ᠰᠢᠭᠦᠭᠴᠢᠳ ᠳᠣᠯᠣᠭ᠎ᠠ
ᠶᠣᠬᠣᠸᠠ ᠭᠢᠳᠧᠶᠣᠨ ᠤ ᠴᠡᠷᠢᠭ ᠢ ᠰᠢᠭᠰᠢᠪᠡ
1 ᠥᠷᠯᠥᠭᠡ ᠡᠷᠲᠡ ᠶᠧᠷᠦ᠋ᠪᠠᠯ ᠭᠡᠭᠳᠡᠳᠡᠭ ᠭᠢᠳᠧᠶᠣᠨ ᠪᠣᠯᠣᠨ ᠲᠡᠭᠦᠨ ᠲᠡᠢ ᠬᠠᠮᠲᠤ ᠪᠤᠢ ᠠᠷᠠᠳ ᠣᠯᠠᠨ ᠬᠠᠷᠣᠳ᠋ ᠤᠨ ᠪᠤᠯᠠᠭ ᠤᠨ ᠳᠡᠷᠭᠡᠳᠡ ᠬᠤᠸᠠᠷᠠᠩᠨᠠᠨ ᠪᠠᠭᠤᠪᠠ᠃ ᠮᠢᠳᠢᠶᠠᠨᠴᠤᠳ ᠲᠡᠳᠡᠨ ᠡᠴᠡ ᠬᠣᠢᠲᠤ ᠲᠠᠯ᠎ᠠ ᠳᠤ᠂ ᠮᠣᠷᠧ ᠶᠢᠨ ᠲᠣᠯᠣᠭᠠᠳ ᠤᠨ ᠬᠠᠵᠠᠭᠤ ᠳᠠᠬᠢ ᠬᠥᠨᠳᠡᠢ ᠲᠠᠯ᠎ᠠ ᠳᠤ ᠬᠤᠸᠠᠷᠠᠩᠨᠠᠵᠤ ᠪᠠᠢᠯ᠎ᠠ᠃
2 ᠶᠣᠬᠣᠸᠠ ᠭᠢᠳᠧᠶᠣᠨ ᠳᠤ ᠠᠢᠯᠠᠳᠤᠨ᠄ 《ᠴᠢᠮ᠎ᠠ ᠲᠠᠢ ᠪᠠᠢᠭ᠎ᠠ ᠠᠷᠠᠳ ᠬᠡᠲᠦᠷᠬᠡᠢ ᠣᠯᠠᠨ ᠪᠣᠯᠬᠣᠷ ᠪᠢ ᠮᠢᠳᠢᠶᠠᠨᠴᠤᠳ ᠢ ᠲᠡᠳᠡᠨ ᠦ ᠭᠠᠷ ᠲᠤ ᠲᠤᠰᠢᠶᠠᠬᠤ ᠦᠭᠡᠢ᠂ ᠢᠰᠷᠧᠯ᠄ 〈ᠮᠢᠨᠦ ᠭᠠᠷ ᠨᠠᠮᠠᠶᠢ ᠠᠪᠤᠷᠠᠭᠰᠠᠨ〉 ᠭᠡᠵᠦ ᠨᠠᠳᠠ ᠳᠤ ᠪᠠᠷᠳᠠᠮ ᠵᠠᠩ ᠭᠠᠷᠭᠠᠬᠤ ᠪᠤᠢ᠃ 3 ᠣᠳᠣ ᠠᠷᠠᠳ ᠣᠯᠠᠨ ᠳᠤ ᠵᠠᠷᠯᠠᠨ᠄ 〈ᠠᠶᠤᠵᠤ ᠰᠦᠷᠳᠡᠵᠦ ᠪᠠᠢᠭ᠎ᠠ ᠬᠥᠮᠦᠨ ᠪᠣᠯᠭᠠᠨ ᠪᠤᠴᠠᠵᠤ ᠪᠣᠯᠣᠨ᠎ᠠ᠂ ᠡᠨᠡ ᠭᠢᠯᠧᠶᠠᠳ᠋ ᠠᠭᠤᠯᠠ ᠠᠴᠠ ᠬᠤᠷᠳᠤᠨ ᠶᠠᠪᠤ〉 ᠭᠡᠵᠦ ᠬᠡᠯᠡ》 ᠭᠡᠪᠡ᠃ ᠢᠩᠭᠢᠭᠰᠡᠨ ᠳᠦ ᠬᠣᠶᠠᠷ ᠲᠦᠮᠡ ᠬᠣᠶᠠᠷ ᠮᠢᠩ᠋ᠭᠠᠨ ᠬᠥᠮᠦᠨ ᠪᠤᠴᠠᠵᠤ᠂ ᠲᠦᠮᠡᠨ ᠬᠥᠮᠦᠨ ᠦᠯᠡᠳᠡᠪᠡ᠃
4 ᠶᠣᠬᠣᠸᠠ ᠭᠢᠳᠧᠶᠣᠨ ᠳᠤ ᠠᠢᠯᠠᠳᠤᠨ᠄ 《ᠮᠥᠨ ᠯᠠ ᠳᠡᠩᠳᠡᠭᠦᠦ ᠣᠯᠠᠨ ᠪᠠᠢᠨ᠎ᠠ᠃ ᠲᠡᠳᠡᠨ ᠢ ᠤᠰᠤ ᠤᠷᠤᠭᠤ ᠠᠪᠠᠴᠢᠭᠠᠴᠢ᠃ ᠲᠡᠨᠳᠡ ᠪᠢ ᠲᠡᠳᠡᠨ ᠢ ᠴᠢᠮ᠎ᠠ ᠳᠤ ᠰᠢᠭᠰᠢᠵᠦ ᠥᠭᠭᠥᠶ᠎ᠡ᠃ ᠬᠡᠷᠪᠡ ᠪᠢ᠄ 〈ᠡᠨᠡ ᠬᠥᠮᠦᠨ ᠴᠢᠮ᠎ᠠ ᠲᠠᠢ ᠬᠠᠮᠲᠤ ᠶᠠᠪᠤᠨ᠎ᠠ〉 ᠭᠡᠵᠦ ᠬᠡᠯᠡᠪᠡᠯ ᠲᠡᠷᠡ ᠴᠢᠮ᠎ᠠ ᠲᠠᠢ ᠬᠠᠮᠲᠤ ᠶᠠᠪᠤᠨ᠎ᠠ᠃ ᠬᠡᠷᠪᠡ᠄ 〈ᠡᠨᠡ ᠬᠥᠮᠦᠨ ᠴᠢᠮ᠎ᠠ ᠲᠠᠢ ᠬᠠᠮᠲᠤ ᠶᠠᠪᠤᠬᠤ ᠦᠭᠡᠢ〉 ᠭᠡᠵᠦ ᠬᠡᠯᠡᠪᠡᠯ ᠲᠡᠷᠡ ᠶᠠᠪᠤᠬᠤ ᠦᠭᠡᠢ》 ᠭᠡᠰᠡᠨ ᠳᠦ᠂ 5 ᠭᠢᠳᠧᠶᠣᠨ ᠠᠷᠠᠳ ᠣᠯᠠᠨ ᠢ ᠤᠰᠤ ᠤᠷᠤᠭᠤ ᠠᠪᠠᠴᠢᠪᠠ᠃ ᠶᠣᠬᠣᠸᠠ ᠭᠢᠳᠧᠶᠣᠨ ᠳᠤ᠄ 《ᠨᠣᠬᠠᠢ ᠰᠢᠭ᠋ ᠬᠡᠯᠡ ᠪᠡᠷ ᠢᠶᠠᠨ ᠤᠰᠤ ᠳᠣᠯᠢᠶᠠᠬᠤ ᠬᠥᠮᠦᠰ ᠢ ᠰᠥᠭᠥᠳᠥᠭᠡᠳ ᠤᠰᠤ ᠤᠤᠭᠤᠵᠤ ᠪᠤᠢ ᠬᠥᠮᠦᠰ ᠡᠴᠡ ᠰᠠᠯᠭᠠᠵᠤ ᠵᠣᠭᠰᠣᠭ᠎ᠠ》 ᠭᠡᠪᠡ᠃ 6 ᠤᠰᠤ ᠶᠢ ᠠᠯᠠᠭ᠎ᠠ ᠪᠠᠷ ᠢᠶᠠᠨ ᠪᠢᠲᠡᠭᠦᠯᠡᠵᠦ ᠠᠮᠠᠨ ᠳᠠᠭᠠᠨ ᠬᠦᠷᠭᠡᠨ ᠳᠣᠯᠢᠶᠠᠵᠤ ᠤᠤᠭᠤᠭᠤ ᠬᠥᠮᠦᠨ ᠦ ᠲᠣᠭ᠎ᠠ ᠭᠤᠷᠪᠠᠨ ᠵᠠᠭᠤ ᠪᠠᠢᠪᠠ᠃ ᠬᠠᠷᠢᠨ ᠪᠤᠰᠤᠳ ᠨᠢ ᠪᠦᠭᠦᠳᠡᠭᠡᠷ ᠰᠥᠭᠥᠳᠥᠭᠡᠳ ᠤᠰᠤ ᠤᠤᠭᠤᠵᠤ ᠪᠠᠢᠯ᠎ᠠ᠃ 7 ᠶᠣᠬᠣᠸᠠ ᠭᠢᠳᠧᠶᠣᠨ ᠳᠤ ᠠᠢᠯᠠᠳᠤᠨ᠄ 《ᠤᠰᠤ ᠳᠣᠯᠢᠶᠠᠭᠴᠢ ᠭᠤᠷᠪᠠᠨ ᠵᠠᠭᠤᠨ ᠬᠥᠮᠦᠨ ᠢᠶᠡᠷ ᠳᠠᠮᠵᠢᠭᠤᠯᠤᠨ ᠪᠢ ᠲᠠ ᠨᠠᠷ ᠢ ᠠᠪᠤᠷᠠᠵᠤ᠂ ᠮᠢᠳᠢᠶᠠᠨᠴᠤᠳ ᠢ ᠴᠢᠨᠦ ᠭᠠᠷ ᠲᠤ ᠲᠤᠰᠢᠶᠠᠶ᠎ᠠ᠃ ᠪᠤᠰᠤᠳ ᠬᠥᠮᠦᠰ ᠢ ᠭᠡᠷ ᠤᠷᠤᠭᠤ ᠨᠢ ᠪᠤᠴᠠᠭ᠎ᠠ》 ᠭᠡᠰᠡᠨ ᠳᠦ᠂ 8 ᠭᠢᠳᠧᠶᠣᠨ ᠪᠤᠰᠤᠳ ᠢᠰᠷᠧᠯ ᠬᠥᠮᠦᠰ ᠢ ᠭᠡᠷ ᠤᠷᠤᠭᠤ ᠨᠢ ᠪᠤᠴᠠᠭᠠᠵᠤ ᠨᠥᠭᠥᠭᠡ ᠭᠤᠷᠪᠠᠨ ᠵᠠᠭᠤᠨ ᠬᠥᠮᠦᠨ ᠢ ᠦᠯᠡᠳᠡᠭᠡᠪᠡ᠃ ᠲᠡᠳᠡ ᠪᠤᠰᠤᠳ ᠤᠨ ᠢᠶᠠᠨ ᠭᠠᠷ ᠠᠴᠠ ᠵᠠᠮ ᠤᠨ ᠬᠦᠨᠡᠰᠦ ᠪᠣᠯᠣᠨ ᠡᠪᠡᠷ ᠪᠦᠷᠢᠶ᠎ᠡ ᠶᠢ ᠨᠢ ᠠᠪᠴᠠᠢ᠃ ᠮᠢᠳᠢᠶᠠᠨ ᠤ ᠬᠤᠸᠠᠷᠠᠨ ᠲᠡᠳᠡᠨ ᠦ ᠬᠢᠨ ᠡᠴᠡ ᠳᠣᠣᠷᠠᠬᠢ ᠬᠥᠨᠳᠡᠢ ᠲᠠᠯ᠎ᠠ ᠳᠤ ᠪᠠᠢᠯ᠎ᠠ᠃
ᠭᠢᠳᠧᠶᠣᠨ ᠮᠢᠳᠢᠶᠠᠨ ᠤ ᠬᠤᠸᠠᠷᠠᠨ ᠢ ᠲᠠᠩᠨᠠᠪᠠ
