1 2 3 4 5 6 7 8 9 10 11 12 13 14 15 16 17 18 19 20 21


ᠰᠢᠭᠦᠭᠴᠢᠳ ᠨᠢᠭᠡ
 ᠺᠠᠨᠠᠨᠴᠤᠳ ᠤᠨ ᠦᠯᠡᠳᠡᠭᠳᠡᠯ ᠲᠡᠢ ᠳᠠᠢᠲᠤᠪᠠ

1 ᠶᠣᠱᠦ᠋ᠶ᠎ᠠ ᠨᠠᠰᠤ ᠪᠠᠷᠠᠭᠰᠠᠨ ᠤ ᠳᠠᠷᠠᠭ᠎ᠠ᠂ ᠢᠰᠷᠧᠯᠴᠦᠳ ᠶᠣᠬᠣᠸᠠ ᠠᠴᠠ ᠠᠰᠠᠭᠤᠨ᠄ 《ᠺᠠᠨᠠᠨᠴᠤᠳ ᠲᠠᠢ ᠲᠤᠯᠤᠯᠳᠤᠬᠤ ᠳᠤ ᠬᠡᠨ ᠪᠢᠳᠡᠨ ᠦ ᠲᠡᠷᠢᠭᠦᠨ ᠳᠦ ᠶᠠᠪᠤᠬᠤ ᠪᠤᠢ︖》 ᠭᠡᠬᠦ ᠳᠦ᠂ 2 ᠶᠣᠬᠣᠸᠠ᠄ 《ᠶᠦᠳᠠ ᠶᠠᠪᠤᠬᠤ ᠪᠣᠯᠣᠨ᠎ᠠ᠃ ᠬᠠᠷᠠ᠂ ᠪᠢ ᠡᠨᠡ ᠭᠠᠵᠠᠷ ᠢ ᠲᠡᠭᠦᠨ ᠦ ᠭᠠᠷ ᠲᠤ ᠲᠤᠰᠢᠶᠠᠭᠰᠠᠨ︕》 ᠭᠡᠯ᠎ᠡ᠃ 3 ᠶᠦᠳᠠᠴᠤᠳ ᠠᠬ᠎ᠠ ᠳᠡᠭᠦᠦ ᠰᠢᠮᠧᠶᠣᠨᠴᠤᠳ ᠲᠠᠭᠠᠨ᠄ 《ᠮᠠᠨ ᠤ ᠬᠢᠨ ᠳᠤ ᠣᠨᠣᠭᠳᠠᠭᠰᠠᠨ ᠨᠤᠲᠤᠭ ᠤᠷᠤᠭᠤ ᠪᠢᠳᠡ ᠬᠠᠮᠲᠤ ᠳᠠᠭᠠᠨ ᠣᠴᠢᠵᠤ ᠺᠠᠨᠠᠨᠴᠤᠳ ᠲᠠᠢ ᠲᠤᠯᠤᠯᠳᠤᠶ᠎ᠠ᠃ ᠲᠡᠭᠡᠪᠡᠯ ᠲᠠᠨ ᠤ ᠬᠢᠨ ᠳᠤ ᠣᠨᠣᠭᠳᠠᠭᠰᠠᠨ ᠭᠠᠵᠠᠷ ᠤᠷᠤᠭᠤ ᠮᠠᠨ ᠤ ᠬᠢᠨ ᠴᠤ ᠶᠠᠪᠤᠬᠤ ᠪᠣᠯᠣᠨ᠎ᠠ》 ᠭᠡᠬᠦ ᠳᠦ᠂ ᠰᠢᠮᠧᠶᠣᠨᠴᠤᠳ ᠲᠡᠳᠡᠨ ᠲᠡᠢ ᠬᠠᠮᠲᠤ ᠶᠠᠪᠤᠯ᠎ᠠ᠃ 4 ᠶᠦᠳᠠᠴᠤᠳ ᠶᠠᠪᠤᠭᠰᠠᠨ ᠪᠥᠭᠡᠳ ᠶᠣᠬᠣᠸᠠ ᠺᠠᠨᠠᠨᠴᠤᠳ ᠪᠣᠯᠣᠨ ᠫᠧᠷᠢᠽᠴᠦᠳ ᠢ ᠲᠡᠳᠡᠨ ᠦ ᠭᠠᠷ ᠲᠤ ᠲᠤᠰᠢᠶᠠᠭᠰᠠᠨ ᠳᠤ᠂ ᠲᠡᠳᠡ ᠪᠧᠽᠧᠺ ᠲᠤ ᠲᠦᠮᠡᠨ ᠬᠥᠮᠦᠨ ᠢ ᠪᠤᠲᠠ ᠴᠣᠬᠢᠵᠠᠢ᠃ 5 ᠲᠡᠳᠡ ᠪᠧᠽᠧᠺ ᠲᠤ ᠠᠳᠣᠨᠢ ᠪᠧᠽᠧᠺ ᠲᠠᠢ ᠬᠠᠯᠵᠠ ᠲᠤᠯᠭᠠᠷᠠᠨ ᠲᠡᠭᠦᠨ ᠲᠡᠢ ᠪᠠᠢᠯᠳᠤᠵᠤ᠂ ᠺᠠᠨᠠᠨᠴᠤᠳ ᠪᠣᠯᠣᠨ ᠫᠧᠷᠢᠽᠴᠦᠳ ᠢ ᠴᠣᠬᠢᠪᠠ᠃ 6 ᠠᠳᠣᠨᠢ ᠪᠧᠽᠧᠺ ᠵᠢᠭᠤᠲᠠᠭᠰᠠᠨ ᠪᠣᠯᠪᠠᠴᠤ ᠲᠡᠳᠡ ᠠᠷᠤ ᠠᠴᠠ ᠨᠢ ᠨᠡᠬᠡᠵᠦ ᠪᠠᠷᠢᠭᠠᠳ᠂ ᠭᠠᠷ ᠬᠥᠯ ᠦᠨ ᠬᠢᠨᠢ ᠡᠷᠡᠬᠡᠢ ᠬᠤᠷᠤᠭᠤ ᠨᠤᠭᠤᠳ ᠢ ᠲᠠᠰᠤᠯᠤᠭᠰᠠᠨ ᠳᠤ᠂ 7 ᠠᠳᠣᠨᠢ ᠪᠧᠽᠧᠺ᠄ 《ᠳᠠᠯᠠᠨ ᠬᠠᠭᠠᠨ ᠤ ᠭᠠᠷ ᠬᠥᠯ ᠦᠨ ᠬᠢᠨᠢ ᠡᠷᠡᠬᠡᠢ ᠬᠤᠷᠤᠭᠤ ᠶᠢ ᠲᠠᠰᠤᠳᠠᠭᠤᠯᠵᠤ᠂ ᠬᠣᠭᠣᠯᠠᠨ ᠰᠢᠷᠡᠭᠡᠨ ᠦ ᠪᠠᠨ ᠳᠣᠣᠷ᠎ᠠ ᠠᠴᠠ ᠰᠢᠪᠬᠠᠷᠤᠤ ᠲᠡᠭᠦᠯᠭᠡᠳᠡᠭ ᠪᠠᠢᠭᠰᠠᠨ ᠤ ᠮᠢᠨᠢ ᠶᠣᠰᠣᠭᠠᠷ ᠪᠤᠷᠬᠠᠨ ᠨᠠᠳᠠ ᠳᠤ ᠬᠠᠷᠢᠭᠤ ᠥᠭᠭᠥᠯ᠎ᠡ》 ᠭᠡᠪᠡ᠃ ᠲᠡᠭᠦᠨ ᠢ ᠶᠧᠷᠦ᠋ᠰᠠᠯᠧᠮ ᠳᠤ ᠠᠪᠴᠢᠷᠠᠭᠰᠠᠨ ᠳᠤ᠂ ᠲᠡᠷᠡ ᠲᠡᠨᠳᠡ ᠦᠬᠦᠭᠰᠡᠨ ᠪᠠᠢᠨ᠎ᠠ᠃

8 ᠶᠦᠳᠠᠴᠤᠳ ᠶᠧᠷᠦ᠋ᠰᠠᠯᠧᠮ ᠢ ᠴᠤ ᠳᠠᠭᠠᠷᠢᠵᠤ᠂ ᠡᠵᠡᠯᠡᠨ ᠠᠪᠤᠭᠠᠳ ᠢᠯᠳᠦᠨ ᠦ ᠢᠷ ᠢᠶᠠᠷ ᠴᠣᠬᠢᠵᠤ ᠬᠣᠲᠠ ᠶᠢ ᠭᠠᠯᠳᠠᠨ ᠰᠢᠲᠠᠭᠠᠪᠠ᠃ 9 ᠳᠠᠷᠠᠭ᠎ᠠ ᠨᠢ ᠶᠦᠳᠠᠴᠤᠳ ᠠᠭᠤᠯᠠᠷᠬᠠᠭ ᠨᠤᠲᠤᠭ ᠪᠣᠯᠣᠨ ᠡᠮᠦᠨ᠎ᠡ ᠪᠦᠰᠡ ᠨᠤᠲᠤᠭ᠂ ᠪᠠᠰᠠ ᠥᠷᠥᠨ᠎ᠡ ᠶᠢᠨ ᠳᠣᠪᠣ ᠲᠣᠯᠣᠭᠠᠳ ᠵᠦᠭ ᠶᠠᠪᠤᠵᠤ ᠲᠡᠨᠳᠡ ᠰᠠᠭᠤᠵᠤ ᠪᠠᠢᠭᠰᠠᠨ ᠺᠠᠨᠠᠨᠴᠤᠳ ᠲᠠᠢ ᠳᠠᠢᠲᠤᠵᠠᠢ᠃ 10 ᠲᠡᠢᠨ ᠬᠦ ᠶᠦᠳᠠᠴᠤᠳ ᠾᠧᠪᠷᠣᠨ ᠤ ᠰᠠᠭᠤᠭᠠᠯᠢᠴᠢᠳ ᠺᠠᠨᠠᠨᠴᠤᠳ ᠤᠷᠤᠭᠤ ᠳᠣᠪᠲᠣᠯᠵᠤ᠂ ᠲᠡᠨᠳᠡ ᠱᠧᠱᠠᠢ᠂ ᠠᠾᠢᠮᠠᠨ ᠪᠣᠯᠣᠨ ᠲᠠᠯᠮᠠᠢ ᠨᠠᠷ ᠢ ᠴᠣᠬᠢᠪᠠ᠃ ᠤᠷᠢᠳᠤ ᠨᠢ ᠾᠧᠪᠷᠣᠨ ᠢ ᠠᠷᠪᠠ ᠬᠣᠲᠠ ᠭᠡᠳᠡᠭ ᠪᠠᠢᠵᠠᠢ᠃

11 ᠲᠡᠭᠡᠭᠡᠳ ᠶᠦᠳᠠᠴᠤᠳ ᠲᠡᠨᠳᠡ ᠡᠴᠡ ᠳ᠋ᠧᠪᠢᠷ ᠤᠨ ᠰᠠᠭᠤᠭᠠᠯᠢᠴᠢᠳ ᠤᠷᠤᠭᠤ ᠳᠣᠪᠲᠣᠯᠪᠠ᠃ ᠤᠷᠢᠳᠤ ᠨᠢ ᠳ᠋ᠧᠪᠢᠷ ᠢ ᠰᠧᠹᠧᠷ ᠬᠣᠲᠠ 1 ᠭᠡᠳᠡᠭ ᠪᠠᠢᠵᠠᠢ᠃ 12 ᠲᠡᠷᠡ ᠦᠶ᠎ᠡ ᠳᠦ ᠺᠠᠯᠧᠪ᠄ 《ᠰᠧᠹᠧᠷ ᠬᠣᠲᠠ ᠶᠢ ᠳᠠᠭᠠᠷᠢᠨ ᠡᠵᠡᠯᠡᠭᠰᠡᠨ ᠬᠥᠮᠦᠨ ᠳᠦ ᠪᠢ ᠥᠬᠢᠨ ᠠᠺᠰᠠ ᠪᠠᠨ ᠡᠬᠡᠨᠡᠷ ᠪᠣᠯᠭᠠᠨ ᠥᠭᠭᠥᠶ᠎ᠡ》 ᠭᠡᠵᠦ ᠬᠡᠯᠡᠭᠰᠡᠨ ᠪᠠᠢᠯ᠎ᠠ᠃ 13 ᠳᠡᠭᠦᠦ ᠺᠧᠨᠠᠽ ᠤᠨ ᠬᠢᠨᠢ ᠬᠦᠦ ᠣᠲ᠋ᠠᠨᠢᠶᠧᠯ ᠲᠡᠷᠡ ᠬᠣᠲᠠ ᠶᠢ ᠡᠵᠡᠯᠡᠭᠰᠡᠨ ᠲᠤᠯᠠ ᠺᠠᠯᠧᠹ ᠲᠡᠭᠦᠨ ᠳᠦ ᠥᠬᠢᠨ ᠠᠺᠰᠠ ᠪᠠᠨ ᠡᠬᠡᠨᠡᠷ ᠪᠣᠯᠭᠠᠨ ᠥᠭᠴᠡᠢ᠃ 14 ᠨᠢᠭᠡᠨ ᠡᠳᠦᠷ ᠠᠺᠰᠠ ᠢᠷᠡᠵᠦ᠂ ᠡᠴᠢᠭᠡ ᠪᠡᠨ ᠢᠳᠬᠠᠨ ᠲᠠᠯ᠎ᠠ ᠭᠠᠵᠠᠷ ᠢ ᠭᠤᠶᠤᠭᠰᠠᠨ ᠪᠠᠢᠵᠠᠢ᠃ ᠡᠯᠵᠢᠭᠡᠨ ᠡᠴᠡ ᠪᠡᠨ ᠪᠠᠭᠤᠬᠤ ᠳᠤᠨᠢ ᠺᠠᠯᠧᠪ᠄ 《ᠴᠢᠮ᠎ᠠ ᠳᠤ ᠶᠠᠭᠤ ᠬᠡᠷᠡᠭ ᠲᠡᠢ ᠪᠤᠢ︖》 ᠭᠡᠵᠦ ᠠᠰᠠᠭᠤᠪᠠ᠃ 15 ᠠᠺᠰᠠ᠄ 《ᠨᠠᠳᠠ ᠳᠤ ᠪᠡᠯᠡᠭ ᠬᠠᠢᠷᠠᠯᠠᠨ᠎ᠠ ᠤᠤ︖ ᠲᠠ ᠨᠠᠳᠠ ᠳᠤ ᠡᠮᠦᠨ᠎ᠡ ᠬᠡᠰᠡᠭ ᠦᠨ ᠬᠠᠭᠤᠷᠠᠢ ᠭᠠᠵᠠᠷ ᠢ ᠥᠭᠭᠥᠭᠰᠡᠨ᠂ ᠤᠰᠤ ᠶᠡᠬᠡ ᠲᠠᠢ ᠪᠤᠯᠠᠭ ᠤᠳ ᠢ ᠴᠤ ᠥᠭᠭᠥᠭᠡᠴᠢ》 ᠭᠡᠰᠡᠨ ᠳᠦ᠂ ᠺᠠᠯᠧᠪ ᠲᠡᠭᠦᠨ ᠳᠦ ᠳᠡᠭᠡᠷ᠎ᠡ ᠳᠣᠣᠷ᠎ᠠ ᠪᠤᠯᠠᠭ ᠤᠳ ᠢ ᠥᠭᠪᠡ᠃

16 ᠮᠣᠰᠧ ᠶᠢᠨ ᠬᠠᠳᠠᠮ ᠡᠴᠢᠭᠡ ᠪᠣᠯ ᠺᠧᠨ ᠬᠥᠮᠦᠨ ᠪᠠᠢᠪᠠ᠃ ᠲᠡᠭᠦᠨ ᠦ ᠦᠷ᠎ᠡ ᠤᠳᠤᠮ ᠶᠦᠳᠠᠴᠤᠳ ᠲᠠᠢ ᠬᠠᠮᠲᠤ ᠳᠠᠯᠳᠠᠤ ᠬᠣᠲᠠ ᠠᠴᠠ ᠶᠦᠳᠠ ᠶᠢᠨ ᠴᠥᠯ ᠤᠷᠤᠭᠤ ᠭᠠᠷᠤᠨ᠂ ᠡᠮᠦᠨ᠎ᠡ ᠪᠦᠰᠡ ᠶᠢᠨ ᠠᠷᠠᠳ᠋ ᠤᠨ ᠣᠢᠷ᠎ᠠ ᠬᠦᠷᠴᠦ ᠲᠡᠨᠳᠡᠬᠢ ᠶᠢᠨ ᠬᠥᠮᠦᠰ ᠲᠡᠢ ᠬᠠᠮᠲᠤ ᠠᠮᠢᠳᠤᠷᠠᠨ ᠰᠠᠭᠤᠵᠠᠢ᠃ 17 ᠶᠦᠳᠠᠴᠤᠳ ᠠᠬ᠎ᠠ ᠳᠡᠭᠦᠦ ᠰᠢᠮᠧᠶᠣᠨᠴᠤᠳ ᠲᠠᠢ ᠪᠠᠨ ᠬᠠᠮᠲᠤ ᠽᠧᠹᠠᠲ ᠤᠷᠤᠭᠤ ᠳᠣᠪᠲᠣᠯᠵᠤ᠂ ᠲᠡᠨᠳᠡᠬᠢ ᠶᠢᠨ ᠰᠠᠭᠤᠭᠠᠯᠢ ᠺᠠᠨᠠᠨᠴᠤᠳ ᠢ ᠴᠣᠬᠢᠭᠠᠳ ᠬᠦᠢᠰᠦ ᠲᠡᠮᠲᠡᠷᠢᠨ ᠲᠡᠷᠡ ᠬᠣᠲᠠ ᠶᠢ ᠬᠣᠷᠮᠠ 2 ᠭᠡᠵᠦ ᠨᠡᠷᠡᠯᠡᠪᠡ᠃ 18 ᠲᠡᠳᠡ ᠭᠠᠽᠠ᠂ ᠠᠱᠺᠧᠯᠣᠨ᠂ ᠡᠺᠷᠣᠨ ᠢ ᠡᠷᠭᠢᠨ ᠲᠣᠭᠣᠷᠢᠨ ᠤ ᠨᠤᠲᠤᠭ ᠲᠠᠢ ᠨᠢ ᠬᠠᠮᠲᠤ ᠡᠵᠡᠯᠡᠨ ᠠᠪᠤᠯ᠎ᠠ 3 19 ᠶᠣᠬᠣᠸᠠ ᠶᠦᠳᠠ ᠲᠠᠢ ᠬᠠᠮᠲᠤ ᠪᠠᠢᠵᠤ᠂ ᠲᠡᠳᠡ ᠠᠭᠤᠯᠠᠷᠬᠠᠭ ᠨᠤᠲᠤᠭ ᠢ ᠡᠵᠡᠮᠰᠢᠪᠡ᠃ ᠬᠠᠷᠢᠨ ᠲᠠᠯ᠎ᠠ ᠬᠥᠨᠳᠡᠢ ᠶᠢᠨ ᠰᠠᠭᠤᠭᠠᠯᠢᠴᠢᠳ ᠨᠢ ᠲᠡᠮᠦᠷ ᠲᠡᠷᠭᠡ ᠲᠠᠢ ᠪᠣᠯᠬᠣᠷ ᠶᠦᠳᠠ ᠲᠡᠳᠡᠨ ᠢ ᠬᠥᠭᠡᠭᠡᠨ ᠵᠠᠢᠯᠠᠭᠤᠯᠵᠤ ᠴᠢᠳᠠᠭ᠎ᠠ ᠦᠭᠡᠢ᠃ 20 ᠮᠣᠰᠧ ᠶᠢᠨ ᠠᠮᠠᠯᠠᠭᠰᠠᠨ ᠶᠣᠰᠣᠭᠠᠷ ᠶᠦᠳᠠᠴᠤᠳ ᠾᠧᠪᠷᠣᠨ ᠢ ᠺᠠᠯᠧᠪ ᠲᠤ ᠥᠭᠭᠥᠭᠰᠡᠨ ᠳᠦ᠂ ᠲᠡᠷᠡ ᠠᠨᠠᠺ ᠤᠨ ᠭᠤᠷᠪᠠᠨ ᠬᠥᠪᠡᠭᠦᠨ ᠢ ᠲᠡᠨᠳᠡ ᠡᠴᠡ ᠬᠥᠭᠡᠭᠡᠨ ᠵᠠᠢᠯᠠᠭᠤᠯᠪᠠ᠃ 21 ᠬᠠᠷᠢᠨ ᠪᠢᠨᠶᠠᠮᠢᠨᠴᠤᠳ ᠶᠧᠷᠦ᠋ᠰᠠᠯᠧᠮ ᠤᠨ ᠰᠠᠭᠤᠭᠠᠯᠢ ᠶᠧᠪᠦ᠋ᠰᠴᠦᠳ ᠢ ᠵᠠᠢᠯᠠᠭᠤᠯᠵᠤ ᠴᠢᠳᠠᠭ᠎ᠠ ᠦᠭᠡᠢ᠃ ᠡᠢᠮᠦ ᠡᠴᠡ ᠶᠧᠪᠦ᠋ᠰᠴᠦᠳ ᠥᠨᠥᠳᠥᠷ ᠬᠦᠷᠲᠡᠯ᠎ᠡ ᠪᠢᠨᠶᠠᠮᠢᠨᠴᠤᠳ ᠲᠠᠢ ᠬᠠᠮᠲᠤ ᠶᠧᠷᠦ᠋ᠰᠠᠯᠧᠮ ᠳᠤ ᠠᠮᠢᠳᠤᠷᠠᠵᠤ ᠪᠠᠢᠨ᠎ᠠ᠃

22 ᠡᠭᠦᠨ ᠲᠡᠢ ᠠᠳᠠᠯᠢ ᠶᠣᠰᠧᠹ ᠤᠨ ᠭᠡᠷ ᠦᠨ ᠬᠢᠨ ᠴᠤ ᠪᠧᠲ᠋ᠧᠯ ᠤᠷᠤᠭᠤ ᠳᠣᠪᠲᠣᠯᠣᠭᠰᠠᠨ ᠪᠠ ᠶᠣᠬᠣᠸᠠ ᠲᠡᠳᠡᠨ ᠲᠡᠢ ᠬᠠᠮᠲᠤ ᠪᠠᠢᠪᠠ᠃ 23 ᠶᠣᠰᠧᠹ ᠤᠨ ᠭᠡᠷ ᠦᠨ ᠬᠢᠨ ᠪᠧᠲ᠋ᠧᠯ ᠢ ᠲᠠᠩᠨᠠᠭᠤᠯᠬᠤ ᠪᠠᠷ ᠬᠥᠮᠦᠨ ᠶᠠᠪᠤᠭᠤᠯᠪᠠ᠃ ᠤᠷᠢᠳᠤ ᠨᠢ ᠡᠨᠡ ᠬᠣᠲᠠ ᠶᠢ ᠯᠦᠽ ᠭᠡᠳᠡᠭ ᠪᠠᠢᠪᠠ᠃ 24 ᠲᠤᠷᠰᠢᠭᠤᠯ ᠤᠳ ᠬᠣᠲᠠ ᠠᠴᠠ ᠨᠢᠭᠡᠨ ᠬᠥᠮᠦᠨ ᠦ ᠭᠠᠷᠴᠤ ᠢᠷᠡᠬᠦ ᠶᠢ ᠬᠠᠷᠠᠭᠠᠳ᠂ ᠲᠡᠭᠦᠨ ᠡᠴᠡ᠄ 《ᠬᠣᠲᠠ ᠳᠤ ᠣᠷᠣᠬᠤ ᠵᠠᠮ ᠢ ᠵᠢᠭᠠᠵᠤ ᠥᠭᠭᠥᠭᠡᠴᠢ᠂ ᠲᠡᠭᠡᠪᠡᠯ ᠪᠢᠳᠡ ᠲᠠᠨ ᠳᠤ ᠥᠷᠥᠰᠢᠶᠡᠯ ᠲᠡᠢ ᠬᠠᠨᠳᠤᠬᠤ ᠪᠣᠯᠣᠨ᠎ᠠ》 ᠭᠡᠬᠦ ᠳᠦ᠂ 25 ᠲᠡᠷᠡ ᠬᠥᠮᠦᠨ ᠬᠣᠲᠠ ᠳᠤ ᠣᠷᠣᠬᠤ ᠵᠠᠮ ᠢ ᠵᠢᠭᠠᠵᠤ ᠥᠭᠭᠥᠭᠰᠡᠨ ᠪᠠᠢᠯ᠎ᠠ᠃ ᠢᠩᠭᠢᠭᠡᠳ ᠲᠡᠳᠡ ᠢᠯᠳᠦᠨ ᠦ ᠢᠷ ᠢᠶᠠᠷ ᠲᠡᠷᠡ ᠬᠣᠲᠠ ᠶᠢ ᠴᠣᠬᠢᠪᠠ᠃ ᠬᠠᠷᠢᠨ ᠥᠨᠥᠬᠢ ᠬᠥᠮᠦᠨ ᠢ ᠪᠦᠬᠦ ᠭᠡᠷ ᠪᠦᠯᠢ ᠶᠢᠨ ᠬᠢᠨ ᠲᠠᠢ ᠨᠢ ᠬᠠᠮᠲᠤ ᠬᠡᠯᠲᠦᠷᠢᠭᠦᠯᠦᠭᠰᠡᠨ ᠪᠠᠢᠯ᠎ᠠ᠃ 26 ᠲᠡᠷᠡ ᠬᠥᠮᠦᠨ ᠾᠢᠲ᠋ᠴᠦᠳ ᠦᠨ ᠨᠤᠲᠤᠭ ᠤᠷᠤᠭᠤ ᠶᠠᠪᠤᠵᠤ᠂ ᠨᠢᠭᠡᠨ ᠬᠣᠲᠠ ᠪᠠᠷᠢᠭᠠᠳ ᠯᠦᠽ ᠭᠡᠵᠦ ᠨᠡᠷᠡᠯᠡᠭᠰᠡᠨ ᠢᠶᠡᠷ᠂ ᠲᠡᠷᠡ ᠬᠣᠲᠠ ᠥᠨᠥᠳᠥᠷ ᠬᠦᠷᠲᠡᠯ᠎ᠡ ᠲᠡᠢᠨ ᠬᠦ ᠨᠡᠷᠡᠯᠡᠭᠳᠡᠭᠰᠡᠭᠡᠷ ᠪᠠᠢᠨ᠎ᠠ᠃

27 ᠬᠠᠷᠢᠨ ᠮᠠᠨᠠᠰᠧ ᠪᠧᠲ ᠱᠠᠨ᠂ ᠲᠠᠨᠠᠺ᠂ ᠳ᠋ᠣᠷ᠂ ᠢᠪᠯᠧᠶᠠᠮ᠂ ᠮᠧᠭᠢᠳᠣ᠋ ᠪᠣᠯᠣᠨ ᠲᠡᠳᠡᠭᠡᠷ ᠦᠨ ᠡᠷᠭᠢᠨ ᠲᠣᠭᠣᠷᠢᠨ ᠤ ᠲᠣᠰᠬᠣᠳ ᠤᠨ ᠰᠠᠭᠤᠭᠠᠯᠢᠴᠢᠳ ᠢ ᠬᠥᠭᠡᠭᠡᠨ ᠭᠠᠷᠭᠠᠵᠤ ᠴᠢᠳᠠᠭᠰᠠᠨ ᠦᠭᠡᠢ᠃ ᠺᠠᠨᠠᠨᠴᠤᠳ ᠲᠡᠷᠡ ᠨᠤᠲᠤᠭ ᠲᠤ ᠰᠠᠭᠤᠵᠤ ᠪᠠᠢᠬᠤ ᠪᠠᠷ ᠰᠢᠢᠳᠦᠭᠰᠡᠨ ᠪᠠᠢᠵᠠᠢ᠃ 28 ᠢᠰᠷᠧᠯ ᠬᠦᠴᠦᠷᠬᠡᠭ ᠪᠣᠯᠣᠭᠰᠠᠨ ᠤ ᠳᠠᠷᠠᠭ᠎ᠠ᠂ ᠺᠠᠨᠠᠨᠴᠤᠳ ᠢᠶᠠᠷ ᠬᠦᠨᠳᠦ ᠠᠵᠢᠯ ᠬᠢᠯᠭᠡᠭᠰᠡᠨ ᠪᠣᠯᠪᠠᠴᠤ ᠲᠡᠳᠡᠨ ᠢ ᠪᠦᠷᠢᠮᠦᠰᠦᠨ ᠬᠥᠭᠡᠭᠡᠨ ᠭᠠᠷᠭᠠᠭ᠎ᠠ ᠦᠭᠡᠢ᠃

29 ᠡᠹᠷᠠᠢᠮ ᠭᠧᠽᠧᠷ ᠤᠨ ᠰᠠᠭᠤᠭᠠᠯᠢ ᠺᠠᠨᠠᠨᠴᠤᠳ ᠢ ᠬᠥᠭᠡᠭᠡᠨ ᠭᠠᠷᠭᠠᠭ᠎ᠠ ᠦᠭᠡᠢ᠃ ᠺᠠᠨᠠᠨᠴᠤᠳ ᠭᠧᠽᠧᠷ ᠲᠤ ᠲᠡᠳᠡᠨ ᠦ ᠳᠤᠮᠳᠠ ᠠᠮᠢᠳᠤᠷᠠᠭᠰᠠᠭᠠᠷ ᠪᠠᠢᠨ᠎ᠠ᠃

30 ᠽᠧᠪᠦ᠋ᠯᠣᠨ ᠬᠢᠲ᠋ᠷᠣᠨ ᠪᠣᠯᠣᠨ ᠨᠠᠬᠠᠯᠣᠯ ᠤᠨ ᠰᠠᠭᠤᠭᠠᠯᠢᠴᠢᠳ ᠢ ᠬᠥᠭᠡᠭᠡᠨ ᠭᠠᠷᠭᠠᠭ᠎ᠠ ᠦᠭᠡᠢ᠃ ᠺᠠᠨᠠᠨᠴᠤᠳ ᠬᠦᠨᠳᠦ ᠠᠵᠢᠯ ᠬᠢᠵᠦ ᠲᠡᠳᠡᠨ ᠦ ᠳᠤᠮᠳᠠ ᠠᠮᠢᠳᠤᠷᠠᠳᠠᠭ ᠪᠣᠯᠪᠠ᠃

31 ᠠᠱᠧᠷ ᠠᠺᠦ᠂ ᠰᠢᠢᠳᠣᠨ᠂ ᠠᠯᠠᠪ᠂ ᠠᠺᠠᠽᠢᠪ᠂ ᠾᠧᠯᠪᠠ᠂ ᠠᠹᠧᠺ ᠪᠣᠯᠣᠨ ᠷᠧᠬᠣᠪ ᠤᠨ ᠰᠠᠭᠤᠭᠠᠯᠢᠴᠢᠳ ᠢ ᠬᠥᠭᠡᠭᠡᠨ ᠭᠠᠷᠭᠠᠭ᠎ᠠ ᠦᠭᠡᠢ᠂ 32 ᠬᠥᠭᠡᠭᠡᠨ ᠭᠠᠷᠭᠠᠭ᠎ᠠ ᠦᠭᠡᠢ ᠤᠴᠢᠷ ᠠᠴᠠ ᠠᠱᠧᠷᠴᠤᠳ ᠲᠡᠷᠡ ᠨᠤᠲᠤᠭ ᠤᠨ ᠰᠠᠭᠤᠭᠠᠯᠢ ᠺᠠᠨᠠᠨᠴᠤᠳ ᠤᠨ ᠳᠤᠮᠳᠠ ᠠᠮᠢᠳᠤᠷᠠᠬᠤ ᠪᠣᠯᠪᠠ᠃

