ᠶᠧᠷᠧᠮᠢᠶ᠎ᠠ ᠶᠢᠨ ᠭᠠᠰᠢᠭᠤᠳᠠᠯ ᠳᠥᠷᠪᠡ
ᠪᠦᠰᠡᠯᠡᠭᠳᠡᠭᠰᠡᠨ ᠶᠧᠷᠦ᠋ᠰᠠᠯᠧᠮ ᠤᠨ ᠵᠣᠪᠠᠯᠠᠩ
1 ᠥ᠂ ᠠᠯᠲᠠ ᠬᠠᠷᠠᠯᠠᠪᠠ︕ ᠥ ᠦᠭᠡᠢ ᠰᠠᠢᠬᠠᠨ ᠠᠯᠲᠠ ᠬᠤᠪᠢᠷᠠᠵᠤ ᠠᠷᠢᠭᠤᠨ ᠭᠠᠵᠠᠷ ᠤᠨ ᠡᠷᠳᠡᠨᠢᠰ ᠭᠤᠳᠤᠮᠵᠢ ᠪᠦᠷᠢ ᠶᠢᠨ ᠪᠤᠯᠤᠩ ᠳᠤ ᠠᠰᠬᠠᠭᠳᠠᠵᠠᠢ᠃
2 ᠥ᠂ ᠴᠡᠪᠡᠷ ᠠᠯᠲᠠᠨ ᠤ ᠦᠨ᠎ᠡ ᠲᠠᠢ ᠽᠢᠶᠣᠨ ᠤ ᠡᠷᠬᠢᠮ ᠬᠥᠪᠡᠭᠦᠳ ᠸᠠᠭᠠᠷᠴᠢᠨ ᠤ ᠭᠠᠷ ᠤᠨ ᠪᠦᠲᠦᠭᠡᠯ᠂ ᠰᠢᠪᠠᠷ ᠸᠠᠭᠠᠷ ᠢᠶᠠᠷ ᠲᠣᠭᠠᠴᠠᠭᠳᠠᠵᠠᠢ︕
3 ᠴᠥᠭᠡᠪᠦᠷᠢ ᠴᠢᠨᠣ᠎ᠠ ᠴᠤ ᠪᠡᠯᠲᠡᠷᠭᠡ ᠨᠦᠭᠦᠳ ᠢᠶᠡᠨ ᠬᠥᠬᠥ ᠪᠡᠷ ᠢᠶᠠᠨ ᠲᠡᠵᠢᠭᠡᠳᠡᠭ ᠠᠲᠠᠯ᠎ᠠ ᠥᠬᠢᠨ ᠠᠷᠠᠳ ᠲᠦᠮᠡᠨ ᠮᠢᠨᠢ ᠴᠥᠯ ᠦᠨ ᠲᠡᠮᠡᠭᠡᠨ ᠬᠢᠷᠭᠤᠤᠯ ᠮᠡᠲᠦ ᠬᠠᠷᠭᠢᠰ ᠪᠣᠯᠣᠯ᠎ᠠ᠂
4 ᠴᠠᠩ᠋ᠭᠠᠭᠰᠠᠨ ᠨᠢᠯᠬᠠᠰ ᠤᠨ ᠬᠡᠯᠡ ᠲᠠᠩᠨᠠᠢ ᠳᠠᠭᠠᠨ ᠨᠠᠭᠠᠯᠳᠤᠵᠤ ᠪᠠᠭᠠᠴᠤᠳ ᠨᠢ ᠪᠣᠣᠪᠣ ᠭᠤᠶᠤᠬᠤ ᠳᠤ ᠥᠭᠬᠦ ᠬᠥᠮᠦᠨ ᠠᠯᠠᠭ᠎ᠠ᠃
5 ᠲᠠᠩᠰᠤᠭ ᠬᠣᠭᠣᠯᠠ ᠢᠳᠡᠳᠡᠭ ᠪᠠᠢᠭᠰᠠᠨ ᠬᠥᠮᠦᠰ ᠭᠤᠳᠤᠮᠵᠢᠨ ᠳᠤ ᠰᠥᠨᠥᠵᠦ ᠨᠢᠯ ᠶᠠᠭᠠᠨ ᠪᠥᠰ ᠡᠳ᠋ᠯᠡᠳᠡᠭ ᠪᠠᠢᠭᠰᠠᠨ ᠬᠥᠮᠦᠰ ᠦᠨᠡᠰᠦᠨ ᠣᠪᠣᠭᠠᠨ ᠳᠡᠭᠡᠷ᠎ᠡ ᠬᠡᠪᠲᠡᠪᠡ᠃
