1 2 3


ᠬᠠᠪᠠᠺᠦ᠋ᠺ ᠨᠢᠭᠡ

1 ᠡᠰᠢ ᠦᠵᠡᠭᠦᠯᠦᠭᠴᠢ ᠬᠠᠪᠠᠺᠦ᠋ᠺ ᠤᠨ ᠦᠵᠡᠭᠰᠡᠨ ᠰᠡᠷᠡᠮᠵᠢᠯᠡᠭᠦᠯᠦᠯᠭᠡ᠄
 ᠡᠰᠢ ᠦᠵᠡᠭᠦᠯᠦᠭᠴᠢ ᠶᠢᠨ ᠭᠣᠮᠣᠳᠠᠯ
2 ᠶᠣᠬᠣᠸᠠ᠂ ᠪᠢ ᠬᠡᠳᠦᠢ ᠪᠣᠯᠲᠠᠯ᠎ᠠ ᠬᠠᠰᠬᠢᠷᠴᠤ ᠲᠠ ᠰᠣᠨᠣᠰᠬᠤ ᠦᠭᠡᠢ ᠪᠠᠢᠭᠰᠠᠭᠠᠷ ᠪᠠᠢᠬᠤ ᠶᠤᠮ ᠪᠤᠢ︖ 《ᠬᠦᠴᠦᠷᠬᠡᠭᠯᠡᠯ︕》 ᠬᠡᠮᠡᠨ ᠪᠢ ᠲᠠᠨ ᠤᠷᠤᠭᠤ ᠣᠷᠢᠯᠠᠪᠠᠴᠤ ᠲᠠ ᠠᠪᠤᠷᠠᠬᠤ ᠦᠭᠡᠢ ᠪᠠᠢᠭᠰᠠᠭᠠᠷ ᠪᠠᠢᠨ᠎ᠠ᠃
3 ᠲᠠ ᠶᠠᠭᠠᠬᠢᠭᠠᠳ ᠨᠠᠳᠠ ᠳᠤ ᠭᠡᠮ ᠪᠤᠷᠤᠭᠤ ᠶᠢ ᠦᠵᠡᠭᠦᠯᠵᠦ ᠭᠠᠢ ᠵᠣᠪᠠᠯᠠᠩ ᠢ ᠬᠠᠷᠠᠭᠰᠠᠭᠠᠷ ᠯᠠ ᠪᠠᠢᠨ᠎ᠠ ᠪᠤᠢ︖ ᠬᠣᠬᠢᠷᠠᠭᠤᠯᠤᠯ ᠪᠠ ᠬᠦᠴᠦᠷᠬᠡᠭᠯᠡᠯ ᠮᠢᠨᠦ ᠡᠮᠦᠨ᠎ᠡ ᠪᠠᠢᠨ᠎ᠠ ᠬᠡᠷᠡᠭᠦᠯ ᠭᠠᠷᠴᠤ᠂ ᠲᠡᠮᠡᠴᠡᠯ ᠥᠷᠨᠢᠵᠦ ᠪᠠᠢᠨ᠎ᠠ᠃
4 ᠲᠡᠢᠮᠦ ᠡᠴᠡ ᠬᠠᠤᠯᠢ ᠰᠤᠯᠠᠷᠠᠵᠤ ᠰᠢᠳᠤᠷᠭᠤ ᠶᠣᠰᠣ ᠨᠢ ᠶᠡᠷᠦ ᠬᠡᠷᠡᠭᠵᠢᠬᠦ ᠦᠭᠡᠢ ᠪᠠᠢᠨ᠎ᠠ ᠪᠤᠷᠤᠭᠤᠲᠠᠨ ᠨᠢ ᠵᠥᠪᠲᠡᠨ ᠢ ᠪᠦᠰᠡᠯᠡᠵᠦ ᠪᠠᠢᠭ᠎ᠠ ᠲᠤᠯᠠ ᠰᠢᠳᠤᠷᠭᠤ ᠶᠣᠰᠣ ᠭᠠᠵᠢᠭᠤ ᠪᠠᠷ ᠬᠡᠷᠡᠭᠵᠢᠵᠦ ᠪᠠᠢᠨ᠎ᠠ᠃
 ᠪᠤᠷᠬᠠᠨ ᠤ ᠬᠠᠷᠢᠭᠤ