9 ᠲᠡᠷᠡ ᠰᠥᠨᠢ ᠳᠡᠭᠡᠨ ᠶᠣᠬᠣᠸᠠ ᠭᠢᠳᠧᠶᠣᠨ ᠳᠤ ᠠᠢᠯᠠᠳᠤᠨ᠄ 《ᠪᠣᠰ᠂ ᠨᠥᠭᠥᠭᠡ ᠬᠤᠸᠠᠷᠠᠨ ᠤᠷᠤᠭᠤ ᠳᠣᠪᠲᠣᠯ᠃ ᠪᠢ ᠲᠡᠭᠦᠨ ᠢ ᠴᠢᠨᠦ ᠭᠠᠷ ᠲᠤ ᠲᠤᠰᠢᠶᠠᠭᠰᠠᠨ᠃ 10 ᠬᠡᠷᠪᠡ ᠴᠢ ᠳᠣᠪᠲᠣᠯᠬᠤ ᠠᠴᠠ ᠠᠶᠤᠵᠤ ᠪᠠᠢᠪᠠᠯ ᠵᠠᠷᠤᠴᠠ ᠫᠦᠷᠠ ᠲᠠᠢ ᠪᠠᠨ ᠬᠠᠮᠲᠤ ᠬᠤᠸᠠᠷᠠᠨ ᠤᠷᠤᠭᠤ ᠣᠴᠢᠵᠤ᠂ 11 ᠲᠡᠳᠡᠨ ᠦ ᠶᠠᠭᠤ ᠶᠠᠷᠢᠯᠴᠠᠵᠤ ᠪᠠᠢᠭ᠎ᠠ ᠶᠢ ᠰᠣᠨᠣᠰ᠃ ᠢᠩᠭᠢᠭᠰᠡᠨ ᠦ ᠳᠠᠷᠠᠭ᠎ᠠ ᠴᠢ ᠵᠣᠷᠢᠭᠲᠠᠢ ᠪᠣᠯᠵᠤ ᠬᠤᠸᠠᠷᠠᠨ ᠤᠷᠤᠭᠤ ᠳᠠᠭᠠᠷᠢᠵᠤ ᠴᠢᠳᠠᠬᠤ ᠪᠣᠯᠣᠨ᠎ᠠ》 ᠭᠡᠰᠡᠨ ᠳᠦ᠂ ᠭᠢᠳᠧᠶᠣᠨ ᠵᠠᠷᠤᠴᠠ ᠫᠦᠷᠠ ᠲᠠᠢ ᠪᠠᠨ ᠬᠠᠮᠲᠤ ᠬᠤᠸᠠᠷᠠᠨ ᠤ ᠵᠠᠬ᠎ᠠ ᠳᠠᠬᠢ ᠬᠠᠷᠠᠭᠤᠯ ᠤᠨ ᠪᠠᠢᠷᠢ ᠤᠷᠤᠭᠤ ᠣᠴᠢᠵᠠᠢ᠃ 12 ᠮᠢᠳᠢᠶᠠᠨᠴᠤᠳ᠂ ᠠᠮᠠᠯᠧᠺᠴᠤᠳ ᠪᠣᠯᠣᠨ ᠳᠣᠷᠣᠨ᠎ᠠ ᠶᠢᠨ ᠪᠦᠬᠦ ᠦᠨᠳᠦᠰᠦᠲᠡᠨ ᠴᠠᠷᠴᠠᠬᠠᠢ ᠮᠡᠲᠦ ᠣᠯᠠᠨ ᠢᠶᠠᠷ ᠢᠶᠠᠨ ᠬᠥᠨᠳᠡᠢ ᠲᠠᠯ᠎ᠠ ᠪᠠᠷ ᠲᠠᠷᠬᠠᠵᠤ᠂ ᠲᠡᠳᠡᠨ ᠦ ᠲᠡᠮᠡᠭᠡᠳ ᠴᠤ ᠳᠠᠯᠠᠢ ᠶᠢᠨ ᠬᠥᠪᠡᠭᠡᠨ ᠦ ᠡᠯᠡᠰᠦ ᠮᠡᠲᠦ ᠲᠣᠭ᠎ᠠ ᠲᠣᠮᠰᠢ ᠦᠭᠡᠢ ᠣᠯᠠᠨ ᠪᠠᠢᠪᠠ᠃ 13 ᠭᠢᠳᠧᠶᠣᠨ ᠲᠡᠨᠳᠡ ᠬᠦᠷᠴᠦ ᠦᠵᠡᠬᠦ ᠳᠦ᠂ ᠨᠢᠭᠡᠨ ᠬᠥᠮᠦᠨ ᠨᠠᠢᠵᠠ ᠳᠠᠭᠠᠨ ᠵᠡᠭᠦᠳᠦ ᠪᠡᠨ ᠶᠠᠷᠢᠵᠤ ᠪᠠᠢᠪᠠ︕ ᠲᠡᠷᠡ ᠬᠥᠮᠦᠨ᠄ 《ᠬᠥᠶᠶ᠂ ᠪᠢ ᠵᠡᠭᠦᠳᠦ ᠵᠡᠭᠦᠳᠦᠯᠡᠯ᠎ᠡ᠃ ᠭᠡᠨᠡᠳᠲᠡ ᠨᠢᠭᠡ ᠠᠷᠪᠠᠢ ᠶᠢᠨ ᠪᠣᠣᠪᠣ ᠮᠢᠳᠢᠶᠠᠨᠴᠤᠳ ᠤᠨ ᠬᠤᠸᠠᠷᠠᠨ ᠳᠤ ᠥᠩᠬᠥᠷᠢᠵᠦ ᠢᠷᠡᠯ᠎ᠡ᠂ ᠲᠡᠷᠡ ᠮᠠᠢᠬᠠᠨ ᠢ ᠮᠥᠷᠭᠥᠵᠦ ᠳᠠᠢᠪᠢᠭᠤᠯᠤᠭᠰᠠᠨ ᠳᠤ ᠮᠠᠢᠬᠠᠨ ᠨᠤᠷᠠᠵᠤ ᠤᠨᠠᠭᠰᠠᠨ ᠰᠢᠦ》 ᠭᠡᠬᠦ ᠳᠦ᠂ 14 ᠨᠠᠢᠵᠠ ᠨᠢ ᠬᠠᠷᠢᠭᠤ ᠳᠤᠨᠢ᠄ 《ᠡᠨᠡ ᠴᠢᠨᠢ ᠢᠰᠷᠧᠯ ᠬᠥᠮᠦᠨ ᠶᠣᠶᠠᠱ ᠤᠨ ᠬᠥᠪᠡᠭᠦᠨ ᠭᠢᠳᠧᠶᠣᠨ ᠤ ᠢᠯᠳᠦ ᠪᠣᠯᠬᠤ ᠨᠢ ᠭᠠᠷᠴᠠᠭ᠎ᠠ ᠦᠭᠡᠢ᠃ ᠪᠤᠷᠬᠠᠨ ᠮᠢᠳᠢᠶᠠᠨᠴᠤᠳ ᠢ ᠪᠦᠬᠦ ᠬᠤᠸᠠᠷᠠᠨ ᠲᠠᠢ ᠨᠢ ᠬᠠᠮᠲᠤ ᠲᠡᠭᠦᠨ ᠦ ᠭᠠᠷ ᠲᠤ ᠲᠤᠰᠢᠶᠠᠭᠰᠠᠨ ᠪᠠᠢᠨ᠎ᠠ》 ᠭᠡᠵᠡᠢ᠃
ᠭᠢᠳᠧᠶᠣᠨ ᠮᠢᠳᠢᠶᠠᠨᠴᠤᠳ ᠢ ᠪᠤᠲᠠ ᠴᠣᠬᠢᠪᠠ
15 ᠭᠢᠳᠧᠶᠣᠨ ᠵᠡᠭᠦᠳᠦ ᠪᠣᠯᠣᠨ ᠲᠠᠢᠯᠤᠯ ᠢ ᠨᠢ ᠰᠣᠨᠣᠰᠣᠭᠠᠳ ᠪᠥᠬᠥᠢᠨ ᠮᠥᠷᠭᠥᠪᠡ᠃ ᠲᠡᠭᠡᠭᠡᠳ ᠢᠰᠷᠧᠯ ᠤᠨ ᠬᠤᠸᠠᠷᠠᠨ ᠳᠤ ᠪᠤᠴᠠᠵᠤ ᠢᠷᠡᠭᠡᠳ᠄ 《ᠪᠣᠰᠴᠠᠭ᠎ᠠ᠂ ᠶᠣᠬᠣᠸᠠ ᠮᠢᠳᠢᠶᠠᠨ ᠤ ᠬᠤᠸᠠᠷᠠᠨ ᠢ ᠲᠠ ᠨᠠᠷ ᠤᠨ ᠭᠠᠷ ᠲᠤ ᠲᠤᠰᠢᠶᠠᠵᠠᠢ》 ᠭᠡᠪᠡ᠃ 16 ᠲᠡᠷᠡ ᠭᠤᠷᠪᠠᠨ ᠵᠠᠭᠤᠨ ᠬᠥᠮᠦᠨ ᠢᠶᠡᠨ ᠭᠤᠷᠪᠠᠨ ᠪᠦᠯᠦᠭ ᠲᠦ ᠬᠤᠪᠢᠶᠠᠨ᠂ ᠬᠥᠮᠦᠨ ᠪᠦᠷᠢ ᠳᠤ ᠡᠪᠡᠷ ᠪᠦᠷᠢᠶ᠎ᠡ ᠪᠣᠯᠣᠨ ᠬᠣᠭᠣᠰᠣᠨ ᠰᠠᠪᠠ ᠭᠠᠷᠳᠠᠭᠤᠯᠵᠤ᠂ ᠰᠠᠪᠠᠨ ᠤ ᠳᠣᠲᠣᠷ᠎ᠠ ᠪᠠᠮᠪᠠᠷ ᠬᠢᠯᠭᠡᠭᠰᠡᠨ ᠦ ᠳᠠᠷᠠᠭ᠎ᠠ᠂ 17 ᠲᠡᠳᠡᠨ ᠳᠦ᠄ 《ᠨᠠᠮᠠᠶᠢ ᠬᠠᠷᠠᠵᠤ᠂ ᠳᠠᠭᠤᠷᠢᠶᠠᠨ ᠦᠢᠯᠡᠳᠦᠭᠲᠦᠨ᠃ ᠪᠢ ᠬᠤᠸᠠᠷᠠᠨ ᠤ ᠵᠠᠬ᠎ᠠ ᠳᠤ ᠬᠦᠷᠦᠭᠡᠳ ᠶᠠᠭᠤ ᠬᠢᠪᠡᠯ᠂ ᠲᠠ ᠨᠠᠷ ᠴᠤ ᠲᠡᠭᠡᠵᠦ ᠬᠢᠭᠲᠦᠨ᠃ 18 ᠪᠢ ᠪᠣᠯᠣᠨ ᠨᠠᠳᠠ ᠲᠠᠢ ᠬᠠᠮᠲᠤ ᠪᠠᠢᠭᠴᠢᠳ ᠪᠦᠭᠦᠳᠡᠭᠡᠷ ᠡᠪᠡᠷ ᠪᠦᠷᠢᠶ᠎ᠡ ᠦᠯᠢᠶᠡᠬᠦ ᠳᠦ᠂ ᠲᠠ ᠨᠠᠷ ᠴᠤ ᠬᠤᠸᠠᠷᠠᠨ ᠤ ᠪᠦᠬᠦ ᠲᠠᠯ᠎ᠠ ᠠᠴᠠ ᠡᠪᠡᠷ ᠪᠦᠷᠢᠶ᠎ᠡ ᠦᠯᠢᠶᠡᠵᠦ᠄ 〈ᠶᠣᠬᠣᠸᠠ ᠶᠢᠨ ᠲᠥᠯᠥᠭᠡ᠂ ᠭᠢᠳᠧᠶᠣᠨ ᠤ ᠲᠥᠯᠥᠭᠡ〉 ᠭᠡᠵᠦ ᠬᠠᠰᠬᠢᠷᠤᠯᠳᠤ》 ᠭᠡᠪᠡ᠃
