1 2 3 4 5


ᠶᠧᠷᠧᠮᠢᠶ᠎ᠠ ᠶᠢᠨ ᠭᠠᠰᠢᠭᠤᠳᠠᠯ ᠨᠢᠭᠡ
 ᠰᠦᠢᠷᠡᠭᠰᠡᠨ ᠶᠧᠷᠦ᠋ᠰᠠᠯᠧᠮ
1 ᠥ᠂ ᠦᠢ ᠣᠯᠠᠨ ᠬᠥᠮᠦᠨ ᠲᠡᠢ ᠪᠠᠢᠭᠰᠠᠨ ᠡᠨᠡ ᠬᠣᠲᠠ ᠭᠠᠭᠴᠠᠭᠠᠷᠳᠠᠨ ᠰᠠᠭᠤᠵᠠᠢ ᠦᠨᠳᠦᠰᠦᠲᠡᠨ ᠨᠦᠭᠦᠳ ᠦᠨ ᠳᠤᠮᠳᠠ ᠠᠭᠤᠤ ᠪᠠᠢᠭᠰᠠᠨ ᠲᠡᠷᠡ ᠪᠡᠯᠪᠡᠰᠦᠨ ᠡᠮ᠎ᠡ ᠮᠡᠲᠦ ᠪᠣᠯᠵᠠᠢ ᠭᠦᠷᠦᠨ ᠨᠦᠭᠦᠳ ᠦᠨ ᠳᠤᠮᠳᠠ ᠭᠦᠩᠵᠦ ᠪᠠᠢᠭᠰᠠᠨ ᠲᠡᠷᠡ ᠰᠢᠪᠡᠭᠴᠢᠨ ᠪᠣᠯᠵᠠᠢ︕
2 ᠬᠠᠴᠠᠷ ᠳᠡᠭᠡᠷ᠎ᠡ ᠪᠡᠨ ᠨᠢᠯᠪᠤᠰᠤ ᠲᠠᠢ᠂ ᠰᠥᠨᠢᠵᠢᠨ ᠤᠬᠢᠯᠠᠨ ᠬᠠᠢᠯᠠᠭᠰᠠᠨ ᠴᠤ ᠬᠠᠢᠷᠠᠯᠠᠭᠰᠠᠨ ᠪᠦᠬᠦᠨ ᠦ ᠬᠢᠨᠢ ᠳᠤᠮᠳᠠ ᠠᠴᠠ ᠲᠠᠢᠳᠬᠤᠷᠠᠭᠤᠯᠬᠤ ᠨᠢᠭᠡᠨ ᠨᠢ ᠠᠯᠠᠭ᠎ᠠ ᠬᠠᠮᠤᠭ ᠨᠠᠢᠵᠢ ᠨᠢ ᠤᠷᠪᠠᠵᠤ᠂ ᠳᠠᠢᠰᠤᠨ ᠪᠣᠯᠵᠠᠢ᠃
3 ᠶᠦᠳᠠ ᠵᠣᠪᠠᠯᠠᠩ ᠵᠦᠳᠡᠭᠦᠷᠢ ᠶᠢ ᠶᠡᠬᠡᠳᠡ ᠠᠮᠰᠠᠭᠠᠳ ᠴᠥᠯᠡᠭᠳᠡᠪᠡ ᠦᠨᠳᠦᠰᠦᠲᠡᠨ ᠨᠦᠭᠦᠳ ᠦᠨ ᠳᠤᠮᠳᠠ ᠠᠮᠠᠷᠠᠯ ᠡᠰᠡ ᠣᠯᠣᠨ ᠰᠠᠭᠤᠵᠤ ᠪᠠᠢᠬᠤ ᠳᠤᠨᠢ ᠮᠥᠷᠳᠡᠭᠴᠢᠳ ᠨᠢ ᠪᠦᠭᠦᠳᠡᠭᠡᠷ ᠵᠣᠪᠠᠯᠠᠩ ᠳᠤᠮᠳᠠ ᠨᠢ ᠲᠡᠭᠦᠨ ᠢ ᠪᠠᠷᠢᠵᠠᠢ᠃
