ᠣᠪᠠᠳᠢᠶ᠎ᠠ
ᠳᠡᠭᠡᠷᠡᠩᠭᠦᠢ ᠡᠳᠣᠮ ᠳᠣᠷᠣᠢᠲᠠᠨ᠎ᠠ
1 ᠣᠪᠠᠳᠢᠶ᠎ᠠ ᠶᠢᠨ ᠦᠵᠡᠭᠰᠡᠨ ᠦᠵᠡᠭᠳᠡᠯ᠄ ᠡᠳᠣᠮ ᠤᠨ ᠲᠤᠬᠠᠢ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ ᠪᠢᠳᠡ ᠶᠣᠬᠣᠸᠠ ᠠᠴᠠ ᠡᠨᠡ ᠬᠦ ᠮᠡᠳᠡᠭᠡ ᠶᠢ ᠰᠣᠨᠣᠰᠣᠯ᠎ᠠ᠂ ᠡᠯᠴᠢ ᠦᠨᠳᠦᠰᠦᠲᠡᠨ ᠨᠦᠭᠦᠳ ᠲᠦ ᠢᠯᠡᠭᠡᠭᠳᠡᠨ᠄ 《ᠪᠣᠰᠴᠠᠭ᠎ᠠ᠂ ᠡᠳᠣᠮ ᠲᠠᠢ ᠳᠠᠢᠲᠤᠬᠤ ᠪᠠᠷ ᠪᠣᠰᠴᠠᠭᠠᠶᠠ》 ᠭᠡᠨ᠎ᠡ᠃
2 《ᠬᠠᠷ᠎ᠠ᠂ ᠪᠢ ᠴᠢᠮᠠᠶᠢ ᠦᠨᠳᠦᠰᠦᠲᠡᠨ ᠨᠦᠭᠦᠳ ᠦᠨ ᠳᠤᠮᠳᠠ ᠥᠴᠦᠬᠡᠨ ᠪᠣᠯᠭᠠᠨ᠎ᠠ ᠴᠢ ᠶᠡᠬᠡᠳᠡ ᠪᠠᠰᠤᠮᠵᠢᠯᠠᠭᠳᠠᠨᠠ︕
3 ᠬᠠᠳᠠᠨ ᠤ ᠠᠩ ᠳᠤ ᠣᠷᠣᠩᠨᠠᠨ᠂ ᠭᠠᠵᠠᠷ ᠤᠨ ᠥᠨᠳᠥᠷᠯᠢᠭ ᠲᠤ ᠰᠠᠭᠤᠵᠤ᠂ ᠵᠢᠷᠦᠬᠡᠨ ᠳᠣᠲᠣᠷ᠎ᠠ ᠪᠠᠨ᠄ 〈ᠬᠡᠨ ᠨᠠᠮᠠᠶᠢ ᠭᠠᠵᠠᠷ ᠲᠤ ᠪᠠᠭᠤᠯᠭᠠᠬᠤ ᠪᠤᠢ︖〉 ᠭᠡᠳᠡᠭ ᠴᠢ ᠵᠢᠷᠦᠬᠡᠨ ᠦ ᠴᠢᠨᠢ ᠪᠠᠷᠳᠠᠮᠨᠠᠯ ᠥᠪᠡᠷ ᠢ ᠴᠢᠨᠢ ᠪᠠᠴᠢᠯᠠᠵᠠᠢ᠃
4 ᠥᠨᠳᠥᠷ ᠲᠦ ᠪᠦᠷᠭᠦᠳ ᠮᠡᠲᠦ ᠬᠠᠯᠢᠭᠰᠠᠨ ᠴᠤ ᠡᠭᠦᠷ ᠢᠶᠡᠨ ᠣᠳᠣᠳ ᠤᠨ ᠳᠤᠮᠳᠠ ᠵᠠᠰᠠᠭᠰᠠᠨ ᠴᠤ ᠴᠢᠮᠠᠶᠢ ᠪᠢ ᠲᠡᠨᠳᠡ ᠡᠴᠡ ᠪᠠᠭᠤᠯᠭᠠᠨ᠎ᠠ᠂》 ᠶᠣᠬᠣᠸᠠ ᠠᠢᠯᠠᠳᠴᠤ ᠪᠠᠢᠨ᠎ᠠ᠃
5 《ᠲᠠᠨ ᠤ ᠳᠤ ᠬᠤᠯᠠᠭᠠᠢᠴᠢᠳ ᠢᠷᠡᠭᠰᠡᠨ ᠴᠤ ᠳᠡᠭᠡᠷᠡᠮᠴᠢᠳ ᠰᠥᠨᠢ ᠪᠠᠷ ᠣᠷᠣᠭᠰᠠᠨ ᠴᠤ ᠬᠦᠰᠡᠭᠰᠡᠨ ᠢᠶᠡᠨ ᠯᠠ ᠠᠪᠬᠤ ᠪᠢᠰᠢ ᠤᠤ︖ ᠦᠵᠦᠮ ᠬᠤᠷᠢᠶᠠᠭᠴᠢᠳ ᠢᠷᠡᠭᠰᠡᠨ ᠴᠤ ᠵᠠᠷᠢᠮ ᠢ ᠨᠢ ᠦᠯᠡᠳᠡᠭᠡᠬᠦ ᠪᠢᠰᠢ ᠤᠤ︖ ᠬᠠᠷᠢᠨ ᠴᠢ ᠪᠦᠷᠢᠮᠦᠰᠦᠨ ᠤᠰᠠᠳᠬᠠᠭᠳᠠᠨ᠎ᠠ
6 ᠡᠰᠡᠦ᠋ ᠪᠦᠷᠢᠮᠦᠰᠦᠨ ᠨᠡᠩᠵᠢᠭᠦᠯᠵᠦ ᠨᠢᠭᠤᠭᠰᠠᠨ ᠡᠷᠳᠡᠨᠢᠰ ᠢᠶᠠᠨ ᠪᠦᠷᠢᠮᠦᠰᠦᠨ ᠲᠣᠨᠣᠭᠤᠯᠤᠨᠠ᠃
7 ᠬᠣᠯᠪᠣᠭᠠᠲᠠᠳ ᠴᠢᠨᠢ ᠪᠦᠭᠦᠳᠡᠭᠡᠷ ᠴᠢᠮᠠᠶᠢ ᠬᠢᠯᠢ ᠬᠦᠷᠲᠡᠯ᠎ᠡ ᠬᠥᠭᠡᠭᠡᠵᠦ ᠬᠠᠨᠢ ᠨᠥᠬᠥᠳ ᠴᠢᠨᠢ ᠴᠢᠮᠠᠶᠢ ᠬᠠᠭᠤᠷᠬᠤ ᠪᠥᠭᠡᠳ ᠳᠡᠢᠯᠦᠨ᠎ᠡ ᠬᠣᠭᠣᠯᠠᠨ ᠠᠴᠠ ᠴᠢᠨᠢ ᠢᠳᠡᠭᠴᠢᠳ ᠴᠢᠨᠦ ᠡᠮᠦᠨ᠎ᠡ ᠴᠠᠯᠮ᠎ᠠ ᠲᠠᠯᠪᠢᠭᠰᠠᠨ ᠴᠤ ᠲᠡᠭᠦᠨ ᠢ ᠨᠢ ᠴᠢ ᠠᠩᠵᠠᠭᠠᠷᠠᠬᠤ ᠦᠭᠡᠢ᠃》
8 ᠶᠣᠬᠣᠸᠠ ᠠᠢᠯᠠᠳᠴᠤ ᠪᠠᠢᠨ᠎ᠠ᠄ 《ᠲᠡᠷᠡ ᠡᠳᠦᠷ ᠪᠢ ᠡᠳᠣᠮ ᠠᠴᠠ ᠮᠡᠷᠭᠡᠳ ᠢ ᠡᠰᠡᠦ᠋ ᠶᠢᠨ ᠠᠭᠤᠯᠠᠰ ᠠᠴᠠ ᠤᠬᠠᠭᠠᠨᠲᠠᠳ ᠢ ᠤᠰᠠᠳᠬᠠᠬᠤ ᠦᠭᠡᠢ ᠭᠡᠵᠢ ᠤᠤ︖
9 ᠳᠠᠢᠴᠢᠨ ᠡᠷᠡᠰ ᠴᠢᠨᠢ ᠤᠷᠮ᠎ᠠ ᠬᠤᠭᠤᠷᠠᠨ᠎ᠠ᠂ ᠲᠧᠮᠠᠨ ᠡ᠂ ᠡᠰᠡᠦ᠋ ᠶᠢᠨ ᠠᠭᠤᠯᠠᠨ ᠤ ᠬᠢᠨ ᠪᠦᠷ ᠬᠢᠳᠤᠯᠭ᠎ᠠ ᠪᠠᠷ ᠲᠠᠰᠤᠯᠤᠭᠳᠠᠨ᠎ᠠ᠃
ᠳᠡᠭᠦᠦ ᠪᠡᠨ ᠵᠣᠪᠠᠭᠠᠭᠰᠠᠨ ᠤ ᠬᠠᠷᠢᠭᠤ
10 ᠳᠡᠭᠦᠦ ᠶᠠᠺᠣᠪ ᠲᠠᠭᠠᠨ ᠦᠢᠯᠡᠳᠦᠭᠰᠡᠨ ᠬᠦᠴᠦᠷᠬᠡᠭᠯᠡᠯ ᠡᠴᠡ ᠪᠡᠨ ᠪᠣᠯᠵᠤ ᠴᠢ ᠢᠴᠢᠭᠦᠷᠢ ᠳᠤ ᠪᠦᠷᠬᠦᠭᠳᠡᠵᠦ ᠡᠭᠡᠨᠡᠭᠲᠡ ᠲᠠᠰᠤᠯᠤᠭᠳᠠᠬᠤ ᠪᠣᠯᠣᠨ᠎ᠠ᠃
11 ᠴᠢ ᠵᠠᠢᠳᠠᠭᠤ ᠵᠣᠭᠰᠣᠵᠤ ᠪᠠᠢᠭᠰᠠᠨ ᠲᠡᠷᠡ ᠡᠳᠦᠷ ᠬᠠᠷᠢᠴᠤᠳ ᠲᠡᠭᠦᠨ ᠦ ᠡᠳ᠋ ᠪᠠᠶᠠᠯᠢᠭ ᠢ ᠲᠣᠨᠣᠨ᠂ ᠭᠠᠳᠠᠨ᠎ᠠ ᠶᠢᠨ ᠬᠢᠨ ᠲᠡᠭᠦᠨ ᠦ ᠬᠠᠭᠠᠯᠭ᠎ᠠ ᠪᠠᠷ ᠣᠷᠣᠨ ᠶᠧᠷᠦ᠋ᠰᠠᠯᠧᠮ ᠢ ᠬᠤᠪᠢᠶᠠᠬᠤ ᠪᠠᠷ ᠰᠢᠪᠠᠭ᠎ᠠ ᠬᠠᠶᠠᠭᠰᠠᠨ ᠲᠡᠷᠡ ᠡᠳᠦᠷ ᠴᠢ ᠴᠤ ᠲᠡᠳᠡᠨ ᠲᠡᠢ ᠠᠳᠠᠯᠢ ᠪᠠᠢᠭᠰᠠᠨ᠂
12 ᠬᠠᠷᠢᠨ ᠳᠡᠭᠦᠦ ᠶᠢᠨ ᠢᠶᠠᠨ ᠲᠡᠷᠡ ᠡᠳᠦᠷ᠂ ᠵᠣᠯ ᠦᠭᠡᠢ ᠲᠡᠷᠡ ᠡᠳᠦᠷ ᠢ ᠨᠢ ᠲᠠᠪᠠᠯᠠᠨ ᠬᠠᠷᠠᠬᠤ᠂ ᠰᠦᠢᠷᠡᠯ ᠦᠨ ᠡᠳᠦᠷ ᠢᠶᠡᠷ ᠨᠢ ᠶᠦᠳᠠᠴᠤᠳ ᠤᠨ ᠡᠮᠦᠨ᠎ᠡ ᠪᠠᠶᠠᠰᠤᠨ᠂ ᠵᠣᠪᠠᠯᠠᠩ ᠤᠨ ᠡᠳᠦᠷ ᠨᠢ ᠪᠠᠷᠳᠠᠮᠨᠠᠬᠤ ᠶᠣᠰᠣ ᠦᠭᠡᠢ ᠪᠠᠢᠭᠰᠠᠨ᠂
13 ᠠᠷᠠᠳ ᠲᠦᠮᠡᠨ ᠦ ᠮᠢᠨᠢ ᠭᠠᠮᠰᠢᠭ ᠤᠨ ᠡᠳᠦᠷ ᠬᠠᠭᠠᠯᠭ᠎ᠠ ᠪᠠᠷ ᠨᠢ ᠬᠠᠯᠳᠠᠨ ᠣᠷᠣᠬᠤ᠂ ᠭᠠᠮᠰᠢᠭ ᠤᠨ ᠬᠢᠨᠢ ᠡᠳᠦᠷ ᠭᠠᠢ ᠵᠣᠪᠠᠯᠠᠩ ᠢ ᠨᠢ ᠲᠠᠪᠠᠯᠠᠨ ᠬᠠᠷᠠᠬᠤ᠂ ᠭᠠᠮᠰᠢᠭ ᠤᠨ ᠬᠢᠨᠢ ᠡᠳᠦᠷ ᠡᠳ᠋ ᠬᠥᠷᠥᠩᠭᠡ ᠳᠦᠨᠢ ᠬᠦᠷᠬᠦ ᠶᠣᠰᠣ ᠦᠭᠡᠢ ᠪᠠᠢᠭᠰᠠᠨ᠂