5 ᠲᠠ ᠨᠠᠷ ᠡᠷᠭᠢᠨ ᠲᠣᠭᠣᠷᠢᠨ ᠤ ᠪᠠᠨ ᠦᠨᠳᠦᠰᠦᠲᠡᠨ ᠨᠦᠭᠦᠳ ᠤᠷᠤᠭᠤ ᠬᠠᠷᠠᠭᠠᠳ ᠦᠵᠡᠵᠡᠭᠡ᠂ ᠭᠠᠢᠬᠠᠵᠠᠭ᠎ᠠ᠂ ᠲᠠ ᠨᠠᠷ ᠤᠨ ᠡᠳᠦᠷ ᠤᠳ ᠲᠤ ᠪᠢ ᠨᠢᠭᠡ ᠦᠢᠯᠡ ᠶᠢ ᠬᠢᠨ᠎ᠡ ᠲᠡᠭᠦᠨ ᠢ ᠬᠡᠨ ᠨᠢᠭᠡᠨ ᠨᠢ ᠥᠭᠦᠯᠡᠭᠰᠡᠨ ᠴᠤ ᠲᠠ ᠨᠠᠷ ᠶᠡᠷᠦ ᠢᠲᠡᠭᠡᠬᠦ ᠦᠭᠡᠢ᠂
6 ᠬᠠᠷᠠ᠂ ᠪᠢ ᠪᠠᠪᠢᠯᠣᠨᠴᠤᠳ ᠢ ᠪᠣᠰᠬᠠᠵᠤ ᠪᠠᠢᠨ᠎ᠠ ᠲᠡᠳᠡ ᠪᠣᠯ ᠳᠣᠭᠰᠢᠨ᠂ ᠲᠦᠷᠭᠡᠨ ᠵᠠᠩ ᠲᠠᠢ ᠦᠨᠳᠦᠰᠦᠲᠡᠨ ᠠᠭᠤᠳᠠᠮ ᠭᠠᠵᠠᠷ ᠤᠳ ᠢᠶᠠᠷ ᠶᠠᠪᠤᠵᠤ ᠥᠪᠡᠷ ᠦᠨ ᠢᠶᠠᠨ ᠪᠤᠰᠤ ᠨᠤᠲᠤᠭ ᠢ ᠡᠵᠡᠯᠡᠵᠦ ᠪᠠᠢᠨ᠎ᠠ᠃
7 ᠲᠡᠳᠡ ᠠᠶᠤᠮᠰᠢᠭᠲᠠᠢ ᠰᠢᠷᠦᠭᠦᠨ ᠬᠥᠮᠦᠰ ᠳᠤᠷ᠎ᠠ ᠵᠣᠷᠢᠭ ᠢᠶᠠᠷ ᠢᠶᠠᠨ ᠰᠢᠭᠦᠵᠦ ᠠᠯᠪᠠᠳᠠᠳᠠᠭ᠃
8 ᠲᠡᠳᠡᠨ ᠦ ᠬᠦᠯᠦᠭ ᠤᠳ ᠢᠷᠪᠢᠰ ᠡᠴᠡ ᠴᠤ ᠬᠤᠷᠳᠤᠨ ᠦᠳᠡᠰᠢ ᠶᠢᠨ ᠴᠢᠨᠣ᠎ᠠ ᠠᠴᠠ ᠴᠤ ᠳᠣᠭᠰᠢᠨ ᠲᠡᠳᠡᠨ ᠦ ᠮᠣᠷᠢᠲᠠᠳ ᠳᠠᠪᠬᠢᠨ ᠢᠷᠡᠨ᠎ᠡ ᠬᠣᠯᠠ ᠠᠴᠠ ᠢᠳᠡᠰᠢ ᠤᠷᠤᠭᠤ ᠳᠠᠭᠠᠷᠢᠬᠤ ᠪᠦᠷᠭᠦᠳ ᠮᠡᠲᠦ ᠬᠠᠯᠢᠨ ᠢᠷᠡᠨ᠎ᠡ᠃
9 ᠲᠡᠳᠡ ᠨᠢᠭᠤᠷ ᠢᠶᠠᠨ ᠤᠷᠤᠭᠰᠢ ᠴᠢᠭᠯᠡᠭᠦᠯᠵᠦ ᠪᠦᠭᠦᠳᠡᠭᠡᠷ ᠢᠶᠡᠨ ᠬᠦᠴᠦᠷᠬᠡᠭᠯᠡᠬᠦ ᠪᠡᠷ ᠢᠷᠡᠵᠦ ᠡᠯᠡᠰᠦ ᠮᠡᠲᠦ ᠣᠯᠠᠨ ᠣᠯᠵᠠᠯᠠᠭᠳᠠᠭᠰᠠᠳ ᠢ ᠬᠤᠷᠢᠶᠠᠨ᠎ᠠ᠃