4 ᠽᠢᠶᠣᠨ ᠤ ᠵᠠᠮ ᠭᠠᠰᠢᠭᠤᠳᠠᠯ ᠲᠠᠢ ᠪᠠᠶᠠᠷ ᠤᠨ ᠦᠶ᠎ᠡ ᠪᠡᠷ ᠴᠤ ᠢᠷᠡᠬᠦ ᠬᠥᠮᠦᠨ ᠠᠯᠠᠭ᠎ᠠ ᠬᠣᠲᠠ ᠶᠢᠨ ᠬᠠᠭᠠᠯᠭ᠎ᠠ ᠡᠵᠡᠭᠦᠢᠷᠡᠵᠦ ᠲᠠᠬᠢᠯᠴᠢᠳ ᠭᠠᠰᠠᠯᠵᠤ ᠪᠠᠢᠨ᠎ᠠ ᠥᠬᠢᠳ ᠰᠢᠨᠠᠯᠵᠤ ᠪᠠᠢᠨ᠎ᠠ ᠽᠢᠶᠣᠨ ᠭᠠᠰᠢᠭᠤᠨ ᠢᠶᠠᠷ ᠳᠦᠭᠦᠷᠡᠩ᠃
5 ᠥᠰᠲᠡᠨ ᠨᠦᠭᠦᠳ ᠨᠢ ᠲᠣᠯᠣᠭᠠᠢ ᠪᠣᠯᠵᠤ᠂ ᠳᠠᠢᠰᠤᠨ ᠨᠤᠭᠤᠳ ᠨᠢ ᠳᠡᠭᠵᠢᠷᠡᠪᠡ ᠲᠡᠭᠦᠨ ᠦ ᠨᠢᠭᠦᠯ ᠶᠡᠬᠡ ᠪᠣᠯᠬᠣᠷ ᠶᠣᠬᠣᠸᠠ ᠲᠡᠭᠦᠨ ᠢ ᠤᠢ ᠭᠠᠰᠢᠭᠤ ᠲᠠᠢ ᠪᠣᠯᠭᠠᠵᠠᠢ ᠲᠡᠭᠦᠨ ᠦ ᠬᠡᠦᠬᠡᠳ ᠤᠳ ᠴᠤ ᠳᠠᠢᠰᠤᠨ ᠳᠤ ᠪᠠᠷᠢᠭᠳᠠᠨ ᠴᠥᠯᠡᠭᠳᠡᠪᠡ᠃
6 ᠥᠬᠢᠨ ᠽᠢᠶᠣᠨ ᠠᠴᠠ ᠪᠦᠬᠦ ᠠᠯᠳᠠᠷ ᠰᠤᠤ ᠨᠢ ᠬᠣᠯᠠᠳᠠᠵᠠᠢ ᠤᠳᠤᠷᠢᠳᠤᠭᠴᠢᠳ ᠨᠢ ᠪᠡᠯᠴᠢᠭᠡᠷ ᠢᠶᠡᠨ ᠣᠯᠬᠤ ᠦᠭᠡᠢ ᠪᠤᠭᠤ ᠮᠡᠲᠦ ᠥᠪᠡᠷᠰᠡᠳ ᠢ ᠨᠢ ᠮᠥᠰᠬᠢᠭ᠍ᠴᠢ ᠶᠢᠨ ᠡᠮᠦᠨ᠎ᠡ ᠵᠢᠭᠤᠲᠠᠬᠤ ᠬᠦᠴᠦ ᠦᠭᠡᠢ ᠪᠣᠯᠪᠠ᠃