6 ᠬᠣᠷᠣᠮᠬᠠᠨ ᠵᠠᠭᠤᠷ᠎ᠠ ᠰᠣᠳᠣᠮ ᠲᠤᠰᠠᠯᠠᠮᠵᠢ ᠦᠭᠡᠢ ᠪᠠᠷ ᠬᠥᠮᠥᠷᠢᠭᠦᠯᠦᠭᠰᠡᠨ ᠬᠠᠷᠢᠨ ᠡᠳᠦᠭᠡ ᠠᠷᠠᠳ ᠲᠦᠮᠡᠨ ᠦ ᠮᠢᠨᠢ ᠭᠡᠮ ᠰᠣᠳᠣᠮᠴᠤᠳ ᠤᠨ ᠨᠢᠭᠦᠯ ᠡᠴᠡ ᠬᠦᠨᠳᠦ ᠪᠠᠢᠨ᠎ᠠ᠃
7 ᠶᠡᠬᠡᠰ ᠳᠡᠭᠡᠳᠦᠰ ᠨᠢ ᠴᠠᠰᠤᠨ ᠠᠴᠠ ᠴᠡᠪᠡᠷ᠂ ᠰᠦ᠋ ᠡᠴᠡ ᠴᠠᠭᠠᠨ ᠪᠠᠢᠯ᠎ᠠ ᠪᠡᠶ᠎ᠡ ᠨᠢ ᠱᠢᠷᠦ ᠡᠴᠡ ᠴᠤ ᠤᠯᠠᠭᠠᠬᠠᠨ᠂ ᠦᠵᠡᠮᠵᠢ ᠨᠢ ᠢᠨᠳᠠᠷᠨᠢᠯᠠ ᠮᠡᠲᠦ ᠪᠠᠢᠭᠰᠠᠨ ᠠᠲᠠᠯ᠎ᠠ
8 ᠡᠳᠦᠭᠡ ᠬᠥ᠋ ᠡᠴᠡ ᠴᠤ ᠬᠠᠷ᠎ᠠ ᠬᠠᠷᠠᠭᠳᠠᠵᠤ᠂ ᠭᠤᠳᠤᠮᠵᠢᠨ ᠳᠤ ᠲᠠᠨᠢᠭᠳᠠᠬᠤ ᠦᠭᠡᠢ ᠪᠣᠯᠵᠠᠢ ᠠᠷᠠᠰᠤ ᠨᠢ ᠶᠠᠰᠤᠨ ᠳᠤᠨᠢ ᠨᠠᠭᠠᠯᠳᠤᠵᠤ᠂ ᠮᠣᠳᠣ ᠮᠡᠲᠦ ᠬᠠᠲᠠᠪᠠ᠃
9 ᠲᠠᠷᠢᠶᠠᠨ ᠠᠴᠠ ᠬᠦᠨᠡᠰᠦ ᠣᠯᠳᠠᠬᠤ ᠦᠭᠡᠢ᠂ ᠲᠡᠷᠴᠢᠯᠡᠨ ᠥᠯᠪᠡᠷᠴᠦ ᠦᠬᠦᠭᠰᠡᠳ ᠡᠴᠡ ᠰᠡᠯᠡᠮ᠎ᠡ ᠳᠦ ᠦᠬᠦᠭᠰᠡᠳ ᠨᠢ ᠳᠡᠭᠡᠷ᠎ᠡ᠃
10 ᠥᠬᠢᠨ ᠠᠷᠠᠳ ᠲᠦᠮᠡᠨ ᠮᠢᠨᠢ ᠤᠰᠠᠳᠬᠠᠭᠳᠠᠬᠤ ᠳᠤ ᠥᠷᠥᠪᠴᠢ ᠡᠮᠡᠭᠲᠡᠢᠴᠦᠳ ᠭᠠᠷ ᠢᠶᠠᠷ ᠢᠶᠠᠨ ᠥᠪᠡᠷᠰᠡᠳ ᠦᠨ ᠢᠶᠠᠨ ᠬᠡᠦᠬᠡᠳ ᠤᠳ ᠢ ᠴᠢᠨᠠᠵᠤ ᠬᠣᠭᠣᠯᠠ ᠪᠣᠯᠭᠠᠭᠰᠠᠨ᠃
11 ᠶᠣᠬᠣᠸᠠ ᠠᠭᠤᠷ ᠢᠶᠠᠨ ᠭᠦᠢᠴᠡᠳ ᠭᠠᠷᠭᠠᠨ᠂ ᠰᠢᠷᠦᠭᠦᠨ ᠬᠢᠯᠢᠩ ᠢᠶᠠᠨ ᠠᠰᠬᠠᠵᠤ ᠽᠢᠶᠣᠨ ᠳᠤ ᠭᠠᠯ ᠲᠠᠯᠪᠢᠨ ᠰᠠᠭᠤᠷᠢ ᠶᠢ ᠨᠢ ᠰᠢᠲᠠᠭᠠᠪᠠ᠃
12 ᠥᠰᠲᠡᠨ ᠳᠠᠢᠰᠤᠨ ᠶᠧᠷᠦ᠋ᠰᠠᠯᠧᠮ ᠤᠨ ᠬᠠᠭᠠᠯᠭ᠎ᠠ ᠨᠤᠭᠤᠳ ᠢᠶᠠᠷ ᠣᠷᠣᠨ᠎ᠠ ᠭᠡᠳᠡᠭ ᠢ ᠭᠠᠵᠠᠷ ᠤᠨ ᠬᠠᠭᠠᠳ ᠴᠤ᠂ ᠳᠡᠯᠡᠬᠡᠢ ᠶᠢᠨ ᠰᠠᠭᠤᠭᠠᠯᠢᠴᠢᠳ ᠴᠤ ᠢᠲᠡᠭᠡᠭᠡ ᠦᠭᠡᠢ ᠪᠠᠢᠬᠤ ᠳᠤ᠂
13 ᠲᠡᠢᠮᠦ ᠪᠣᠯᠣᠭᠰᠠᠨ ᠨᠢ ᠡᠰᠢ ᠦᠵᠡᠭᠦᠯᠦᠭᠴᠢᠳ ᠤᠨ ᠨᠢᠭᠦᠯ᠂ ᠲᠠᠬᠢᠯᠴᠢᠳ ᠤᠨ ᠭᠡᠮ ᠦᠨ ᠤᠴᠢᠷ ᠪᠢᠯᠡ᠃ ᠲᠡᠳᠡ ᠬᠣᠲᠠ ᠶᠢᠨ ᠳᠣᠲᠣᠷ᠎ᠠ ᠵᠥᠪᠲᠦ ᠬᠥᠮᠦᠰ ᠦᠨ ᠴᠢᠰᠤ ᠶᠢ ᠤᠷᠤᠰᠬᠠᠭᠰᠠᠨ᠃
14 ᠰᠣᠬᠣᠷ ᠬᠥᠮᠦᠨ ᠮᠡᠲᠦ ᠭᠤᠳᠤᠮᠵᠢᠨ ᠳᠤ ᠲᠡᠮᠲᠡᠴᠢᠬᠦ ᠳᠦᠨᠢ ᠴᠢᠰᠤ ᠪᠠᠷ ᠪᠡᠶ᠎ᠡ ᠪᠡᠨ ᠪᠤᠵᠠᠷᠯᠠᠭᠰᠠᠨ ᠤ ᠬᠢᠨᠢ ᠤᠴᠢᠷ ᠢᠶᠠᠷ ᠬᠡᠨ ᠴᠤ ᠲᠡᠳᠡᠨ ᠦ ᠬᠤᠪᠴᠠᠰᠤᠨ ᠳᠤ ᠭᠠᠷ ᠬᠦᠷᠬᠦ ᠦᠭᠡᠢ ᠪᠠᠢᠪᠠ᠃
