1 2 3 4 5 6 7 8 9 10 11 12 13 14 15 16 17 18 19 20 21


ᠰᠢᠭᠦᠭᠴᠢᠳ ᠬᠣᠷᠢᠨ ᠨᠢᠭᠡ
 ᠪᠢᠨᠶᠠᠮᠢᠨᠴᠤᠳ ᠤᠨ ᠭᠡᠷᠯᠡᠯᠲᠡ ᠳᠦ ᠰᠠᠨᠠᠭᠠᠰᠢᠷᠠᠪᠠ

1 ᠤᠤᠯ ᠨᠢ ᠢᠰᠷᠧᠯᠴᠦᠳ ᠮᠢᠽᠫᠠ ᠳᠤ᠄ 《ᠪᠢᠳᠡᠨ ᠦ ᠬᠡᠨ ᠨᠢ ᠴᠤ ᠥᠬᠢᠨ ᠢᠶᠠᠨ ᠪᠢᠨᠶᠠᠮᠢᠨ ᠬᠥᠮᠦᠨ ᠳᠦ ᠡᠬᠡᠨᠡᠷ ᠪᠣᠯᠭᠠᠨ ᠥᠭᠬᠦ ᠦᠭᠡᠢ》 ᠭᠡᠵᠦ ᠲᠠᠩ᠋ᠭᠠᠷᠢᠭᠯᠠᠭᠰᠠᠨ ᠪᠠᠢᠪᠠ᠃ 2 ᠲᠡᠢᠮᠦ ᠡᠴᠡ ᠠᠷᠠᠳ ᠣᠯᠠᠨ ᠪᠧᠲ᠋ᠧᠯ ᠳᠤ ᠣᠴᠢᠵᠤ᠂ ᠲᠡᠨᠳᠡ ᠪᠤᠷᠬᠠᠨ ᠤ ᠡᠮᠦᠨ᠎ᠡ ᠦᠳᠡᠰᠢ ᠪᠣᠯᠲᠠᠯ᠎ᠠ ᠰᠠᠭᠤᠵᠤ ᠳᠠᠭᠤ ᠲᠠᠯᠪᠢᠨ᠂ ᠶᠡᠬᠡ ᠪᠡᠷ ᠭᠠᠰᠢᠭᠤᠳᠠᠨ ᠤᠬᠢᠯᠠᠯᠳᠤᠵᠤ᠄ 3 《ᠢᠰᠷᠧᠯ ᠤᠨ ᠪᠤᠷᠬᠠᠨ ᠶᠣᠬᠣᠸᠠ ᠮᠢᠨᠢ᠂ ᠢᠰᠷᠧᠯ ᠳᠤ ᠶᠠᠭᠠᠬᠢᠭᠠᠳ ᠡᠨᠡ ᠮᠡᠲᠦ ᠶᠢᠨ ᠬᠡᠷᠡᠭ ᠭᠠᠷᠪᠠ ᠡ︖ ᠥᠨᠥᠳᠥᠷ ᠢᠰᠷᠧᠯ ᠡᠴᠡ ᠨᠢᠭᠡ ᠣᠪᠣᠭ ᠠᠯᠠᠭ᠎ᠠ ᠪᠣᠯᠣᠯ᠎ᠠ》 ᠭᠡᠵᠡᠭᠡᠪᠡ᠃ 4 ᠳᠠᠷᠠᠭ᠎ᠠ ᠡᠳᠦᠷ ᠨᠢ ᠠᠷᠠᠳ ᠣᠯᠠᠨ ᠡᠷᠲᠡᠯᠡᠨ ᠪᠣᠰᠣᠭᠠᠳ ᠲᠡᠨᠳᠡ ᠲᠠᠬᠢᠯ ᠤᠨ ᠰᠢᠷᠡᠭᠡ ᠪᠣᠰᠬᠠᠵᠤ᠂ ᠰᠢᠲᠠᠭᠠᠯᠭᠠᠲᠤ ᠪᠣᠯᠣᠨ ᠡᠪ ᠦᠨ ᠲᠠᠬᠢᠯ ᠤᠳ ᠢ ᠡᠷᠭᠦᠪᠡ᠃ 5 ᠲᠡᠭᠡᠭᠡᠳ ᠢᠰᠷᠧᠯᠴᠦᠳ᠄ 《ᠢᠰᠷᠧᠯ ᠤᠨ ᠪᠦᠬᠦ ᠣᠪᠣᠭ ᠠᠴᠠ ᠠᠯᠢ ᠨᠢ ᠶᠣᠬᠣᠸᠠ ᠶᠢᠨ ᠡᠮᠦᠨ᠎ᠡ ᠡᠨᠡ ᠴᠤᠭᠯᠠᠷᠠᠯᠲᠠ ᠳᠤ ᠢᠷᠡᠭᠰᠡᠨ ᠦᠭᠡᠢ ᠪᠤᠢ︖》 ᠬᠡᠮᠡᠨ ᠠᠰᠠᠭᠤᠵᠠᠭᠠᠪᠠ᠃ ᠤᠴᠢᠷ ᠨᠢ ᠲᠡᠳᠡ ᠮᠢᠽᠫᠠ ᠳᠤ ᠶᠣᠬᠣᠸᠠ ᠶᠢᠨ ᠡᠮᠦᠨ᠎ᠡ ᠢᠷᠡᠭᠰᠡᠨ ᠦᠭᠡᠢ ᠶᠢ ᠨᠢ ᠵᠠᠪᠠᠯ ᠴᠠᠭᠠᠵᠠᠯᠠᠬᠤ ᠪᠠᠷ ᠬᠠᠲᠠᠭᠤ ᠲᠠᠩ᠋ᠭᠠᠷᠢᠭ ᠲᠠᠯᠪᠢᠭᠰᠠᠨ ᠠᠵᠢ᠃ 6 ᠢᠰᠷᠧᠯᠴᠦᠳ ᠳᠡᠭᠦᠦ ᠪᠢᠨᠶᠠᠮᠢᠨ ᠤ ᠪᠠᠨ ᠲᠥᠯᠥᠭᠡ ᠭᠠᠰᠢᠭᠤᠳᠠᠨ᠄ 《ᠥᠨᠥᠳᠥᠷ ᠢᠰᠷᠧᠯ ᠡᠴᠡ ᠨᠢᠭᠡ ᠪᠦᠲᠦᠨ ᠣᠪᠣᠭ ᠲᠠᠰᠤᠯᠤᠭᠳᠠᠬᠤ ᠪᠣᠯᠣᠯ᠎ᠠ᠂ 7 ᠬᠠᠷᠢᠨ ᠪᠢᠳᠡᠨ ᠦ ᠬᠡᠨ ᠨᠢ ᠴᠤ ᠲᠡᠳᠡᠨ ᠳᠦ ᠥᠬᠢᠨ ᠢᠶᠠᠨ ᠡᠬᠡᠨᠡᠷ ᠪᠣᠯᠭᠠᠨ ᠥᠭᠬᠦ ᠦᠭᠡᠢ ᠭᠡᠵᠦ ᠥᠪᠡᠷᠰᠡᠳ ᠢᠶᠡᠨ ᠶᠣᠬᠣᠸᠠ ᠳᠤ ᠲᠠᠩ᠋ᠭᠠᠷᠢᠭᠯᠠᠭᠰᠠᠨ ᠪᠣᠯᠬᠣᠷ ᠲᠡᠳᠡᠨ ᠦ ᠦᠯᠡᠳᠡᠭᠰᠡᠨ ᠬᠥᠮᠦᠰ ᠢ ᠪᠢᠳᠡ ᠶᠠᠭᠠᠬᠢᠵᠤ ᠡᠬᠡᠨᠡᠷ ᠲᠡᠢ ᠪᠣᠯᠭᠠᠬᠤ ᠪᠢᠯᠡ︖》 ᠭᠡᠯᠴᠡᠪᠡ᠃

8 ᠡᠢᠮᠦ ᠡᠴᠡ ᠲᠡᠳᠡ᠄ 《ᠢᠰᠷᠧᠯ ᠤᠨ ᠣᠪᠣᠭ ᠤᠳ ᠠᠴᠠ ᠠᠯᠢ ᠨᠢ ᠮᠢᠽᠫᠠ ᠳᠤ ᠶᠣᠬᠣᠸᠠ ᠶᠢᠨ ᠡᠮᠦᠨ᠎ᠡ ᠢᠷᠡᠭᠰᠡᠨ ᠦᠭᠡᠢ ᠪᠤᠢ︖》 ᠭᠡᠵᠦ ᠠᠰᠠᠭᠤᠭᠰᠠᠨ ᠠᠵᠢ᠃ ᠬᠠᠷᠠ᠂ ᠶᠠᠪᠧᠱ ᠭᠢᠯᠧᠶᠠᠳ᠋ ᠡᠴᠡ ᠬᠡᠨ ᠨᠢ ᠴᠤ ᠡᠨᠡ ᠬᠤᠸᠠᠷᠠᠨ ᠳᠤ ᠢᠷᠡᠭᠰᠡᠨ ᠦᠭᠡᠢ᠂ ᠴᠤᠭᠯᠠᠷᠠᠯᠲᠠ ᠳᠤ ᠣᠷᠣᠯᠴᠠᠭᠰᠠᠨ ᠦᠭᠡᠢ ᠪᠠᠢᠪᠠ᠃ 9 ᠠᠷᠠᠳ ᠣᠯᠠᠨ ᠢ ᠲᠣᠭᠠᠯᠠᠬᠤ ᠳᠤ᠂ ᠶᠠᠪᠧᠱ ᠭᠢᠯᠧᠶᠠᠳ᠋ ᠤᠨ ᠰᠠᠭᠤᠭᠠᠯᠢᠴᠢᠳ ᠠᠴᠠ ᠬᠡᠨ ᠨᠢ ᠴᠤ ᠲᠡᠨᠳᠡ ᠪᠠᠢᠭᠰᠠᠨ ᠦᠭᠡᠢ︕ 10 ᠲᠡᠢᠮᠦ ᠡᠴᠡ ᠴᠢᠭᠤᠯᠭᠠᠨ ᠲᠦᠮᠡ ᠬᠣᠶᠠᠷ ᠮᠢᠩ᠋ᠭᠠᠨ ᠳᠠᠢᠴᠢᠨ ᠬᠥᠮᠦᠰ ᠢ ᠲᠡᠰᠢ ᠢᠯᠡᠭᠡᠵᠦ᠂ ᠲᠡᠳᠡᠨ ᠳᠦ᠄ 《ᠶᠠᠪᠤᠵᠤ ᠶᠠᠪᠧᠱ ᠭᠢᠯᠧᠶᠠᠳ᠋ ᠤᠨ ᠰᠠᠭᠤᠭᠠᠯᠢᠴᠢᠳ ᠢ ᠡᠮᠡᠭᠲᠡᠢᠴᠦᠳ ᠪᠠ ᠬᠡᠦᠬᠡᠳ ᠤᠳ ᠲᠠᠢ ᠨᠢ ᠬᠠᠮᠲᠤ ᠢᠯᠳᠦᠨ ᠦ ᠢᠷ ᠢᠶᠠᠷ ᠴᠣᠬᠢᠭᠲᠤᠨ᠃ 11 ᠲᠠ ᠨᠠᠷ ᠡᠢᠨ ᠬᠦ ᠦᠢᠯᠡᠳᠴᠡᠭᠡ᠂ ᠪᠦᠬᠦ ᠡᠷᠡᠴᠦᠦᠯ ᠢ᠂ ᠪᠠᠰᠠ ᠡᠷ᠎ᠡ ᠬᠥᠮᠦᠨ ᠲᠡᠢ ᠤᠨᠲᠠᠭᠰᠠᠨ ᠡᠮᠡᠭᠲᠡᠢ ᠬᠥᠮᠦᠰ ᠢ ᠬᠦᠢᠰᠦ ᠲᠡᠮᠲᠡᠷᠢ》 ᠭᠡᠵᠡᠢ᠃ 12 ᠡᠢᠮᠦ ᠡᠴᠡ ᠲᠡᠳᠡ ᠶᠠᠪᠧᠱ ᠭᠢᠯᠧᠶᠠᠳ᠋ ᠤᠨ ᠰᠠᠭᠤᠭᠠᠯᠢᠴᠢᠳ ᠤᠨ ᠳᠤᠮᠳᠠ ᠠᠴᠠ ᠡᠷ᠎ᠡ ᠬᠥᠮᠦᠨ ᠲᠡᠢ ᠬᠠᠪᠢᠳᠠᠵᠤ ᠦᠵᠡᠭᠡ ᠦᠭᠡᠢ ᠳᠥᠷᠪᠡᠨ ᠵᠠᠭᠤᠨ ᠣᠩ᠋ᠭᠣᠨ ᠥᠬᠢᠨ ᠢ ᠣᠯᠵᠤ᠂ ᠲᠡᠳᠡᠨ ᠢ ᠺᠠᠨᠠᠨ ᠨᠤᠲᠤᠭ ᠲᠤ ᠪᠠᠢᠭ᠎ᠠ ᠱᠢᠯᠣ᠋ ᠶᠢᠨ ᠬᠤᠸᠠᠷᠠᠨ ᠤᠷᠤᠭᠤ ᠠᠪᠴᠢᠷᠠᠭᠰᠠᠨ ᠪᠠᠢᠨ᠎ᠠ᠃

13 ᠲᠡᠭᠡᠭᠡᠳ ᠪᠦᠬᠦ ᠴᠢᠭᠤᠯᠭᠠᠨ ᠷᠢᠮᠣᠨ ᠤ ᠬᠠᠳᠠᠨ ᠳᠤ ᠪᠠᠢᠭ᠎ᠠ ᠪᠢᠨᠶᠠᠮᠢᠨᠴᠤᠳ ᠤᠷᠤᠭᠤ ᠡᠪ ᠨᠠᠢᠷᠠᠮᠳᠠᠯ ᠤᠨ ᠦᠭᠡ ᠶᠠᠪᠤᠭᠤᠯᠤᠭᠰᠠᠨ ᠳᠤ᠂ 14 ᠪᠢᠨᠶᠠᠮᠢᠨᠴᠤᠳ ᠲᠡᠷᠡ ᠴᠠᠭ ᠲᠤ ᠪᠤᠴᠠᠵᠤ ᠢᠷᠡᠵᠡᠭᠡᠪᠡ᠃ ᠢᠰᠷᠧᠯᠴᠦᠳ ᠶᠠᠪᠧᠱ ᠭᠢᠯᠧᠶᠠᠳ᠋ ᠤᠨ ᠡᠮᠡᠭᠲᠡᠢᠴᠦᠳ ᠡᠴᠡ ᠠᠮᠢᠳᠤ ᠦᠯᠡᠳᠡᠭᠰᠡᠨ ᠡᠮᠡᠭᠲᠡᠢᠴᠦᠳ ᠢ ᠲᠡᠳᠡᠨ ᠳᠦ ᠥᠭᠭᠥᠭᠰᠡᠨ ᠪᠣᠯᠪᠠᠴᠤ ᠬᠦᠷᠦᠯᠴᠡᠭᠰᠡᠨ ᠦᠭᠡᠢ᠃

15 ᠶᠣᠬᠣᠸᠠ ᠢᠰᠷᠧᠯ ᠣᠪᠣᠭ ᠤᠳ ᠤᠨ ᠳᠤᠮᠳᠠ ᠣᠩ᠋ᠭᠣᠷᠬᠠᠢ ᠭᠠᠷᠭᠠᠭᠰᠠᠨ ᠲᠤᠯᠠ ᠠᠷᠠᠳ ᠲᠦᠮᠡᠨ ᠪᠢᠨᠶᠠᠮᠢᠨ ᠤ ᠲᠥᠯᠥᠭᠡ ᠬᠠᠷᠠᠮᠰᠠᠪᠠ᠃ 16 ᠴᠢᠭᠤᠯᠭᠠᠨ ᠤ ᠠᠬᠠᠮᠠᠳ᠄ 《ᠪᠢᠨᠶᠠᠮᠢᠨ ᠤ ᠡᠮᠡᠭᠲᠡᠢᠴᠦᠳ ᠤᠰᠠᠳᠬᠠᠭᠳᠠᠭᠰᠠᠨ ᠲᠤᠯᠠ ᠦᠯᠡᠳᠡᠭᠰᠡᠨ ᠡᠷᠡᠴᠦᠦᠯ ᠢ ᠨᠢ ᠡᠬᠡᠨᠡᠷ ᠲᠡᠢ ᠪᠣᠯᠭᠠᠬᠤ ᠶᠢᠨ ᠲᠥᠯᠥᠭᠡ ᠪᠢᠳᠡ ᠶᠠᠭᠤ ᠬᠢᠬᠦ ᠶᠣᠰᠣᠲᠠᠢ ᠪᠤᠢ︖ 17 ᠢᠰᠷᠧᠯ ᠡᠴᠡ ᠨᠢᠭᠡ ᠣᠪᠣᠭ ᠢ ᠲᠠᠰᠤᠷᠠᠭᠤᠯᠬᠤ ᠦᠭᠡᠢ ᠶᠢᠨ ᠲᠤᠯᠠᠳᠠ ᠦᠯᠡᠳᠡᠭᠰᠡᠨ ᠬᠥᠮᠦᠰ ᠢᠶᠡᠷ ᠨᠢ ᠪᠢᠨᠶᠠᠮᠢᠨ ᠤ ᠦᠷ᠎ᠡ ᠤᠳᠤᠮ ᠢ ᠵᠠᠯᠭᠠᠭᠤᠯᠬᠤ ᠶᠣᠰᠣᠲᠠᠢ᠃ 18 ᠪᠢᠳᠡ 〈ᠪᠢᠨᠶᠠᠮᠢᠨ ᠳᠤ ᠥᠬᠢᠨ ᠢᠶᠠᠨ ᠡᠬᠡᠨᠡᠷ ᠪᠣᠯᠭᠠᠨ ᠥᠭᠬᠦ ᠬᠥᠮᠦᠨ ᠬᠠᠷᠢᠶᠠᠭᠳᠠᠬᠤ ᠪᠣᠯᠲᠤᠭᠠᠢ〉 ᠭᠡᠰᠡᠨ ᠪᠣᠯᠬᠣᠷ ᠥᠬᠢᠳ ᠢᠶᠠᠨ ᠲᠡᠳᠡᠨ ᠳᠦ ᠡᠬᠡᠨᠡᠷ ᠪᠣᠯᠭᠠᠨ ᠥᠭᠴᠦ ᠴᠢᠳᠠᠬᠤ ᠦᠭᠡᠢ᠃ 19 ᠲᠡᠢᠮᠦ ᠡ᠂ ᠱᠢᠯᠣ᠋ ᠳᠤ ᠵᠢᠯ ᠪᠦᠷᠢ ᠶᠣᠬᠣᠸᠠ ᠶᠢᠨ ᠪᠠᠶᠠᠷ ᠪᠣᠯᠳᠠᠭ》 ᠭᠡᠪᠡ᠃ ᠱᠢᠯᠣ᠋ ᠪᠣᠯ ᠪᠧᠲ᠋ᠧᠯ ᠡᠴᠡ ᠬᠣᠢᠲᠤ ᠵᠦᠭ ᠲᠦ᠂ ᠪᠧᠲ᠋ᠧᠯ ᠡᠴᠡ ᠱᠧᠺᠧᠮ ᠣᠷᠣᠳᠠᠭ ᠵᠠᠮ ᠤᠨ ᠵᠡᠭᠦᠨ ᠲᠠᠯ᠎ᠠ ᠳᠤ᠂ ᠯᠧᠪᠣᠨᠠ ᠶᠢᠨ ᠡᠮᠦᠨ᠎ᠡ ᠪᠠᠢᠳᠠᠭ᠃ 20 ᠲᠡᠳᠡ ᠪᠢᠨᠶᠠᠮᠢᠨᠴᠤᠳ ᠲᠤ ᠵᠠᠬᠢᠨ᠄ 《ᠲᠠ ᠨᠠᠷ ᠦᠵᠦᠮ ᠦᠨ ᠲᠠᠯᠠᠪᠠᠢ ᠳᠤ ᠣᠴᠢᠭᠠᠳ ᠲᠡᠨᠳᠡ ᠨᠢᠭᠤᠭᠳᠠᠨ ᠬᠦᠯᠢᠶᠡᠵᠦ ᠪᠠᠢᠭᠠᠷᠠᠢ᠃ 21 ᠲᠡᠭᠡᠭᠡᠳ ᠱᠢᠯᠣ᠋ ᠶᠢᠨ ᠥᠬᠢᠳ ᠭᠠᠷᠴᠤ ᠢᠷᠡᠭᠡᠳ ᠪᠥᠵᠢᠭ ᠪᠥᠵᠢᠭᠯᠡᠬᠦ ᠳᠦ᠂ ᠲᠠ ᠨᠠᠷ ᠦᠵᠦᠮ ᠦᠨ ᠲᠠᠯᠠᠪᠠᠢ ᠠᠴᠠ ᠪᠠᠨ ᠭᠠᠷᠴᠤ ᠣᠴᠢᠭᠠᠳ ᠱᠢᠯᠣ᠋ ᠶᠢᠨ ᠥᠬᠢᠳ ᠡᠴᠡ ᠬᠥᠮᠦᠨ ᠪᠦᠷᠢ ᠥᠪᠡᠷ ᠦᠨ ᠢᠶᠠᠨ ᠡᠬᠡᠨᠡᠷ ᠪᠣᠯᠭᠠᠬᠤ ᠬᠥᠮᠦᠨ ᠢ ᠪᠠᠷᠢᠵᠤ᠂ ᠪᠢᠨᠶᠠᠮᠢᠨ ᠨᠤᠲᠤᠭ ᠲᠠᠭᠠᠨ ᠪᠤᠴᠠᠭᠲᠤᠨ᠃ 22 ᠬᠡᠷᠪᠡ ᠡᠴᠢᠭᠡ ᠪᠤᠶᠤ ᠠᠬ᠎ᠠ ᠳᠡᠭᠦᠦ ᠨᠢ ᠢᠷᠡᠵᠦ᠂ ᠭᠣᠮᠣᠳᠠᠯ ᠭᠠᠷᠭᠠᠪᠠᠯ᠂ ᠪᠢᠳᠡ ᠲᠡᠳᠡᠨ ᠳᠦ᠄ 〈ᠲᠠ ᠨᠠᠷ ᠪᠢᠳᠡᠨ ᠦ ᠡᠮᠦᠨ᠎ᠡ ᠡᠴᠡ ᠲᠡᠳᠡᠨ ᠳᠦ ᠲᠤᠰᠠ ᠬᠦᠷᠭᠡᠭᠡᠴᠢ᠂ ᠶᠠᠭᠤ ᠭᠡᠪᠡᠯ᠂ ᠪᠢᠳᠡ ᠳᠠᠢᠨ ᠬᠢᠭᠰᠡᠨ ᠢᠶᠡᠷ ᠲᠡᠳᠡᠨ ᠦ ᠬᠥᠮᠦᠨ ᠪᠦᠷᠢ ᠳᠤ ᠡᠬᠡᠨᠡᠷ ᠣᠯᠭᠣᠵᠤ ᠴᠢᠳᠠᠭᠰᠠᠨ ᠦᠭᠡᠢ᠂ ᠮᠥᠨ ᠡᠨᠡ ᠨᠥᠬᠥᠴᠡᠯ ᠳᠦ ᠲᠠ ᠨᠠᠷ ᠥᠬᠢᠳ ᠢᠶᠠᠨ ᠲᠡᠳᠡᠨ ᠳᠦ ᠥᠪᠡᠷᠰᠡᠳ ᠢᠶᠡᠨ ᠥᠭᠭᠥᠭᠰᠡᠨ ᠪᠢᠰᠢ ᠤᠴᠢᠷ ᠠᠴᠠ ᠭᠡᠮ ᠪᠤᠷᠤᠭᠤ ᠦᠭᠡᠢ〉 ᠭᠡᠵᠦ ᠬᠡᠯᠡᠨ᠎ᠡ》 ᠭᠡᠪᠡ᠃ 23 ᠪᠢᠨᠶᠠᠮᠢᠨᠴᠤᠳ ᠲᠡᠢᠨ ᠬᠦ ᠦᠢᠯᠡᠳᠪᠡ᠃ ᠲᠡᠳᠡ ᠪᠥᠵᠢᠭᠯᠡᠵᠦ ᠪᠤᠢ ᠥᠬᠢᠳ ᠡᠴᠡ ᠥᠪᠡᠷᠰᠡᠳ ᠦᠨ ᠢᠶᠠᠨ ᠲᠣᠭ᠎ᠠ ᠪᠠᠷ ᠪᠠᠷᠢᠵᠤ ᠠᠪᠤᠭᠠᠳ ᠥᠪᠯᠡᠭᠰᠡᠨ ᠨᠤᠲᠤᠭ ᠲᠠᠭᠠᠨ ᠪᠤᠴᠠᠨ ᠬᠣᠲᠠ ᠨᠤᠭᠤᠳ ᠢᠶᠠᠨ ᠰᠡᠷᠭᠦᠭᠡᠨ ᠪᠣᠰᠬᠠᠵᠤ᠂ ᠲᠡᠨᠳᠡ ᠪᠡᠨ ᠰᠠᠭᠤᠷᠢᠰᠢᠪᠠ᠃ 24 ᠲᠡᠭᠡᠭᠡᠳ ᠢᠰᠷᠧᠯᠴᠦᠳ ᠲᠡᠨᠳᠡ ᠡᠴᠡ ᠭᠠᠷᠴᠤ ᠬᠥᠮᠦᠨ ᠪᠦᠷᠢ ᠲᠤᠰ ᠲᠤᠰ ᠤᠨ ᠢᠶᠠᠨ ᠣᠪᠣᠭ ᠠᠢᠮᠠᠭ ᠤᠷᠤᠭᠤ᠂ ᠥᠪᠯᠡᠭᠰᠡᠨ ᠨᠤᠲᠤᠭ ᠤᠷᠤᠭᠤ ᠪᠠᠨ ᠶᠠᠪᠤᠵᠠᠭᠠᠪᠠ᠃

25 ᠲᠡᠷᠡ ᠡᠳᠦᠷ ᠤᠳ ᠢᠶᠠᠷ ᠢᠰᠷᠧᠯ ᠳᠤ ᠬᠠᠭᠠᠨ ᠪᠠᠢᠭᠰᠠᠨ ᠦᠭᠡᠢ᠂ ᠬᠥᠮᠦᠨ ᠪᠦᠷᠢ ᠥᠪᠡᠷ ᠥᠪᠡᠷ ᠦᠨ ᠢᠶᠠᠨ ᠨᠢᠳᠦᠨ ᠳᠦ ᠵᠥᠪ ᠭᠡᠵᠦ ᠦᠵᠡᠭᠰᠡᠨ ᠢᠶᠡᠨ ᠦᠢᠯᠡᠳᠴᠦ ᠪᠠᠢᠯ᠎ᠠ᠃