7 ᠠᠮᠠᠷᠠᠯ ᠦᠭᠡᠢ ᠵᠣᠪᠠᠯᠠᠩ ᠤᠨ ᠡᠳᠦᠷ ᠤᠳ ᠲᠤ ᠶᠧᠷᠦ᠋ᠰᠠᠯᠧᠮ ᠡᠷᠲᠡᠨ ᠦ ᠡᠳᠦᠷ ᠤᠳ ᠤᠨ ᠬᠠᠮᠤᠭ ᠵᠢᠷᠭᠠᠯ ᠢ ᠰᠠᠨᠠᠪᠠ ᠠᠷᠠᠳ ᠲᠦᠮᠡᠨ ᠥᠰᠲᠡᠨ ᠦ ᠭᠠᠷ ᠲᠤ ᠣᠷᠣᠬᠤ ᠳᠤ ᠲᠤᠰᠠᠯᠠᠬᠤ ᠬᠥᠮᠦᠨ ᠦᠭᠡᠢ ᠪᠠᠢᠪᠠ ᠥᠰᠲᠡᠨ ᠨᠦᠭᠦᠳ ᠰᠦᠢᠷᠡᠯ ᠢ ᠨᠢ ᠬᠠᠷᠠᠭᠠᠳ ᠡᠯᠡᠭᠯᠡᠪᠡ᠃
8 ᠨᠢᠭᠦᠯ ᠦᠢᠯᠡᠳᠦᠨ ᠦᠢᠯᠡᠳᠦᠭᠰᠡᠭᠡᠷ ᠶᠧᠷᠦ᠋ᠰᠠᠯᠧᠮ ᠪᠤᠵᠠᠷ ᠪᠣᠯᠪᠠ ᠲᠡᠭᠦᠨ ᠢ ᠬᠦᠨᠳᠦᠳᠬᠡᠭᠴᠢ ᠪᠦᠭᠦᠳᠡ ᠨᠢ ᠨᠢᠴᠦᠭᠦᠨ ᠢ ᠨᠢ ᠬᠠᠷᠠᠭᠠᠳ ᠪᠠᠰᠤᠮᠵᠢᠯᠠᠪᠠ ᠲᠡᠷᠡ ᠥᠪᠡᠷ ᠢᠶᠡᠨ ᠴᠤ ᠵᠣᠪᠠᠵᠤ᠂ ᠬᠣᠢᠰᠢ ᠪᠠᠨ ᠡᠷᠭᠢᠪᠡ᠃
9 ᠪᠤᠵᠠᠷ ᠨᠢ ᠬᠣᠷᠮᠣᠢ ᠳᠤᠨᠢ ᠨᠠᠭᠠᠯᠳᠤᠵᠤ ᠪᠠᠢᠬᠤ ᠳᠤ ᠬᠣᠵᠢᠮ ᠢᠶᠠᠨ ᠲᠡᠷᠡ ᠪᠣᠳᠣᠭᠰᠠᠨ ᠦᠭᠡᠢ ᠠᠶᠤᠮᠰᠢᠭᠲᠠᠢ ᠪᠠᠷ ᠤᠷᠤᠭᠤᠳᠠᠵᠤ ᠪᠠᠢᠭᠰᠠᠨ ᠴᠤ ᠲᠠᠢᠳᠬᠤᠷᠠᠭᠤᠯᠤᠭᠴᠢ ᠠᠯᠠᠭ᠎ᠠ ᠪᠠᠢᠯ᠎ᠠ ᠳᠠᠢᠰᠤᠨ ᠲᠣᠮᠣᠷᠠᠭᠰᠠᠨ᠂ ᠵᠣᠪᠠᠯᠠᠩ ᠢ ᠮᠢᠨᠢ ᠬᠠᠷᠠᠭᠠᠴᠢ᠂ ᠶᠣᠬᠣᠸᠠ︕
10 ᠦᠨ᠎ᠡ ᠲᠠᠢ ᠪᠦᠬᠦᠨ ᠤᠷᠤᠭᠤ ᠨᠢ ᠥᠰᠲᠡᠨ ᠭᠠᠷ ᠢᠶᠠᠨ ᠰᠠᠷᠪᠠᠢᠪᠠ ᠥᠪᠡᠷ ᠦᠨ ᠲᠠᠨᠢ ᠴᠢᠭᠤᠯᠭᠠᠨ ᠳᠤ ᠬᠠᠷᠢᠴᠤᠳ ᠣᠷᠣᠬᠤ ᠶᠢ ᠲᠠ ᠬᠣᠷᠢᠭᠯᠠᠭᠰᠠᠨ ᠠᠲᠠᠯ᠎ᠠ ᠠᠷᠢᠭᠤᠨ ᠭᠠᠵᠠᠷ ᠲᠤ ᠲᠡᠳᠡ ᠣᠷᠣᠯ᠎ᠠ ᠲᠡᠷᠡ ᠡᠭᠦᠨ ᠢ ᠬᠠᠷᠠᠯ᠎ᠠ᠃
11 ᠠᠷᠠᠳ ᠲᠦᠮᠡᠨ ᠪᠦᠭᠦᠳᠡ ᠬᠦᠨᠡᠰᠦ ᠬᠠᠢᠨ ᠶᠣᠣᠯᠠᠨ᠎ᠠ ᠠᠮᠢ ᠵᠢᠭᠤᠬᠤ ᠪᠠᠷ ᠲᠡᠳᠡ ᠦᠨᠡᠲᠦ ᠵᠦᠢᠯᠡᠰ ᠢᠶᠡᠷ ᠢᠶᠠᠨ ᠢᠳᠡᠭᠡᠨ ᠠᠪᠤᠨ᠎ᠠ 《ᠬᠠᠷᠠᠭᠠᠴᠢ᠂ ᠶᠣᠬᠣᠸᠠ᠂ ᠥᠴᠦᠬᠡᠨ ᠪᠣᠯᠣᠭᠰᠠᠨ ᠢ ᠮᠢᠨᠢ ᠠᠩ᠋ᠬᠠᠷᠤᠭᠠᠴᠢ᠃
12 ᠵᠠᠮ ᠬᠥᠭᠡᠭᠡᠭᠴᠢᠳ ᠡ᠂ ᠡᠳᠡᠭᠡᠷ ᠵᠦᠢᠯ ᠲᠠ ᠪᠦᠬᠦᠨ ᠳᠦ ᠬᠠᠮᠢᠶ᠎ᠠ ᠦᠭᠡᠢ ᠤᠤ︖ ᠬᠠᠷᠠᠵᠤ ᠦᠵᠡ᠂ ᠳᠣᠭᠰᠢᠨ ᠬᠢᠯᠢᠩ ᠤᠨ ᠢᠶᠠᠨ ᠡᠳᠦᠷ ᠶᠣᠬᠣᠸᠠ ᠶᠢᠨ ᠨᠠᠳᠠ ᠳᠤ ᠠᠪᠴᠢᠷᠠᠵᠤ ᠠᠮᠰᠠᠭᠤᠯᠤᠭᠰᠠᠨ ᠡᠨᠡ ᠵᠣᠪᠠᠯᠠᠩ ᠲᠠᠢ ᠠᠳᠠᠯᠢ ᠵᠣᠪᠠᠯᠠᠩ ᠪᠠᠢᠨ᠎ᠠ ᠤᠤ︖
13 ᠲᠡᠷᠡ ᠥᠨᠳᠥᠷ ᠡᠴᠡ ᠭᠠᠯ ᠪᠠᠭᠤᠯᠭᠠᠨ ᠶᠠᠰᠤᠨ ᠳᠤ ᠮᠢᠨᠢ ᠣᠷᠣᠭᠤᠯᠪᠠ ᠬᠥᠯ ᠦᠨ ᠮᠢᠨᠢ ᠡᠮᠦᠨ᠎ᠡ ᠲᠣᠣᠷ ᠲᠠᠯᠪᠢᠨ ᠨᠠᠮᠠᠶᠢ ᠪᠤᠴᠠᠭᠠᠪᠠ ᠡᠳᠦᠷᠵᠢᠨ ᠨᠠᠮᠠᠶᠢ ᠭᠠᠭᠴᠠᠭᠠᠷᠳᠠᠮᠠᠯ᠂ ᠳᠣᠷᠣᠢ ᠪᠠᠢᠯᠭᠠᠪᠠ᠃
14 ᠲᠡᠷᠡ ᠪᠡᠷ ᠨᠢᠭᠦᠯ ᠤᠳ ᠢ ᠮᠢᠨᠢ ᠮᠤᠲᠤᠷ ᠢᠶᠠᠷ ᠢᠶᠠᠨ ᠤᠶᠠᠵᠤ ᠰᠦᠯᠵᠢᠨ ᠪᠤᠭᠤᠯᠠᠭ᠎ᠠ ᠪᠣᠯᠭᠠᠵᠤ ᠬᠦᠵᠦᠭᠦᠨ ᠳᠡᠭᠡᠷ᠎ᠡ ᠮᠢᠨᠢ ᠳᠤᠬᠤᠨ ᠬᠦᠴᠦ ᠶᠢ ᠮᠢᠨᠢ ᠮᠣᠬᠣᠭᠠᠪᠠ᠃ ᠲᠡᠢᠨ ᠬᠦ ᠡᠵᠡᠨ ᠮᠢᠨᠦ ᠳᠡᠢᠯᠵᠦ ᠦᠯᠦ ᠴᠢᠳᠠᠬᠤ ᠬᠥᠮᠦᠰ ᠦᠨ ᠭᠠᠷ ᠲᠤ ᠨᠠᠮᠠᠶᠢ ᠲᠤᠰᠢᠶᠠᠵᠠᠢ᠃
15 ᠡᠵᠡᠨ ᠮᠢᠨᠦ ᠳᠣᠲᠣᠷᠠᠬᠢ ᠬᠠᠮᠤᠭ ᠪᠠᠭᠠᠲᠤᠷ ᠢ ᠮᠢᠨᠢ ᠲᠠᠯᠬᠢᠯᠠᠵᠤ ᠮᠢᠨᠦ ᠡᠰᠡᠷᠭᠦ ᠴᠡᠷᠢᠭ ᠳᠠᠭᠤᠳᠠᠨ ᠬᠠᠮᠤᠭ ᠵᠠᠯᠠᠭᠤᠰ ᠢ ᠮᠢᠨᠢ ᠪᠢᠴᠠᠯᠵᠤ ᠣᠩ᠋ᠭᠣᠨ ᠪᠦᠰᠡᠭᠦᠢ ᠶᠦᠳᠠ ᠶᠢ ᠦᠵᠦᠮ ᠦᠨ ᠰᠢᠬᠠᠭᠤᠷᠭ᠎ᠠ ᠳᠣᠣᠷ᠎ᠠ ᠳᠡᠪᠰᠡᠯᠡᠪᠡ᠃
16 ᠡᠢᠮᠦ ᠡᠴᠡ ᠪᠢ ᠤᠬᠢᠯᠠᠭᠰᠠᠭᠠᠷ᠂ ᠨᠢᠳᠦ ᠮᠢᠨᠢ ᠨᠢᠯᠪᠤᠰᠤ ᠪᠥᠮᠪᠥᠷᠢᠭᠦᠯᠦᠭᠰᠡᠭᠡᠷ᠂ ᠥᠪᠡᠷ ᠢ ᠮᠢᠨᠢ ᠲᠠᠢᠳᠬᠤᠷᠠᠭᠤᠯᠤᠭᠴᠢ᠂ ᠠᠮᠢ ᠶᠢ ᠮᠢᠨᠢ ᠰᠡᠷᠭᠦᠭᠡᠭᠴᠢ ᠨᠢ ᠨᠠᠳᠠ ᠠᠴᠠ ᠬᠣᠯᠠ ᠳᠠᠢᠰᠤᠨ ᠨᠤᠭᠤᠳ ᠳᠡᠢᠯᠦᠭᠰᠡᠨ᠂ ᠮᠢᠨᠦ ᠬᠡᠦᠬᠡᠳ ᠤᠳ ᠪᠠᠯᠠᠮᠠᠭᠳᠠᠭᠰᠠᠨ᠃》
