1 2 3 4 5 6 7 8 9 10 11 12 13 14 15 16 17 18 19 20 21


ᠰᠢᠭᠦᠭᠴᠢᠳ ᠠᠷᠪᠠᠨ ᠳᠥᠷᠪᠡ
 ᠰᠠᠮᠰᠣᠨ ᠤ ᠣᠨᠢᠰᠣᠭ᠎ᠠ

1 ᠰᠠᠮᠰᠣᠨ ᠲᠢᠮᠨᠠ ᠤᠷᠤᠭᠤ ᠪᠠᠭᠤᠨ ᠣᠴᠢᠭᠠᠳ᠂ ᠲᠡᠨᠳᠡ ᠪᠠᠢᠭᠰᠠᠨ ᠨᠢᠭᠡᠨ ᠹᠢᠯᠢᠰᠲ ᠪᠦᠰᠡᠭᠦᠢ ᠳᠦ ᠨᠢᠳᠦ ᠲᠤᠰᠪᠠ᠃ 2 ᠰᠠᠮᠰᠣᠨ ᠡᠴᠢᠭᠡ ᠡᠬᠡ ᠥᠭᠡᠳᠡ ᠪᠡᠨ ᠪᠤᠴᠠᠵᠤ ᠢᠷᠡᠭᠡᠳ᠄ 《ᠲᠢᠮᠨᠠ ᠳᠠᠬᠢ ᠨᠢᠭᠡᠨ ᠪᠦᠰᠡᠭᠦᠢ ᠳᠦ ᠮᠢᠨᠦ ᠨᠢᠳᠦ ᠲᠤᠰᠤᠯ᠎ᠠ᠃ ᠣᠳᠣ ᠲᠡᠭᠦᠨ ᠢ ᠨᠠᠳᠠ ᠳᠤ ᠡᠬᠡᠨᠡᠷ ᠪᠣᠯᠭᠠᠨ ᠠᠪᠴᠤ ᠥᠭᠭᠥᠭᠡᠴᠢ》 ᠭᠡᠪᠡ᠃ 3 ᠡᠴᠢᠭᠡ ᠡᠬᠡ ᠨᠢ ᠲᠡᠭᠦᠨ ᠳᠦ᠄ 《ᠠᠬ᠎ᠠ ᠳᠡᠭᠦᠦᠰ ᠪᠤᠶᠤ ᠮᠠᠨ ᠤ ᠠᠷᠠᠳ ᠲᠦᠮᠡᠨ ᠦ ᠴᠢᠨᠢ ᠳᠤᠮᠳᠠ ᠡᠮᠡᠭᠲᠡᠢ ᠬᠥᠮᠦᠨ ᠠᠯᠠᠭ᠎ᠠ ᠪᠣᠯᠴᠢᠬᠠᠭᠠᠳ ᠴᠢ ᠬᠥᠪᠴᠢᠷᠬᠡᠢ ᠬᠥᠨᠳᠡᠭᠦᠯᠦᠭᠡ ᠦᠭᠡᠢ ᠹᠢᠯᠢᠰᠲ᠋ᠴᠦᠳ ᠡᠴᠡ ᠡᠬᠡᠨᠡᠷ ᠠᠪᠬᠤ ᠪᠠᠷ ᠶᠠᠪᠤᠬᠤ ᠭᠡᠵᠦ ᠪᠠᠢᠨ᠎ᠠ ᠤᠤ︖》 ᠭᠡᠰᠡᠨ ᠪᠣᠯᠪᠠᠴᠤ ᠰᠠᠮᠰᠣᠨ ᠡᠴᠢᠭᠡ ᠳᠡᠭᠡᠨ᠄ 《ᠲᠡᠭᠦᠨ ᠢ ᠨᠠᠳᠠ ᠳᠤ ᠠᠪᠴᠤ ᠥᠭᠭᠥᠭᠡᠴᠢ᠃ ᠲᠡᠷᠡ ᠯᠠ ᠮᠢᠨᠦ ᠨᠢᠳᠦᠨ ᠳᠦ ᠦᠵᠡᠰᠬᠦᠯᠡᠩ ᠲᠡᠢ ᠬᠠᠷᠠᠭᠳᠠᠵᠤ ᠪᠠᠢᠨ᠎ᠠ》 ᠭᠡᠯ᠎ᠡ᠃ 4 ᠭᠡᠪᠡᠴᠦ ᠡᠴᠢᠭᠡ ᠡᠬᠡ ᠨᠢ ᠡᠨᠡ ᠶᠠᠪᠤᠳᠠᠯ ᠶᠣᠬᠣᠸᠠ ᠠᠴᠠ ᠪᠣᠯᠵᠤ ᠪᠠᠢᠨ᠎ᠠ ᠭᠡᠳᠡᠭ ᠢ ᠮᠡᠳᠡᠭᠰᠡᠨ ᠦᠭᠡᠢ᠃ ᠲᠡᠷᠡ ᠦᠶ᠎ᠡ ᠳᠦ ᠹᠢᠯᠢᠰᠲ᠋ᠴᠦᠳ ᠢᠰᠷᠧᠯ ᠢ ᠵᠠᠬᠢᠷᠴᠤ ᠪᠠᠢᠭᠰᠠᠨ ᠪᠣᠯᠬᠣᠷ ᠶᠣᠬᠣᠸᠠ ᠹᠢᠯᠢᠰᠲ᠋ᠴᠦᠳ ᠡᠴᠡ ᠰᠢᠯᠲᠠᠭ ᠬᠠᠢᠵᠤ ᠪᠠᠢᠪᠠ᠃

5 ᠰᠠᠮᠰᠣᠨ ᠡᠴᠢᠭᠡ ᠡᠬᠡ ᠲᠠᠢ ᠪᠠᠨ ᠬᠠᠮᠲᠤ ᠲᠢᠮᠨᠠ ᠤᠷᠤᠭᠤ ᠶᠠᠪᠤᠵᠤ᠂ ᠲᠢᠮᠨᠠ ᠳᠠᠬᠢ ᠦᠵᠦᠮ ᠦᠨ ᠲᠠᠯᠠᠪᠠᠢ ᠳᠤ ᠣᠴᠢᠬᠤ ᠳᠤ᠂ ᠭᠡᠨᠡᠳᠲᠡ ᠨᠢᠭᠡᠨ ᠵᠠᠯᠠᠭᠤ ᠠᠷᠰᠯᠠᠨ ᠥᠭᠡᠳᠡ ᠡᠴᠡ ᠨᠢ ᠭᠠᠷᠴᠤ ᠢᠷᠡᠭᠡᠳ ᠠᠷᠬᠢᠷᠠᠪᠠ᠃ 6 ᠶᠣᠬᠣᠸᠠ ᠶᠢᠨ ᠰᠦᠨᠡᠰᠦ ᠲᠡᠭᠦᠨ ᠦ ᠳᠡᠭᠡᠷ᠎ᠡ ᠬᠦᠴᠦᠲᠡᠢ ᠪᠠᠭᠤᠭᠰᠠᠨ ᠢᠶᠠᠷ ᠲᠡᠷᠡ ᠢᠰᠢᠭᠡ ᠲᠠᠰᠤᠳᠠᠬᠤ ᠮᠡᠲᠦ ᠬᠣᠭᠣᠰᠣᠨ ᠭᠠᠷ ᠢᠶᠠᠷ ᠠᠷᠰᠯᠠᠨ ᠢ ᠲᠠᠰᠤᠳᠠᠪᠠ᠃ ᠬᠠᠷᠢᠨ ᠲᠡᠷᠡ ᠬᠢᠭᠰᠡᠨ ᠬᠡᠷᠡᠭ ᠢᠶᠡᠨ ᠡᠴᠢᠭᠡ ᠡᠬᠡ ᠳᠡᠭᠡᠨ ᠳᠤᠭᠤᠯᠭᠠᠭᠰᠠᠨ ᠦᠭᠡᠢ᠃ 7 ᠳᠠᠷᠠᠭ᠎ᠠ ᠨᠢ ᠪᠠᠭᠤᠨ ᠣᠴᠢᠵᠤ᠂ ᠨᠥᠭᠥᠭᠡ ᠪᠦᠰᠡᠭᠦᠢ ᠲᠡᠢ ᠶᠠᠷᠢᠯᠴᠠᠪᠠ᠃ ᠲᠡᠷᠡ ᠰᠠᠮᠰᠣᠨ ᠤ ᠨᠢᠳᠦᠨ ᠳᠦ ᠦᠵᠡᠰᠬᠦᠯᠡᠩ ᠲᠡᠢ ᠬᠠᠷᠠᠭᠳᠠᠵᠠᠢ᠃ 8 ᠬᠡᠰᠡᠭ ᠬᠤᠭᠤᠴᠠᠭᠠᠨ ᠤ ᠳᠠᠷᠠᠭ᠎ᠠ᠂ ᠰᠠᠮᠰᠣᠨ ᠲᠡᠷᠡ ᠪᠦᠰᠡᠭᠦᠢ ᠶᠢ ᠪᠠᠭᠤᠯᠭᠠᠵᠤ ᠠᠪᠬᠤ ᠪᠠᠷ ᠪᠤᠴᠠᠵᠤ ᠢᠷᠡᠬᠦ ᠳᠡᠭᠡᠨ ᠵᠠᠮ ᠠᠴᠠ ᠪᠠᠨ ᠮᠤᠷᠤᠢᠨ ᠣᠴᠢᠵᠤ ᠨᠥᠭᠥᠭᠡ ᠠᠷᠰᠯᠠᠨ ᠤ ᠰᠡᠭ ᠢ ᠦᠵᠡᠬᠦ ᠳᠦ᠂ ᠲᠡᠭᠦᠨ ᠦ ᠳᠣᠲᠣᠷ᠎ᠠ ᠵᠥᠭᠡᠢ ᠶᠢᠨ ᠰᠦᠷᠦᠭ ᠪᠠ ᠪᠠᠯ ᠪᠠᠢᠪᠠ︕ 9 ᠲᠡᠷᠡ ᠪᠠᠯ ᠢ ᠭᠠᠷ ᠢᠶᠠᠷ ᠢᠶᠠᠨ ᠬᠠᠮᠤᠵᠤ ᠠᠪᠤᠭᠠᠳ ᠢᠳᠡᠭᠰᠡᠭᠡᠷ ᠶᠠᠪᠤᠪᠠ᠃ ᠲᠡᠷᠡ ᠡᠴᠢᠭᠡ ᠡᠬᠡ ᠳᠡᠭᠡᠨ ᠬᠦᠷᠴᠦ ᠢᠷᠡᠭᠡᠳ ᠪᠠᠯ ᠠᠴᠠ ᠪᠠᠨ ᠢᠳᠡᠭᠦᠯᠦᠭᠰᠡᠨ ᠪᠣᠯᠪᠠᠴᠤ ᠪᠠᠯ ᠢ ᠠᠷᠰᠯᠠᠨ ᠤ ᠰᠡᠭ ᠡᠴᠡ ᠠᠪᠤᠭᠰᠠᠨ ᠢᠶᠠᠨ ᠲᠡᠳᠡᠨ ᠳᠦ ᠬᠡᠯᠡᠭᠰᠡᠨ ᠦᠭᠡᠢ᠃ 10 ᠡᠴᠢᠭᠡ ᠡᠬᠡ ᠨᠢ ᠨᠥᠭᠥᠭᠡ ᠪᠦᠰᠡᠭᠦᠢ ᠲᠡᠢ ᠠᠭᠤᠯᠵᠠᠬᠤ ᠪᠠᠷ ᠪᠠᠭᠤᠨ ᠣᠴᠢᠪᠠ᠃ ᠲᠡᠨᠳᠡ ᠰᠠᠮᠰᠣᠨ ᠬᠦᠷᠭᠡᠳ ᠦᠨ ᠬᠢᠳᠡᠭ ᠳᠠᠢᠯᠠᠯᠭ᠎ᠠ ᠶᠢ ᠬᠢᠪᠡ᠃ 11 ᠲᠡᠨᠳᠡᠬᠢ ᠶᠢᠨ ᠬᠢᠨ ᠰᠠᠮᠰᠣᠨ ᠢ ᠬᠠᠷᠠᠭᠠᠳ᠂ ᠭᠤᠴᠢᠨ ᠬᠥᠮᠦᠨ ᠠᠪᠴᠢᠷᠠᠵᠤ ᠬᠦᠷᠭᠡᠨ ᠦ ᠳᠠᠭᠠᠭᠤᠯ ᠪᠣᠯᠭᠠᠵᠤ ᠲᠡᠭᠦᠨ ᠲᠡᠢ ᠬᠠᠮᠲᠤ ᠪᠠᠢᠯᠭᠠᠵᠠᠢ᠃ 12 ᠰᠠᠮᠰᠣᠨ ᠲᠡᠳᠡᠨ ᠳᠦ᠄ 