15 ᠬᠥᠮᠦᠰ ᠲᠡᠳᠡᠨ ᠳᠦ᠄ 《ᠵᠠᠢᠯᠠ︕ ᠪᠤᠵᠠᠷ ᠪᠠᠢᠨ᠎ᠠ ᠴᠢ》 ᠭᠡᠵᠦ 《ᠵᠠᠢᠯᠠ᠂ ᠵᠠᠢᠯᠠ᠂ ᠪᠦᠦ ᠬᠦᠷ︕》 ᠭᠡᠯᠴᠡᠨ᠎ᠡ ᠵᠢᠭᠤᠲᠠᠵᠤ ᠲᠡᠨᠦᠭᠦᠴᠢᠯᠡᠬᠦ ᠳᠦᠨᠢ ᠬᠠᠷᠢᠴᠤᠳ᠄ 《ᠲᠡᠳᠡᠨ ᠢ ᠪᠦᠦ ᠰᠠᠭᠤᠯᠭ᠎ᠠ》 ᠭᠡᠵᠡᠭᠡᠨ᠎ᠡ᠃
16 ᠶᠣᠬᠣᠸᠠ ᠥᠪᠡᠷ ᠢᠶᠡᠨ ᠲᠡᠳᠡᠨ ᠢ ᠪᠤᠲᠠᠷᠠᠭᠠᠪᠠ ᠲᠡᠳᠡᠨ ᠢ ᠣᠢᠰᠢᠶᠠᠬᠤ ᠪᠠᠨ ᠪᠣᠯᠢᠪᠠ᠂ ᠬᠥᠮᠦᠰ ᠲᠠᠬᠢᠯᠴᠢᠳ ᠢ ᠬᠦᠨᠳᠦᠯᠡᠳᠡᠭ ᠦᠭᠡᠢ ᠠᠬᠠᠯᠠᠭᠴᠢᠳ ᠢ ᠲᠠᠭᠠᠯᠠᠳᠠᠭ ᠦᠭᠡᠢ᠃
17 ᠢᠩᠭᠢᠬᠦ ᠵᠠᠭᠤᠷ᠎ᠠ ᠪᠢᠳᠡ ᠨᠢᠳᠦ ᠪᠡᠨ ᠰᠦᠮᠡᠢᠲᠡᠯᠡ ᠲᠤᠰᠠᠯᠠᠮᠵᠢ ᠬᠠᠢᠭᠰᠠᠨ ᠴᠤ ᠳᠡᠮᠡᠢ ᠪᠠᠢᠯ᠎ᠠ ᠪᠢᠳᠡ ᠠᠪᠤᠷᠠᠬᠤ ᠴᠢᠳᠠᠯ ᠦᠭᠡᠢ ᠦᠨᠳᠦᠰᠦᠲᠡᠨ ᠳᠦ ᠨᠠᠢᠳᠠᠨ ᠨᠠᠢᠳᠠᠵᠠᠢ᠃
18 ᠠᠯᠬᠤᠮ ᠤᠳ ᠢ ᠮᠠᠨᠢ ᠳᠠᠢᠰᠤᠨ ᠮᠥᠷᠳᠡᠳᠡᠭ ᠲᠤᠯᠠ ᠪᠢᠳᠡ ᠭᠤᠳᠤᠮᠵᠢᠨ ᠳᠠᠭᠠᠨ ᠠᠯᠬᠤᠵᠤ ᠴᠢᠳᠠᠬᠤ ᠦᠭᠡᠢ ᠨᠢ᠃ ᠪᠢᠳᠡᠨ ᠦ ᠲᠡᠭᠦᠰᠬᠡᠯ ᠣᠢᠷᠠᠲᠤᠯ᠎ᠠ ᠪᠢᠳᠡᠨ ᠦ ᠡᠳᠦᠷ ᠤᠳ ᠭᠦᠢᠴᠡᠪᠡ᠂ ᠪᠢᠳᠡᠨ ᠦ ᠲᠡᠭᠦᠰᠬᠡᠯ ᠢᠷᠡᠭᠰᠡᠨ᠃