17 ᠽᠢᠶᠣᠨ ᠭᠠᠷ ᠢᠶᠠᠨ ᠰᠤᠩ᠋ᠭᠠᠨ᠎ᠠ ᠬᠠᠷᠢᠨ ᠬᠡᠨ ᠴᠤ ᠲᠠᠢᠳᠬᠤᠷᠠᠭᠤᠯᠬᠤ ᠦᠭᠡᠢ ᠶᠣᠬᠣᠸᠠ ᠶᠠᠺᠣᠪ ᠤᠨ ᠲᠤᠬᠠᠢ ᠲᠤᠰᠢᠶᠠᠬᠤ ᠳᠤ᠂ ᠡᠷᠭᠢᠨ ᠲᠣᠭᠣᠷᠢᠨ ᠤ ᠬᠢᠨ ᠨᠢ ᠲᠡᠭᠦᠨ ᠦ ᠥᠰᠲᠡᠨ ᠪᠣᠯᠪᠠ᠂ ᠶᠧᠷᠦ᠋ᠰᠠᠯᠧᠮ ᠲᠡᠳᠡᠨ ᠦ ᠳᠤᠮᠳᠠᠬᠢ ᠪᠤᠵᠠᠷ ᠵᠦᠢᠯ ᠪᠣᠯᠵᠠᠢ᠃
18 《ᠶᠣᠬᠣᠸᠠ ᠵᠥᠪ ᠰᠢᠳᠤᠷᠭᠤ ᠪᠠᠢᠬᠤ ᠳᠤ ᠪᠢ ᠲᠡᠭᠦᠨ ᠦ ᠲᠤᠰᠢᠶᠠᠯ ᠢ ᠵᠥᠷᠢᠴᠡᠪᠡ ᠦᠨᠳᠦᠰᠦᠲᠡᠨ ᠨᠦᠭᠦᠳ ᠡ᠂ ᠲᠠ ᠪᠦᠭᠦᠳᠡ ᠰᠣᠨᠣᠰ᠂ ᠵᠣᠪᠠᠯᠠᠩ ᠢ ᠮᠢᠨᠢ ᠬᠠᠷᠠ ᠮᠠᠨ ᠤ ᠥᠬᠢᠳ ᠪᠣᠯᠣᠨ ᠵᠠᠯᠠᠭᠤᠰ ᠣᠯᠵᠠᠯᠠᠭᠳᠠᠨ ᠣᠳᠪᠠ᠃
19 ᠪᠢ ᠬᠠᠢᠷᠠᠲᠤ ᠨᠤᠭᠤᠳ ᠢᠶᠠᠨ ᠳᠠᠭᠤᠳᠠᠭᠰᠠᠨ ᠴᠤ ᠲᠡᠳᠡ ᠨᠠᠮᠠᠶᠢ ᠮᠡᠬᠡᠯᠡᠪᠡ ᠮᠠᠨ ᠤ ᠲᠠᠬᠢᠯᠴᠢᠳ ᠪᠠ ᠠᠬᠠᠯᠠᠭᠴᠢᠳ ᠠᠮᠢ ᠵᠢᠭᠤᠬᠤ ᠪᠠᠷ ᠬᠦᠨᠡᠰᠦ ᠬᠠᠢᠭᠰᠠᠭᠠᠷ ᠬᠣᠲᠠ ᠳᠣᠲᠣᠷ᠎ᠠ ᠡ᠊ᠨᠳᠡᠪᠡ᠃