《ᠪᠢ ᠲᠠ ᠨᠠᠷ ᠢᠶᠠᠷ ᠣᠨᠢᠰᠣᠭ᠎ᠠ ᠲᠠᠭᠠᠯᠭᠠᠶ᠎ᠠ᠃ ᠬᠡᠷᠪᠡ ᠲᠠ ᠨᠠᠷ ᠨᠠᠢᠷ ᠤᠨ ᠳᠣᠯᠣᠭᠠᠨ ᠬᠣᠨᠣᠭ ᠤᠨ ᠳᠣᠲᠣᠷ᠎ᠠ ᠵᠥᠪ ᠳᠠᠭᠠᠵᠤ᠂ ᠨᠠᠳᠠ ᠳᠤ ᠲᠠᠢᠯᠵᠤ ᠥᠭᠪᠡᠯ᠂ ᠪᠢ ᠲᠠ ᠨᠠᠷ ᠲᠤ ᠭᠤᠴᠢᠨ ᠮᠠᠭᠠᠯᠢᠩ᠋ᠭᠤᠨ ᠴᠠᠮᠴᠠ᠂ ᠭᠤᠴᠢᠨ ᠳᠡᠪᠡᠯ ᠥᠭᠭᠥᠨ᠎ᠡ᠂ 13 ᠲᠠᠢᠯᠵᠤ ᠴᠢᠳᠠᠬᠤ ᠦᠭᠡᠢ ᠪᠣᠯ ᠲᠠ ᠨᠠᠷ ᠨᠠᠳᠠ ᠳᠤ ᠭᠤᠴᠢᠨ ᠮᠠᠭᠠᠯᠢᠩ᠋ᠭᠤᠨ ᠴᠠᠮᠴᠠ᠂ ᠭᠤᠴᠢᠨ ᠳᠡᠪᠡᠯ ᠥᠭᠬᠦ ᠶᠣᠰᠣᠲᠠᠢ》 ᠭᠡᠬᠦ ᠳᠦ᠂ ᠲᠡᠳᠡ᠄ 《ᠣᠨᠢᠰᠣᠭ᠎ᠠ ᠪᠠᠨ ᠬᠡᠯᠡ᠂ ᠪᠢᠳᠡ ᠰᠣᠨᠣᠰᠣᠶ᠎ᠠ》 ᠭᠡᠵᠡᠭᠡᠪᠡ᠃ 14 ᠰᠠᠮᠰᠣᠨ ᠲᠡᠳᠡᠨ ᠳᠦ᠄ 《ᠢᠳᠡᠭᠴᠢ ᠡᠴᠡ ᠢᠳᠡᠭᠡᠨ ᠭᠠᠷᠪᠠ ᠢᠳᠡᠳᠡᠨ ᠡᠴᠡ ᠠᠮᠲᠠᠲᠠᠨ ᠭᠠᠷᠪᠠ》 ᠭᠡᠯ᠎ᠡ᠃
ᠭᠤᠷᠪᠠ ᠬᠣᠨᠣᠭᠰᠠᠨ ᠪᠣᠯᠪᠠᠴᠤ ᠲᠡᠳᠡ ᠣᠨᠢᠰᠣᠭ᠎ᠠ ᠶᠢ ᠲᠠᠢᠯᠵᠤ ᠴᠢᠳᠠᠭᠰᠠᠨ ᠦᠭᠡᠢ᠃

15 ᠳᠥᠷᠪᠡᠳᠡᠬᠢ ᠡᠳᠦᠷ ᠨᠢ ᠲᠡᠳᠡ ᠰᠠᠮᠰᠣᠨ ᠤ ᠡᠬᠡᠨᠡᠷ ᠲᠦ᠄ 《ᠴᠢ ᠨᠥᠬᠥᠷ ᠢᠶᠡᠨ ᠢᠳᠬᠠᠵᠤ ᠲᠡᠷᠡ ᠣᠨᠢᠰᠣᠭ᠎ᠠ ᠶᠢᠨ ᠲᠠᠢᠯᠤᠯ ᠢ ᠪᠢᠳᠡᠨ ᠳᠦ ᠬᠡᠯᠡᠭᠦᠯ᠃ ᠡᠰᠡ ᠲᠡᠭᠡᠪᠡᠰᠦ ᠪᠢᠳᠡ ᠴᠢᠮᠠᠶᠢ ᠡᠴᠢᠭᠡ ᠶᠢᠨ ᠴᠢᠨᠢ ᠭᠡᠷ ᠦᠨ ᠬᠢᠨ ᠲᠠᠢ ᠬᠠᠮᠲᠤ ᠭᠠᠯᠳᠠᠨ ᠰᠢᠲᠠᠭᠠᠨ᠎ᠠ᠃ ᠲᠠ ᠨᠠᠷ ᠳᠡᠭᠡᠷᠡᠮᠳᠡᠬᠦ ᠭᠡᠵᠦ ᠪᠢᠳᠡᠨ ᠢ ᠤᠷᠢᠭᠰᠠᠨ ᠶᠤᠮ ᠤᠤ︖ ᠲᠡᠢᠮᠦ ᠪᠢᠰᠢ ᠭᠡᠵᠢ ᠤᠤ︖》 ᠭᠡᠯᠴᠡᠪᠡ᠃ 16 ᠡᠬᠡᠨᠡᠷ ᠨᠢ ᠰᠠᠮᠰᠣᠨ ᠤ ᠡᠮᠦᠨ᠎ᠡ ᠤᠬᠢᠯᠠᠨ᠄ 《ᠴᠢ ᠨᠠᠳᠠ ᠳᠤ ᠬᠠᠢᠷ᠎ᠠ ᠦᠭᠡᠢ ᠶᠤᠮ ᠪᠠᠢᠨ᠎ᠠ᠂ ᠨᠠᠮᠠᠶᠢ ᠦᠵᠡᠨ ᠶᠠᠳᠠᠳᠠᠭ᠃ ᠴᠢ ᠮᠠᠨ ᠤ ᠡᠯᠢᠭᠡ ᠨᠢᠭᠡᠲᠡᠳ ᠢᠶᠡᠷ ᠣᠨᠢᠰᠣᠭ᠎ᠠ ᠲᠠᠭᠠᠯᠭᠠᠵᠤ ᠪᠠᠢᠨ᠎ᠠ ᠭᠡᠳ ᠨᠠᠳᠠ ᠳᠤ ᠲᠠᠢᠯᠤᠯ ᠢ ᠨᠢ ᠬᠡᠯᠡᠬᠦ ᠦᠭᠡᠢ ᠪᠠᠢᠨ᠎ᠠ》 ᠭᠡᠬᠦ ᠳᠦ᠂ ᠰᠠᠮᠰᠣᠨ ᠲᠡᠭᠦᠨ ᠳᠦ᠄ 《ᠬᠠᠷᠠ᠂ ᠪᠢ ᠡᠭᠦᠨ ᠢ ᠡᠴᠢᠭᠡ ᠡᠬᠡ ᠳᠡᠭᠡᠨ ᠴᠤ ᠲᠠᠢᠯᠵᠤ ᠥᠭᠭᠥᠭᠡ ᠦᠭᠡᠢ ᠠᠲᠠᠯ᠎ᠠ ᠴᠢᠮ᠎ᠠ ᠳᠤ ᠲᠠᠢᠯᠵᠤ ᠥᠭᠬᠦ ᠪᠣᠯᠵᠤ ᠪᠠᠢᠨ᠎ᠠ ᠤᠤ︖》 ᠭᠡᠪᠡ᠃ 17 ᠡᠬᠡᠨᠡᠷ ᠨᠢ ᠨᠠᠢᠷ ᠤᠨ ᠳᠣᠯᠣᠭᠠᠨ ᠬᠣᠨᠣᠭ ᠤᠨ ᠲᠤᠷᠰᠢᠳᠠ ᠰᠠᠮᠰᠣᠨ ᠤ ᠡᠮᠦᠨ᠎ᠡ ᠤᠬᠢᠯᠠᠵᠤ ᠶᠠᠩᠰᠢᠭᠠᠳ ᠪᠠᠢᠭᠰᠠᠨ ᠪᠣᠯᠬᠣᠷ ᠰᠠᠮᠰᠣᠨ ᠳᠣᠯᠣᠳᠠᠬᠢ ᠡᠳᠦᠷ ᠲᠤᠨᠢ ᠬᠡᠯᠡᠭᠡᠳ ᠥᠭᠴᠢᠬᠡᠪᠡ᠃ ᠲᠡᠭᠡᠬᠦ ᠳᠦ ᠲᠡᠷᠡ ᠪᠦᠰᠡᠭᠦᠢ ᠡᠯᠢᠭᠡ ᠨᠢᠭᠡᠲᠡᠳ ᠲᠡᠭᠡᠨ ᠲᠠᠢᠯᠤᠯ ᠢ ᠨᠢ ᠬᠡᠯᠡᠵᠦ ᠥᠭᠴᠡᠢ᠃ 18 ᠳᠣᠯᠣᠳᠠᠬᠢ ᠡᠳᠦᠷ ᠦᠨ ᠬᠢᠨᠢ ᠨᠠᠷᠠ ᠵᠢᠷᠭᠠᠬᠤ ᠠᠴᠠ ᠡᠮᠦᠨ᠎ᠡ ᠬᠣᠲᠠ ᠶᠢᠨ ᠬᠢᠨ ᠰᠠᠮᠰᠣᠨ ᠳᠤ ᠢᠷᠡᠵᠦ᠄ 《ᠵᠥᠭᠡᠢ ᠶᠢᠨ ᠪᠠᠯ ᠠᠴᠠ ᠠᠮᠲᠠᠲᠠᠢ ᠨᠢ ᠶᠠᠭᠤ ᠪᠤᠢ︖ ᠠᠷᠰᠯᠠᠨ ᠠᠴᠠ ᠬᠦᠴᠦᠲᠡᠢ ᠨᠢ ᠶᠠᠭᠤ ᠪᠤᠢ︖》 ᠭᠡᠬᠦ ᠳᠦ᠂ ᠰᠠᠮᠰᠣᠨ ᠲᠡᠳᠡᠨ ᠳᠦ᠄ 《ᠲᠠ ᠨᠠᠷ ᠮᠢᠨᠦ ᠥᠬᠢᠨ ᠲᠤᠭᠤᠯ ᠲᠠᠢ ᠬᠠᠮᠲᠤ ᠭᠠᠵᠠᠷ ᠬᠠᠭᠠᠯᠤᠭ᠎ᠠ ᠦᠭᠡᠢ ᠪᠣᠯ ᠮᠢᠨᠦ ᠣᠨᠢᠰᠣᠭ᠎ᠠ ᠶᠢ ᠳᠠᠭᠠᠵᠤ ᠴᠢᠳᠠᠬᠤ ᠦᠭᠡᠢ ᠪᠠᠢᠬᠤ ᠰᠠᠨ》 ᠭᠡᠪᠡ᠃
19 ᠲᠡᠭᠡᠲᠡᠯ᠎ᠡ ᠶᠣᠬᠣᠸᠠ ᠶᠢᠨ ᠰᠦᠨᠡᠰᠦ ᠰᠠᠮᠰᠣᠨ ᠤ ᠳᠡᠭᠡᠷ᠎ᠡ ᠬᠦᠴᠦᠲᠡᠢ ᠪᠠᠭᠤᠭᠰᠠᠨ ᠢᠶᠠᠷ ᠲᠡᠷᠡ ᠠᠱᠺᠧᠯᠣᠨ ᠤᠷᠤᠭᠤ ᠣᠴᠢᠭᠠᠳ ᠲᠡᠨᠳᠡᠬᠢ ᠶᠢᠨ ᠭᠤᠴᠢᠨ ᠡᠷ᠎ᠡ ᠶᠢ ᠨᠠᠮ ᠴᠣᠬᠢᠵᠤ᠂ ᠣᠯᠵᠠᠯᠠᠭᠰᠠᠨ ᠳᠡᠪᠡᠯ ᠢᠶᠡᠨ ᠣᠨᠢᠰᠣᠭ᠎ᠠ ᠳᠠᠭᠠᠭᠰᠠᠨ ᠬᠥᠮᠦᠰ ᠲᠦ ᠥᠭᠪᠡ᠃ ᠲᠡᠷᠡ ᠶᠡᠬᠡᠳᠡ ᠠᠭᠤᠷᠯᠠᠭᠠᠳ ᠡᠴᠢᠭᠡ ᠶᠢᠨ ᠢᠶᠠᠨ ᠭᠡᠷ ᠥᠭᠡᠳᠡ ᠬᠠᠷᠢᠪᠠ᠃ 20 ᠬᠠᠷᠢᠨ ᠰᠠᠮᠰᠣᠨ ᠤ ᠡᠬᠡᠨᠡᠷ ᠬᠦᠷᠭᠡᠨ ᠦ ᠳᠠᠭᠠᠭᠤᠯ ᠤᠨ ᠨᠢᠭᠡᠨ ᠦ ᠬᠢᠨᠢ ᠡᠬᠡᠨᠡᠷ ᠪᠣᠯᠣᠭᠰᠠᠨ ᠪᠠᠢᠨ᠎ᠠ᠃