14 ᠣᠷᠭᠣᠳᠤᠤᠯ ᠤᠳ ᠢ ᠨᠢ ᠴᠠᠪᠴᠢᠬᠤ ᠭᠡᠵᠦ ᠠᠭᠤᠯᠵᠠᠷ ᠵᠠᠮ ᠳᠡᠭᠡᠷ᠎ᠡ ᠵᠣᠭᠰᠣᠬᠤ᠂ ᠠᠮᠢᠳᠤ ᠦᠯᠡᠳᠡᠭᠰᠡᠳ ᠢ ᠨᠢ ᠵᠣᠪᠠᠯᠠᠩ ᠤᠨ ᠡᠳᠦᠷ ᠲᠤᠰᠢᠶᠠᠬᠤ ᠶᠣᠰᠣ ᠦᠭᠡᠢ ᠪᠠᠢᠭᠰᠠᠨ᠃
15 ᠪᠦᠬᠦ ᠦᠨᠳᠦᠰᠦᠲᠡᠨ ᠦ ᠳᠡᠭᠡᠷ᠎ᠡ ᠶᠣᠬᠣᠸᠠ ᠶᠢᠨ ᠡᠳᠦᠷ ᠣᠢᠷᠠᠲᠤᠯ᠎ᠠ ᠦᠢᠯᠡᠳᠦᠭᠰᠡᠨ ᠦ ᠴᠢᠨᠢ ᠳᠠᠭᠠᠤ ᠴᠢᠮ᠎ᠠ ᠳᠤ ᠦᠢᠯᠡᠳᠦᠭᠳᠡᠨᠡ ᠦᠢᠯᠡᠰ ᠴᠢᠨᠢ ᠥᠪᠡᠷ ᠦᠨ ᠴᠢᠨᠢ ᠲᠣᠯᠣᠭᠠᠢ ᠳᠡᠭᠡᠷ᠎ᠡ ᠪᠤᠴᠠᠨ᠎ᠠ᠃
16 ᠠᠷᠢᠭᠤᠨ ᠠᠭᠤᠯᠠᠨ ᠳᠡᠭᠡᠷ᠎ᠡ ᠮᠢᠨᠢ ᠲᠠ ᠨᠠᠷ ᠤᠨ ᠤᠤᠭᠤᠭᠰᠠᠨ ᠲᠠᠢ ᠠᠳᠠᠯᠢ ᠠᠯᠢᠪᠠ ᠦᠨᠳᠦᠰᠦᠲᠡᠨ ᠦᠷᠭᠦᠯᠵᠢᠯᠡᠨ ᠤᠤᠭᠤᠬᠤ ᠪᠥᠭᠡᠳ ᠤᠤᠭᠤᠵᠤ᠂ ᠵᠠᠯᠭᠢᠯᠠᠵᠤ ᠪᠠᠢᠭᠰᠠᠨ ᠢᠶᠠᠨ᠂ ᠬᠡᠵᠢᠶ᠎ᠡ ᠴᠤ ᠪᠠᠢᠭ᠎ᠠ ᠦᠭᠡᠢ ᠮᠡᠲᠦ ᠪᠣᠯᠣᠨ᠎ᠠ᠃
ᠡᠴᠦᠰ ᠦᠨ ᠢᠯᠠᠯᠲᠠ
17 ᠭᠡᠪᠡᠴᠦ ᠽᠢᠶᠣᠨ ᠠᠭᠤᠯᠠᠨ ᠳᠡᠭᠡᠷ᠎ᠡ ᠠᠪᠤᠷᠠᠯ ᠪᠤᠢ ᠲᠡᠷᠡ ᠠᠭᠤᠯᠠ ᠠᠷᠢᠭᠤᠨ ᠪᠠᠢᠬᠤ ᠪᠣᠯᠣᠨ᠎ᠠ ᠶᠠᠺᠣᠪ ᠤᠨ ᠭᠡᠷ ᠦᠨ ᠬᠢᠨ ᠥᠮᠴᠢ ᠪᠠᠨ ᠡᠵᠡᠮᠰᠢᠨ᠎ᠡ᠃