10 ᠲᠡᠳᠡ ᠬᠠᠭᠠᠳ ᠢ ᠳᠣᠷᠣᠮᠵᠢᠯᠠᠵᠤ᠂ ᠨᠣᠶᠠᠳ ᠢ ᠳᠣᠭᠣᠭᠢᠯᠠᠨ᠎ᠠ ᠲᠡᠳᠡ ᠪᠡᠬᠢᠯᠡᠯᠲᠡ ᠪᠣᠯᠭᠠᠨ ᠢ ᠪᠠᠰᠤᠮᠵᠢᠯᠠᠵᠤ ᠲᠡᠳᠡᠭᠡᠷ ᠢ ᠡᠵᠡᠯᠡᠬᠦ ᠪᠡᠷ ᠰᠢᠷᠣᠢ ᠶᠢᠨ ᠣᠪᠣᠭ᠎ᠠ ᠪᠣᠰᠬᠠᠨ᠎ᠠ᠃
11 ᠲᠡᠳᠡ ᠰᠠᠯᠬᠢ ᠮᠡᠲᠦ ᠱᠦᠭᠦᠷᠳᠡᠵᠦ ᠥᠩᠭᠡᠷᠡᠨ᠎ᠡ ᠲᠡᠳᠡ ᠪᠣᠯ ᠭᠡᠮᠲᠡᠨ ᠥᠪᠡᠷᠰᠡᠳ ᠦᠨ ᠬᠢᠨᠢ ᠬᠦᠴᠦ ᠴᠢᠳᠠᠯ ᠥᠪᠡᠷᠰᠡᠳ ᠦᠨ ᠬᠢᠨᠢ ᠪᠤᠷᠬᠠᠨ ᠪᠣᠯᠳᠠᠭ᠃
 ᠳᠠᠷᠠᠭᠠᠬᠢ ᠭᠣᠮᠣᠳᠠᠯ
12 ᠬᠠᠷᠢᠨ ᠲᠠ ᠥᠨᠢ ᠮᠥᠩᠬᠡ ᠶᠢᠨ ᠪᠢᠰᠢ ᠤᠤ︖ ᠶᠣᠬᠣᠸᠠ᠂ ᠮᠢᠨᠦ ᠪᠤᠷᠬᠠᠨ᠂ ᠮᠢᠨᠦ ᠠᠷᠢᠭᠤᠨ ᠨᠢᠭᠡᠨ ᠡ᠂ ᠪᠢᠳᠡ ᠦᠬᠦᠬᠦ ᠦᠭᠡᠢ᠂ ᠶᠣᠬᠣᠸᠠ ᠲᠠ ᠰᠢᠳᠬᠡᠯ ᠦᠨ ᠲᠥᠯᠥᠭᠡ ᠲᠡᠳᠡᠨ ᠢ ᠲᠠᠯᠪᠢᠭᠰᠠᠨ ᠬᠠᠳᠠ ᠮᠢᠨᠢ᠂ ᠲᠠ ᠭᠡᠰᠬᠡᠯᠲᠡ ᠶᠢᠨ ᠲᠥᠯᠥᠭᠡ ᠲᠡᠳᠡᠨ ᠢ ᠲᠣᠮᠢᠯᠠᠭᠰᠠᠨ᠃
13 ᠲᠠᠨ ᠤ ᠮᠡᠯᠮᠡᠢ ᠲᠤᠩ᠋ᠭᠠᠯᠠᠭ ᠪᠣᠯᠬᠣᠷ ᠮᠠᠭᠤ ᠶᠢ ᠦᠵᠡᠵᠦ ᠴᠢᠳᠠᠬᠤ ᠦᠭᠡᠢ ᠭᠠᠢ ᠵᠣᠪᠠᠯᠠᠩ ᠢ ᠵᠦᠭᠡᠷ ᠯᠠ ᠬᠠᠷᠠᠵᠤ ᠲᠦᠪᠳᠡᠬᠦ ᠦᠭᠡᠢ ᠶᠠᠭᠠᠬᠢᠭᠠᠳ ᠲᠠ ᠬᠣᠷᠣᠨ ᠰᠠᠨᠠᠭᠠᠲᠠᠨ ᠢ ᠵᠦᠭᠡᠷ ᠯᠠ ᠬᠠᠷᠠᠨ᠎ᠠ ᠪᠤᠢ︖ ᠪᠤᠷᠤᠭᠤᠲᠠᠨ ᠥᠪᠡᠷ ᠡᠴᠡ ᠨᠢ ᠵᠥᠪᠲᠦ ᠨᠢᠭᠡᠨ ᠢ ᠵᠠᠯᠭᠢᠵᠤ ᠪᠠᠢᠬᠤ ᠳᠤ᠂ ᠶᠠᠭᠠᠬᠢᠭᠠᠳ ᠲᠠ ᠴᠢᠮᠡᠭᠡ ᠦᠭᠡᠢ ᠪᠠᠢᠨ᠎ᠠ ᠪᠤᠢ︖
14 ᠶᠠᠭᠠᠬᠢᠭᠠᠳ ᠲᠠ ᠬᠥᠮᠦᠨ ᠢ ᠳᠠᠯᠠᠢ ᠶᠢᠨ ᠵᠢᠭᠠᠰᠤ ᠮᠡᠲᠦ ᠵᠠᠬᠢᠷᠤᠭᠴᠢ ᠦᠭᠡᠢ ᠮᠥᠯᠬᠥᠭᠴᠢ ᠠᠮᠢᠲᠠᠨ ᠮᠡᠲᠦ ᠪᠦᠲᠦᠭᠡᠪᠡ︖
15 ᠪᠠᠪᠢᠯᠣᠨᠴᠤᠳ ᠲᠡᠳᠡᠨ ᠦ ᠪᠦᠭᠦᠳᠡ ᠶᠢ ᠳᠡᠭᠡᠭᠡ ᠪᠡᠷ ᠳᠡᠭᠡᠭᠡᠯᠡᠵᠦ ᠲᠣᠣᠷ ᠢᠶᠠᠷ ᠢᠶᠠᠨ ᠪᠠᠷᠢᠨ᠂ ᠤᠭᠤᠲᠠᠨ ᠳᠠᠭᠠᠨ ᠴᠤᠭᠯᠠᠭᠤᠯᠵᠤ ᠲᠡᠭᠦᠨ ᠢᠶᠡᠷ ᠢᠶᠠᠨ ᠪᠠᠶᠠᠷᠯᠠᠯᠳᠤᠨ ᠬᠥᠭᠡᠷᠳᠡᠭ᠃
16 ᠡᠢᠮᠦ ᠡᠴᠡ ᠲᠡᠳᠡ ᠲᠣᠣᠷ ᠤᠨ ᠢᠶᠠᠨ ᠠᠴᠢ ᠪᠠᠷ ᠲᠠᠩᠰᠤᠭ ᠠᠮᠢᠳᠤᠷᠠᠵᠤ᠂ ᠥᠭᠡᠬᠦ ᠪᠡᠷ ᠬᠣᠭᠣᠯᠠᠯᠠᠬᠤ ᠪᠣᠯᠣᠯ᠎ᠠ ᠭᠡᠳ ᠲᠣᠣᠷ ᠤᠨ ᠢᠶᠠᠨ ᠡᠮᠦᠨ᠎ᠡ ᠲᠠᠬᠢᠯ ᠡᠷᠭᠦᠵᠦ᠂ ᠤᠭᠤᠲᠠᠨ ᠤ ᠪᠠᠨ ᠡᠮᠦᠨ᠎ᠡ ᠤᠲᠤᠯᠭ᠎ᠠ ᠤᠭᠤᠭᠢᠭᠤᠯᠳᠠᠭ᠃

17 ᠲᠡᠳᠡ ᠲᠣᠣᠷ ᠢᠶᠠᠨ ᠶᠡᠭᠦᠯᠡᠭᠰᠡᠭᠡᠷ᠂ ᠦᠨᠳᠦᠰᠦᠲᠡᠨ ᠨᠦᠭᠦᠳ ᠢ ᠬᠠᠢᠷ᠎ᠠ ᠨᠠᠢᠷ ᠦᠭᠡᠢ ᠬᠢᠳᠤᠭᠰᠠᠭᠠᠷ ᠪᠠᠢᠵᠤ ᠪᠣᠯᠣᠨ᠎ᠠ ᠭᠡᠵᠢ ᠤᠤ︖