪᠠ ᠭᠠᠵᠠᠷ ᠳᠡᠭᠡᠷᠡᠬᠢ ᠶᠠᠭᠤᠮᠠᠰ᠂ ᠦᠵᠡᠭᠳᠡᠭᠰᠡᠳ ᠪᠠ ᠦᠯᠦ ᠦᠵᠡᠭᠳᠡᠭᠰᠡᠳ᠂ ᠬᠠᠭᠠᠨ ᠰᠠᠭᠤᠷᠢᠨ᠂ ᠨᠣᠶᠠᠷᠬᠠᠯ᠂ ᠵᠠᠰᠠᠭᠯᠠᠯ᠂ ᠡᠷᠬᠡ ᠮᠡᠳᠡᠯ ᠴᠤ ᠢᠯᠭᠠᠭ᠎ᠠ ᠦᠭᠡᠢ ᠪᠦᠭᠦᠳᠡᠭᠡᠷ ᠢᠶᠡᠨ ᠲᠡᠭᠦᠨ ᠢᠶᠡᠷ᠂ ᠲᠡᠭᠦᠨ ᠦ ᠲᠥᠯᠥᠭᠡ ᠪᠦᠲᠦᠭᠡᠭᠳᠡᠭᠰᠡᠨ᠃ 17 ᠲᠡᠷᠡ ᠨᠢ ᠬᠠᠮᠤᠭ ᠶᠠᠭᠤᠮ᠎ᠠ ᠶᠢᠨ ᠤᠷᠢᠳᠠ ᠪᠠᠢᠵᠤ᠂ ᠬᠠᠮᠤᠭ ᠶᠠᠭᠤᠮ᠎ᠠ ᠴᠤ ᠲᠡᠭᠦᠨ ᠦ ᠳᠣᠲᠣᠷ᠎ᠠ ᠲᠣᠭᠲᠠᠨᠢᠨ ᠪᠠᠢᠳᠠᠭ᠃ 18 ᠲᠡᠷᠡ ᠪᠣᠯ ᠲᠡᠭᠦᠨ ᠦ ᠪᠡᠶ᠎ᠡ ᠪᠣᠯᠣᠭᠰᠠᠨ ᠴᠢᠭᠤᠯᠭᠠᠨ ᠤ ᠲᠡᠷᠢᠭᠦᠨ ᠮᠥᠨ᠃ ᠲᠡᠷᠡ ᠪᠣᠯ ᠡᠬᠢᠯᠡᠯ᠂ ᠲᠡᠷᠡ ᠪᠣᠯ ᠦᠬᠦᠭᠰᠡᠳ ᠦᠨ ᠳᠤᠮᠳᠠ ᠠᠴᠠ ᠲᠥᠷᠥᠭᠰᠡᠳ ᠦᠨ ᠤᠤᠭᠠᠨ ᠨᠢ ᠶᠤᠮ᠂ ᠡᠢᠨ ᠬᠦ ᠬᠠᠮᠤᠭ ᠶᠠᠭᠤᠮ᠎ᠠ ᠶᠢᠨ ᠲᠦᠷᠦᠭᠦᠦ ᠪᠣᠯᠵᠠᠢ᠃ 19 ᠲᠡᠭᠦᠨ ᠦ ᠳᠣᠲᠣᠷ᠎ᠠ ᠪᠤᠷᠬᠠᠨ ᠪᠦᠷᠢᠨ ᠳᠦᠭᠦᠷᠡᠩ ᠢᠶᠡᠨ ᠪᠠᠢᠯᠭᠠᠵᠤ᠂ 20 ᠲᠡᠭᠦᠨ ᠢᠶᠡᠷ ᠳᠠᠮᠵᠢᠭᠤᠯᠤᠨ ᠭᠠᠵᠠᠷ ᠲᠩᠷᠢ ᠳᠠᠬᠢ ᠬᠠᠮᠤᠭ ᠶᠠᠭᠤᠮ᠎ᠠ ᠶᠢ ᠥᠪᠡᠷ ᠦᠨ ᠪᠡᠶ᠎ᠡ ᠲᠠᠢ ᠪᠠᠨ ᠡᠪᠰᠡᠭᠦᠯᠵᠦ᠂ ᠲᠡᠭᠦᠨ ᠦ ᠵᠠᠭᠠᠯᠮᠠᠢ ᠶᠢᠨ ᠴᠢᠰᠤ ᠪᠠᠷ ᠡᠩᠬᠡ ᠲᠠᠢᠪᠤᠩ ᠢ ᠲᠣᠭᠲᠠᠭᠠᠵᠠᠢ᠃

21 ᠤᠷᠢᠳᠤ ᠨᠢ ᠰᠡᠳᠬᠢᠯ ᠰᠠᠨᠠᠭ᠎ᠠ ᠪᠠᠷ ᠢᠶᠠᠨ᠂ ᠮᠠᠭᠤ ᠦᠢᠯᠡᠰ ᠢᠶᠡᠷ ᠢᠶᠠᠨ ᠪᠤᠷᠬᠠᠨ ᠠᠴᠠ ᠬᠥᠨᠳᠡᠢᠷᠡᠵᠦ᠂ ᠲᠡᠭᠦᠨ ᠢ ᠳᠠᠢᠰᠤᠩᠨᠠᠵᠤ ᠪᠠᠢᠭᠰᠠᠨ ᠲᠠ ᠨᠠᠷ ᠢ 22 ᠪᠤᠷᠬᠠᠨ ᠾᠷᠢᠰᠲ᠋ᠣᠰ ᠤᠨ ᠮᠢᠬᠠᠨ ᠪᠡᠶ᠎ᠡ ᠶᠢᠨ ᠦᠬᠦᠯ ᠢᠶᠡᠷ ᠳᠠᠮᠵᠢᠭᠤᠯᠵᠤ᠂ ᠡᠳᠦᠭᠡ ᠥᠪᠡᠷ ᠦᠨ ᠪᠡᠶ᠎ᠡ ᠲᠠᠢ ᠪᠠᠨ ᠨᠠᠢᠷᠠᠮᠳᠠᠭᠤᠯᠤᠭᠰᠠᠨ᠃ ᠡᠨᠡ ᠨᠢ ᠲᠠ ᠨᠠᠷ ᠢ ᠥᠪᠡᠷ ᠦᠨ ᠢᠶᠠᠨ ᠮᠡᠯᠮᠡᠢ ᠶᠢᠨ ᠡᠮᠦᠨ᠎ᠡ ᠠᠷᠢᠭᠤᠨ᠂ ᠥ ᠰᠡᠪ ᠦᠭᠡᠢ᠂ ᠪᠤᠷᠤᠭᠤᠳᠬᠠᠭᠳᠠᠰᠢ ᠦᠭᠡᠢ ᠪᠠᠢᠯᠭᠠᠬᠤ ᠭᠡᠰᠡᠨ ᠳᠡᠭᠡᠨ ᠶᠤᠮ᠃ 23 ᠲᠡᠢᠮᠦ ᠡᠴᠡ ᠲᠠ ᠨᠠᠷ ᠦᠨᠳᠦᠰᠦ ᠬᠠᠳᠬᠤᠵᠤ᠂ ᠪᠠᠲᠤ ᠵᠣᠭᠰᠣᠭᠠᠳ ᠰᠣᠨᠣᠰᠣᠭᠰᠠᠨ ᠪᠠᠶᠠᠷ ᠤᠨ ᠮᠡᠳᠡᠭᠡᠨ ᠦ ᠡᠷᠡᠮᠡᠯᠵᠡᠯ ᠡᠴᠡ ᠪᠡᠨ ᠭᠤᠢᠪᠢᠰᠢ ᠦᠭᠡᠢ ᠪᠠᠷ ᠢᠲᠡᠭᠡᠯ ᠳᠦ ᠦᠯᠡᠳᠡᠬᠦ ᠶᠣᠰᠣᠲᠠᠢ᠃ ᠡᠨᠡ ᠪᠠᠶᠠᠷ ᠤᠨ ᠮᠡᠳᠡᠭᠡ ᠲᠩᠷᠢ ᠶᠢᠨ ᠳᠣᠣᠷᠠᠬᠢ ᠪᠦᠲᠦᠭᠡᠭᠳᠡᠭᠰᠡᠨ ᠪᠦᠬᠦᠨ ᠳᠦ ᠲᠤᠩ᠋ᠬᠠᠭᠯᠠᠭᠳᠠᠭᠰᠠᠨ ᠪᠥᠭᠡᠳ ᠫᠠᠦ᠋ᠯ ᠪᠢ ᠡᠨᠡ ᠪᠠᠶᠠᠷ ᠤᠨ ᠮᠡᠳᠡᠭᠡ ᠶᠢᠨ ᠵᠠᠷᠤᠴᠠ ᠪᠣᠯᠣᠭᠰᠠᠨ ᠶᠤᠮ᠃
 ᠴᠢᠭᠤᠯᠭᠠᠨ ᠤ ᠵᠠᠷᠤᠴᠠ ᠨᠠᠷ ᠤᠨ ᠡᠭᠦᠷᠭᠡ

24 ᠪᠢ ᠡᠳᠦᠭᠡ ᠲᠠ ᠨᠠᠷ ᠤᠨ ᠲᠥᠯᠥᠭᠡ ᠵᠣᠪᠠᠯᠠᠩ ᠢ ᠪᠠᠶᠠᠷ ᠲᠠᠢ ᠪᠠᠷ ᠠᠮᠰᠠᠵᠤ᠂ ᠲᠡᠭᠦᠨ ᠦ ᠪᠡᠶ᠎ᠡ ᠪᠣᠯᠣᠭᠰᠠᠨ ᠴᠢᠭᠤᠯᠭᠠᠨ ᠤ ᠲᠥᠯᠥᠭᠡ ᠮᠢᠬᠠᠨ ᠪᠡᠶ᠎ᠡ ᠪᠡᠷ ᠢᠶᠠᠨ ᠾᠷᠢᠰᠲ᠋ᠣᠰ ᠤᠨ ᠵᠣᠪᠠᠯᠠᠩ ᠤᠨ ᠳᠤᠲᠠᠭᠤ ᠶᠢ ᠨᠥᠬᠥᠵᠦ ᠪᠠᠢᠨ᠎ᠠ᠃ 25 ᠴᠢᠭᠤᠯᠭᠠᠨ ᠤ ᠵᠠᠷᠤᠴᠠ ᠪᠣᠯᠣᠭᠰᠠᠨ ᠤ ᠮᠢᠨᠢ ᠤᠴᠢᠷ ᠨᠢ ᠪᠤᠷᠬᠠᠨ ᠤ ᠨᠠᠳᠠ ᠳᠤ ᠰᠣᠶᠣᠷᠬᠠᠭᠰᠠᠨ ᠲᠤᠰᠢᠶᠠᠯ ᠤᠨ ᠶᠣᠰᠣᠭᠠᠷ ᠲᠠ ᠨᠠᠷ ᠲᠤ ᠪᠤᠷᠬᠠᠨ ᠤ ᠦᠭᠡ ᠶᠢ ᠭᠦᠢᠴᠡᠳ ᠮᠡᠳᠡᠭᠦᠯᠬᠦ ᠶᠢᠨ ᠲᠤᠯᠠᠳᠠ ᠶᠤᠮ᠃ 26 ᠲᠡᠷᠡ ᠦᠭᠡ ᠨᠢ ᠥᠩᠭᠡᠷᠡᠭᠰᠡᠨ ᠦᠶ᠎ᠡ ᠦᠶ᠎ᠡ ᠶᠢᠨ ᠲᠤᠷᠰᠢ ᠳᠠᠯᠳᠠᠯᠠᠭᠳᠠᠭᠰᠠᠨ ᠨᠢᠭᠤᠴᠠ ᠪᠠᠢᠭᠰᠠᠨ ᠪᠥᠭᠡᠳ ᠣᠳᠣ ᠠᠷᠢᠭᠤᠨ ᠬᠥᠮᠦᠰ ᠲᠦ ᠢᠯᠡᠷᠬᠡᠶᠢᠯᠡᠭᠳᠡᠵᠡᠢ᠃ 27 ᠲᠡᠷᠡ ᠨᠢᠭᠤᠴᠠ ᠪᠣᠯ ᠲᠠ ᠨᠠᠷ ᠤᠨ ᠳᠣᠲᠣᠷᠠᠬᠢ ᠾᠷᠢᠰᠲ᠋ᠣᠰ ᠪᠠ ᠠᠯᠳᠠᠷ ᠰᠤᠤᠲᠤ ᠡᠷᠡᠮᠡᠯᠵᠡᠯ ᠪᠢᠯᠡ᠃ ᠪᠤᠷᠬᠠᠨ ᠬᠠᠷᠢᠴᠤᠳ ᠤᠨ ᠳᠤᠮᠳᠠ ᠡᠨᠡ ᠨᠢᠭᠤᠴᠠ ᠨᠢ ᠬᠢᠷᠢ ᠵᠡᠷᠭᠡ ᠠᠯᠳᠠᠷ ᠰᠤᠤ ᠲᠠᠢ ᠡᠯᠪᠡᠭ ᠪᠠᠶᠠᠨ ᠪᠣᠯᠬᠤ ᠶᠢ ᠠᠷᠢᠭᠤᠨ ᠬᠥᠮᠦᠰ ᠲᠦ ᠮᠡᠳᠡᠭᠦᠯᠬᠦ ᠭᠡᠰᠡᠨ ᠶᠤᠮ᠃ 28 ᠪᠢᠳᠡ ᠬᠥᠮᠦᠨ ᠪᠦᠬᠦᠨ ᠢ ᠢᠳᠬᠠᠵᠤ ᠬᠥᠮᠦᠨ ᠪᠦᠬᠦᠨ ᠢ ᠬᠠᠮᠤᠭ ᠮᠡᠷᠭᠡᠨ ᠤᠬᠠᠭᠠᠨ ᠢᠶᠠᠷ ᠢᠶᠠᠨ ᠰᠤᠷᠭᠠᠵᠤ᠂ ᠾᠷᠢᠰᠲ᠋ᠣᠰ ᠢ ᠳᠡᠯᠭᠡᠷᠡᠭᠦᠯᠵᠦ ᠪᠠᠢᠭ᠎ᠠ ᠨᠢ ᠾᠷᠢᠰᠲ᠋ᠣᠰ ᠤᠨ ᠳᠣᠲᠣᠷ᠎ᠠ ᠬᠥᠮᠦᠨ ᠪᠦᠬᠦᠨ ᠢ ᠲᠡᠭᠦᠯᠳᠡᠷᠵᠢᠭᠦᠯᠦᠨ ᠪᠤᠷᠬᠠᠨ ᠳᠤ ᠡᠷᠭᠦᠬᠦ ᠭᠡᠰᠡᠨ ᠶᠤᠮ᠃ 29 ᠮᠢᠨᠦ ᠳᠣᠲᠣᠷ᠎ᠠ ᠠᠵᠢᠯᠯᠠᠳᠠᠭ ᠲᠡᠭᠦᠨ ᠦ ᠠᠤᠭ᠎ᠠ ᠬᠦᠴᠦᠨ ᠢᠶᠡᠷ ᠡᠨᠡ ᠵᠣᠷᠢᠯᠭ᠎ᠠ ᠶᠢᠨ ᠲᠥᠯᠥᠭᠡ ᠪᠢ ᠲᠡᠮᠡᠴᠡᠵᠦ ᠵᠦᠳᠡᠷᠡᠵᠦ ᠪᠠᠢᠳᠠᠭ᠃