20 ᠵᠣᠪᠠᠯᠠᠩ ᠢ ᠮᠢᠨᠢ ᠬᠠᠷᠠᠭᠠᠴᠢ᠂ ᠶᠣᠬᠣᠸᠠ︕ ᠵᠢᠷᠦᠬᠡ ᠮᠢᠨᠢ ᠰᠢᠮᠰᠢᠷᠡᠵᠦ᠂ ᠰᠡᠳᠬᠢᠯ ᠮᠢᠨᠢ ᠰᠢᠨᠠᠯᠵᠤ ᠪᠠᠢᠨ᠎ᠠ ᠦᠨᠡᠬᠡᠷ ᠪᠢ ᠮᠠᠰᠢ ᠲᠡᠷᠰᠯᠡᠭᠦᠦ ᠪᠠᠢᠵᠠᠢ᠃ ᠭᠠᠳᠠᠨ᠎ᠠ ᠨᠢ ᠢᠯᠳᠦᠨ ᠦ ᠬᠢᠳᠤᠯᠭ᠎ᠠ ᠭᠡᠷ ᠳᠣᠲᠣᠷ᠎ᠠ ᠨᠢ ᠦᠬᠦᠯ ᠪᠤᠢ᠃
21 ᠭᠠᠰᠠᠯᠬᠤ ᠶᠢ ᠮᠢᠨᠢ ᠬᠥᠮᠦᠰ ᠰᠣᠨᠣᠰᠪᠠ ᠭᠡᠪᠡᠴᠦ ᠲᠠᠢᠳᠬᠤᠷᠠᠭᠤᠯᠤᠭᠴᠢ ᠠᠯᠠᠭ᠎ᠠ ᠭᠠᠮᠰᠢᠭ ᠤᠨ ᠮᠢᠨᠢ ᠲᠤᠬᠠᠢ ᠳᠠᠢᠰᠤᠨ ᠨᠤᠭᠤᠳ ᠮᠢᠨᠢ ᠰᠣᠨᠣᠰᠪᠠ ᠲᠡᠭᠦᠨ ᠢ ᠲᠠ ᠦᠢᠯᠡᠳᠦᠭᠰᠡᠨ ᠳᠦ ᠲᠡᠳᠡ ᠪᠦᠭᠦᠳᠡ ᠪᠠᠶᠠᠷᠯᠠᠳᠠᠭ ᠬᠠᠷᠢᠨ ᠲᠠ ᠲᠣᠪᠯᠠᠭᠰᠠᠨ ᠡᠳᠦᠷ ᠢᠶᠡᠨ ᠢᠷᠡᠭᠦᠯᠦᠭᠡᠴᠢ ᠲᠡᠳᠡ ᠨᠠᠳᠠ ᠲᠠᠢ ᠠᠳᠠᠯᠢ ᠪᠣᠯᠣᠭ᠃
22 ᠲᠡᠳᠡᠨ ᠦ ᠬᠣᠷᠣᠨ ᠮᠠᠭᠤ ᠶᠠᠪᠤᠳᠠᠯ ᠪᠦᠭᠦᠳᠡ ᠲᠠᠨ ᠤ ᠡᠮᠦᠨ᠎ᠡ ᠢᠯᠡ ᠪᠣᠯᠣᠭ ᠮᠢᠨᠦ ᠪᠦᠬᠦ ᠨᠢᠭᠦᠯ ᠦᠨ ᠮᠢᠨᠢ ᠤᠯᠠᠮ ᠠᠴᠠ ᠨᠠᠳᠠ ᠳᠤ ᠦᠢᠯᠡᠳᠦᠭᠰᠡᠨ ᠰᠢᠭ ᠢᠶᠠᠨ ᠲᠡᠳᠡᠨ ᠳᠦ ᠦᠢᠯᠡᠳᠦᠭᠡᠴᠢ ᠪᠢ ᠶᠡᠬᠡ ᠰᠢᠨᠠᠯᠵᠤ ᠪᠠᠢᠨ᠎ᠠ᠂ ᠵᠢᠷᠦᠬᠡ ᠮᠢᠨᠢ ᠰᠢᠨᠲᠠᠷᠠᠵᠤ ᠪᠠᠢᠨ᠎ᠠ᠃》