18 ᠶᠠᠺᠣᠪ ᠤᠨ ᠭᠡᠷ ᠭᠠᠯ᠂ ᠶᠣᠰᠧᠹ ᠤᠨ ᠭᠡᠷ ᠳᠥᠯᠥ ᠪᠣᠯ᠂ ᠡᠰᠡᠦ᠋ ᠶᠢᠨ ᠭᠡᠷ ᠰᠦᠷᠡᠯ ᠮᠡᠲᠦ ᠪᠣᠯᠣᠨ᠎ᠠ᠂ ᠲᠡᠳᠡ ᠲᠡᠭᠦᠨ ᠢ ᠵᠠᠯᠭᠢᠬᠤ ᠪᠥᠭᠡᠳ ᠡᠰᠡᠦ᠋ ᠶᠢᠨ ᠭᠡᠷ ᠡᠴᠡ ᠬᠡᠨ ᠴᠤ ᠠᠮᠢᠳᠤ ᠦᠯᠡᠳᠡᠬᠦ ᠦᠭᠡᠢ᠂》 ᠶᠣᠬᠣᠸᠠ ᠠᠢᠯᠠᠳᠪᠠ᠃
19 ᠡᠮᠦᠨ᠎ᠡ ᠨᠤᠲᠤᠭ ᠤᠨ ᠬᠢᠨ ᠡᠰᠡᠦ᠋ ᠶᠢᠨ ᠠᠭᠤᠯᠠᠰ ᠢ ᠲᠠᠯ᠎ᠠ ᠶᠢᠨ ᠨᠤᠲᠤᠭ ᠤᠨ ᠬᠢᠨ ᠹᠢᠯᠢᠰᠲ ᠤᠨ ᠪᠦᠰᠡ ᠶᠢ ᠡᠵᠡᠮᠰᠢᠬᠦ ᠪᠣᠯᠣᠨ᠎ᠠ ᠮᠥᠨ ᠡᠹᠷᠠᠢᠮ ᠪᠣᠯᠣᠨ ᠰᠠᠮᠠᠷᠢᠶ᠎ᠠ ᠶᠢᠨ ᠲᠠᠯ᠎ᠠ ᠶᠢ ᠲᠡᠳᠡ ᠡᠵᠡᠮᠰᠢᠵᠦ ᠭᠢᠯᠧᠶᠠᠳ᠋ ᠢ ᠪᠢᠨᠶᠠᠮᠢᠨ ᠡᠵᠡᠮᠰᠢᠬᠦ ᠪᠣᠯᠣᠨ᠎ᠠ᠃
20 ᠴᠥᠯᠡᠯᠭᠡ ᠡᠴᠡ ᠪᠤᠴᠠᠵᠤ ᠢᠷᠡᠭᠰᠡᠨ ᠢᠰᠷᠧᠯᠴᠦᠳ ᠽᠠᠷᠧᠹᠠᠲ ᠬᠦᠷᠲᠡᠯᠡᠬᠢ ᠺᠠᠨᠠᠨᠴᠤᠳ ᠤᠨ ᠬᠣᠲᠠ ᠨᠤᠭᠤᠳ ᠢ ᠡᠵᠡᠮᠰᠢᠵᠦ᠂ ᠶᠧᠷᠦ᠋ᠰᠠᠯᠧᠮ ᠤᠨ ᠴᠥᠯᠡᠭᠳᠡᠭᠰᠡᠳ ᠦᠨ ᠳᠤᠮᠳᠠ ᠠᠴᠠ ᠰᠧᠹᠠᠷᠠᠳ᠋ ᠲᠤ ᠪᠠᠢᠭᠰᠠᠳ ᠨᠢ ᠡᠮᠦᠨ᠎ᠡ ᠪᠦᠰᠡ ᠶᠢᠨ ᠬᠣᠲᠠ ᠨᠤᠭᠤᠳ ᠢ ᠡᠵᠡᠮᠰᠢᠨ᠎ᠡ᠃
21 ᠠᠪᠤᠷᠠᠭᠴᠢᠳ ᠡᠰᠡᠦ᠋ ᠶᠢᠨ ᠠᠭᠤᠯᠠᠰ ᠢ ᠵᠠᠬᠢᠷᠬᠤ ᠪᠠᠷ ᠽᠢᠶᠣᠨ ᠠᠭᠤᠯᠠ ᠥᠭᠡᠳᠡ ᠭᠠᠷᠬᠤ ᠪᠥᠭᠡᠳ ᠲᠡᠷᠡ ᠬᠠᠭᠠᠨᠴᠢᠯᠠᠯ ᠶᠣᠬᠣᠸᠠ ᠶᠢᠨ ᠬᠢ ᠪᠣᠯᠣᠨ᠎ᠠ᠃