33 ᠨᠠᠹᠲ᠋ᠠᠯᠢ ᠪᠧᠲ ᠱᠧᠮᠧᠱ ᠪᠣᠯᠣᠨ ᠪᠧᠲ ᠠᠨᠠᠲ ᠤᠨ ᠰᠠᠭᠤᠭᠠᠯᠢᠴᠢᠳ ᠢ ᠬᠥᠭᠡᠭᠡᠨ ᠭᠠᠷᠭᠠᠭ᠎ᠠ ᠦᠭᠡᠢ᠂ ᠨᠠᠹᠲ᠋ᠠᠯᠢᠴᠤᠳ ᠴᠤ ᠲᠡᠷᠡ ᠨᠤᠲᠤᠭ ᠤᠨ ᠰᠠᠭᠤᠭᠠᠯᠢ ᠺᠠᠨᠠᠨᠴᠤᠳ ᠤᠨ ᠳᠤᠮᠳᠠ ᠠᠮᠢᠳᠤᠷᠠᠵᠤ᠂ ᠪᠧᠲ ᠱᠧᠮᠧᠱ ᠪᠣᠯᠣᠨ ᠪᠧᠲ ᠠᠨᠠᠲ ᠤᠨ ᠰᠠᠭᠤᠭᠠᠯᠢᠴᠢᠳ ᠢᠶᠠᠷ ᠬᠦᠨᠳᠦ ᠠᠵᠢᠯ ᠢᠶᠠᠨ ᠬᠢᠯᠭᠡᠬᠦ ᠪᠣᠯᠪᠠ᠃

34 ᠲᠡᠭᠡᠲᠡᠯ᠎ᠡ ᠠᠮᠣᠷᠢᠴᠤᠳ ᠳ᠋ᠠᠨᠴᠤᠳ ᠢ ᠠᠭᠤᠯᠠᠷᠬᠠᠭ ᠭᠠᠵᠠᠷ ᠤᠷᠤᠭᠤ ᠰᠢᠬᠠᠵᠤ᠂ ᠬᠥᠨᠳᠡᠢ ᠲᠠᠯ᠎ᠠ ᠤᠷᠤᠭᠤ ᠪᠠᠭᠤᠵᠤ ᠢᠷᠡᠬᠦ ᠪᠣᠯᠣᠮᠵᠢ ᠶᠢ ᠥᠭᠭᠥᠭᠰᠡᠨ ᠦᠭᠡᠢ᠃ 35 ᠠᠮᠣᠷᠢᠴᠤᠳ ᠾᠧᠷᠧᠰ ᠠᠭᠤᠯᠠ᠂ ᠠᠶᠠᠯᠣᠨ ᠪᠣᠯᠣᠨ ᠱᠠᠯᠪᠢᠮ ᠳᠤ ᠰᠠᠭᠤᠬᠤ ᠪᠠᠷ ᠰᠢᠢᠳᠦᠭᠰᠡᠨ ᠪᠣᠯᠪᠠᠴᠤ ᠶᠣᠰᠧᠹ ᠤᠨ ᠭᠡᠷ ᠦᠨ ᠬᠢᠨ ᠬᠦᠴᠦᠷᠬᠡᠭ ᠪᠣᠯᠣᠭᠰᠠᠨ ᠤ ᠳᠠᠷᠠᠭ᠎ᠠ ᠲᠡᠳᠡᠨ ᠢᠶᠡᠷ ᠬᠦᠨᠳᠦ ᠠᠵᠢᠯ ᠬᠢᠯᠭᠡᠪᠡ᠃ 36 ᠠᠮᠣᠷᠢᠴᠤᠳ ᠤᠨ ᠨᠤᠲᠤᠭ ᠤᠨ ᠬᠢᠵᠠᠭᠠᠷ ᠨᠢ ᠬᠢᠯᠢᠨᠴᠡᠲᠦ ᠶᠢᠨ ᠳᠠᠪᠠᠭ᠎ᠠ ᠠᠴᠠ ᠡᠬᠢᠯᠡᠨ᠂ ᠰᠧᠯᠠ ᠪᠠᠷ ᠳᠠᠭᠠᠷᠢᠵᠤ ᠲᠡᠭᠦᠨ ᠡᠴᠡ ᠴᠠᠰᠢ ᠦᠷᠭᠦᠯᠵᠢᠯᠡᠨ᠎ᠡ᠃