19 ᠪᠢᠳᠡᠨ ᠢ ᠮᠥᠰᠭᠢᠭ᠍ᠴᠢᠳ ᠣᠭᠲᠠᠷᠭᠤᠢ ᠶᠢᠨ ᠪᠦᠷᠭᠦᠳ ᠡᠴᠡ ᠴᠤ ᠬᠤᠷᠳᠤᠨ ᠲᠡᠳᠡ ᠠᠭᠤᠯᠠᠰ ᠢ ᠳᠠᠪᠠᠨ ᠨᠡᠬᠡᠵᠦ ᠴᠥᠯ ᠳᠤ ᠪᠦᠭᠬᠦᠨ ᠬᠦᠯᠢᠶᠡᠬᠦ ᠳᠦ᠂
20 ᠪᠢᠳᠡᠨ ᠦ ᠠᠮᠢᠨ ᠰᠦᠨᠡᠰᠦ᠂ ᠶᠣᠬᠣᠸᠠ ᠶᠢᠨ ᠲᠣᠰᠣᠯᠠᠭᠰᠠᠨ ᠨᠢᠭᠡᠨ ᠲᠡᠳᠡᠨ ᠦ ᠤᠨᠠᠭᠤᠯᠢ ᠳᠤ ᠣᠷᠣᠵᠠᠢ᠃ ᠪᠢᠳᠡ 《ᠬᠠᠷᠢᠴᠤᠳ ᠤᠨ ᠳᠤᠮᠳᠠ ᠪᠠᠢᠪᠠᠴᠤ ᠲᠡᠭᠦᠨ ᠦ ᠰᠡᠭᠦᠳᠡᠷ ᠳᠣᠣᠷ᠎ᠠ ᠠᠮᠢ ᠮᠡᠨᠳᠦ ᠦᠯᠡᠳᠡᠨ᠎ᠡ》 ᠭᠡᠳᠡᠭ ᠪᠠᠢᠯ᠎ᠠ᠃
21 ᠦᠽ ᠤᠨ ᠨᠤᠲᠤᠭ ᠲᠤ ᠰᠠᠭᠤᠳᠠᠭ ᠥᠬᠢᠨ ᠡᠳᠣᠮ ᠡ᠂ ᠪᠠᠶᠠᠷᠯᠠᠨ ᠴᠡᠩᠭᠡᠭᠲᠦᠨ︕ ᠬᠠᠷᠢᠨ ᠴᠢᠮ᠎ᠠ ᠤᠷᠤᠭᠤ ᠴᠤ ᠠᠶᠠᠭ᠎ᠠ ᠢᠷᠡᠬᠦ ᠪᠥᠭᠡᠳ ᠴᠢ ᠰᠣᠭᠲᠣᠵᠤ᠂ ᠨᠢᠴᠦᠭᠦᠯᠡᠬᠦ ᠪᠣᠯᠣᠨ᠎ᠠ᠃
22 ᠥᠬᠢᠨ ᠽᠢᠶᠣᠨ ᠡ᠂ ᠭᠡᠮ ᠪᠤᠷᠤᠭᠤ ᠶᠢᠨ ᠴᠢᠨᠢ ᠰᠢᠳᠬᠡᠯ ᠭᠦᠢᠴᠡᠯ᠎ᠡ ᠲᠡᠷᠡ ᠪᠡᠷ ᠴᠢᠮᠠᠶᠢ ᠴᠥᠯᠡᠯᠭᠡ ᠳᠦ ᠣᠷᠬᠢᠬᠤ ᠦᠭᠡᠢ ᠬᠠᠷᠢᠨ ᠥᠬᠢᠨ ᠡᠳᠣᠮ ᠡ᠂ ᠭᠡᠮ ᠪᠤᠷᠤᠭᠤ ᠶᠢ ᠴᠢᠨᠢ ᠲᠡᠷᠡ ᠰᠢᠳᠬᠡᠬᠦ ᠪᠥᠭᠡᠳ ᠨᠢᠭᠦᠯ ᠤᠳ ᠢ ᠴᠢᠨᠢ ᠢᠯᠡ ᠭᠠᠷᠭᠠᠨ᠎ᠠ᠃