19 ᠰᠥᠨᠢ ᠳᠤᠮᠳᠠ ᠶᠢᠨ ᠬᠠᠷᠠᠭᠤᠯ ᠡᠬᠢᠯᠡᠬᠦ ᠴᠠᠭ ᠲᠤ᠂ ᠬᠠᠷᠠᠭᠤᠯ ᠳᠥᠩᠭᠡᠵᠢ ᠰᠣᠯᠢᠭᠳᠠᠭᠰᠠᠨ ᠪᠠᠢᠬᠤ ᠳᠤ᠂ ᠭᠢᠳᠧᠶᠣᠨ ᠪᠣᠯᠣᠨ ᠲᠡᠭᠦᠨ ᠲᠡᠢ ᠬᠠᠮᠲᠤ ᠪᠠᠢᠭ᠎ᠠ ᠵᠠᠭᠤᠨ ᠬᠥᠮᠦᠨ ᠬᠤᠸᠠᠷᠠᠨ ᠤ ᠵᠠᠬ᠎ᠠ ᠳᠤ ᠬᠦᠷᠦᠭᠡᠳ ᠡᠪᠡᠷ ᠪᠦᠷᠢᠶ᠎ᠡ ᠪᠡᠨ ᠦᠯᠢᠶᠡᠵᠦ᠂ ᠭᠠᠷ ᠲᠠᠭᠠᠨ ᠪᠠᠢᠭ᠎ᠠ ᠰᠠᠪᠠ ᠶᠢ ᠬᠠᠭᠠᠯᠪᠠ᠃ 20 ᠢᠩᠭᠢᠵᠦ ᠭᠤᠷᠪᠠᠨ ᠪᠦᠯᠦᠭ ᠪᠦᠷᠢᠶ᠎ᠡ ᠪᠡᠨ ᠦᠯᠢᠶᠡᠨ ᠰᠠᠪᠠ ᠪᠠᠨ ᠬᠠᠭᠠᠯᠪᠠ᠃ ᠲᠡᠭᠡᠭᠡᠳ ᠵᠡᠭᠦᠨ ᠭᠠᠷ ᠲᠠᠭᠠᠨ ᠪᠠᠮᠪᠠᠷ ᠢᠶᠠᠨ ᠪᠠᠷᠢᠵᠤ᠂ ᠪᠠᠷᠠᠭᠤᠨ ᠭᠠᠷ ᠲᠠᠭᠠᠨ ᠪᠦᠷᠢᠶ᠎ᠡ ᠪᠡᠨ ᠪᠠᠷᠢᠨ ᠦᠯᠢᠶᠡᠵᠦ᠄ 《ᠶᠣᠬᠣᠸᠠ ᠶᠢᠨ ᠢᠯᠳᠦ᠂ ᠭᠢᠳᠧᠶᠣᠨ ᠤ ᠢᠯᠳᠦ》 ᠭᠡᠵᠦ ᠬᠠᠰᠬᠢᠷᠤᠯᠳᠤᠪᠠ᠃ 21 ᠲᠡᠳᠡ ᠬᠤᠸᠠᠷᠠᠨ ᠢ ᠪᠦᠰᠡᠯᠡᠭᠰᠡᠨ ᠬᠡᠪ ᠢᠶᠡᠷ ᠢᠶᠠᠨ ᠬᠥᠮᠦᠨ ᠪᠦᠷᠢ ᠪᠠᠢᠷᠢᠨ ᠳᠠᠭᠠᠨ ᠵᠣᠭᠰᠣᠵᠤ ᠪᠠᠢᠲᠠᠯ᠎ᠠ ᠮᠢᠳᠢᠶᠠᠨᠴᠤᠳ ᠪᠦᠭᠦᠳᠡᠭᠡᠷ ᠭᠦᠶᠦᠯᠳᠦᠨ᠂ ᠪᠠᠷᠬᠢᠷᠠᠯᠳᠤᠨ ᠵᠢᠭᠤᠲᠠᠪᠠ᠃ 22 ᠭᠤᠷᠪᠠᠨ ᠵᠠᠭᠤᠨ ᠬᠥᠮᠦᠨ ᠡᠪᠡᠷ ᠪᠦᠷᠢᠶ᠎ᠡ ᠦᠯᠢᠶᠡᠬᠦ ᠳᠦ᠂ ᠶᠣᠬᠣᠸᠠ ᠪᠦᠬᠦᠯᠢ ᠬᠤᠸᠠᠷᠠᠨ ᠳᠠᠶᠠᠭᠠᠷ ᠨᠢᠭᠡᠨ ᠦ ᠬᠢᠨᠢ ᠢᠯᠳᠦ ᠶᠢ ᠨᠥᠭᠥᠭᠡ ᠶᠢᠨ ᠬᠢᠨᠢ ᠡᠰᠡᠷᠭᠦ ᠵᠥᠷᠢᠯᠳᠦᠭᠦᠯᠦᠭᠰᠡᠨ ᠳᠦ᠂ ᠳᠠᠢᠰᠤᠨ ᠽᠧᠷᠧᠷᠠ ᠶᠢᠨ ᠪᠧᠲ ᠱᠢᠲ᠋ᠠ ᠬᠦᠷᠲᠡᠯ᠎ᠡ᠂ ᠴᠠᠰᠢ ᠨᠢ ᠲᠠᠪᠠᠲ ᠤᠨ ᠣᠢᠷᠠᠯᠴᠠᠭᠠᠬᠢ ᠠᠪᠧᠯ ᠮᠧᠬᠣᠯᠠ ᠶᠢᠨ ᠬᠢᠵᠠᠭᠠᠷ ᠬᠦᠷᠲᠡᠯ᠎ᠡ ᠵᠢᠭᠤᠲᠠᠵᠠᠭᠠᠪᠠ᠃ 23 ᠬᠠᠷᠢᠨ ᠢᠰᠷᠧᠯᠴᠦᠳ ᠨᠠᠹᠲ᠋ᠠᠯᠢ᠂ ᠠᠱᠧᠷ ᠪᠣᠯᠣᠨ ᠪᠦᠬᠦ ᠮᠠᠨᠠᠰᠧ ᠡᠴᠡ ᠪᠥᠭᠡᠮ ᠢᠶᠡᠷ ᠢᠶᠠᠨ ᠬᠥᠳᠡᠯᠵᠡᠭᠡᠨ᠂ ᠮᠢᠳᠢᠶᠠᠨ ᠤ ᠠᠷᠤ ᠠᠴᠠ ᠨᠡᠬᠡᠭᠰᠡᠨ ᠪᠠᠢᠨ᠎ᠠ᠃
24 ᠭᠢᠳᠧᠶᠣᠨ ᠡᠹᠷᠠᠢᠮ ᠤᠨ ᠠᠭᠤᠯᠠᠷᠬᠠᠭ ᠨᠤᠲᠤᠭ ᠳᠠᠶᠠᠭᠠᠷ ᠡᠯᠴᠢᠳ ᠢᠯᠡᠭᠡᠨ᠄ 《ᠪᠠᠭᠤᠨ ᠢᠷᠡᠵᠦ᠂ ᠮᠢᠳᠢᠶᠠᠨᠴᠤᠳ ᠤᠨ ᠵᠠᠮ ᠢ ᠲᠣᠰᠣᠭᠠᠷᠠᠢ᠂ ᠲᠡᠳᠡᠨ ᠡᠴᠡ ᠤᠷᠢᠳᠠᠪᠠᠷ ᠪᠧᠲ᠋ᠪᠠᠷᠠ ᠬᠦᠷᠲᠡᠯᠡᠬᠢ ᠶᠣᠷᠳᠠᠨ ᠤ ᠭᠠᠷᠠᠮ ᠢ ᠡᠵᠡᠯᠡ》 ᠭᠡᠰᠡᠨ ᠳᠦ᠂ ᠡᠹᠷᠠᠢᠮᠴᠤᠳ ᠪᠦᠭᠦᠳᠡᠭᠡᠷ ᠢᠶᠡᠨ ᠢᠷᠡᠵᠦ ᠪᠧᠲ᠋ᠪᠠᠷᠠ ᠬᠦᠷᠲᠡᠯᠡᠬᠢ ᠶᠣᠷᠳᠠᠨ ᠤ ᠭᠠᠷᠠᠮ ᠢ ᠡᠵᠡᠯᠡᠨ ᠠᠪᠤᠪᠠ᠃ 25 ᠲᠡᠳᠡ ᠮᠢᠳᠢᠶᠠᠨ ᠤ ᠬᠣᠶᠠᠷ ᠵᠠᠩᠵᠤᠨ ᠣᠷᠧᠪ ᠪᠣᠯᠣᠨ ᠽᠧᠪ ᠢ ᠣᠯᠵᠠᠯᠠᠵᠤ᠂ ᠣᠷᠧᠪ ᠢ ᠣᠷᠧᠪ ᠤᠨ ᠬᠠᠳᠠᠨ ᠳᠡᠭᠡᠷ᠎ᠡ᠂ ᠽᠧᠪ ᠢ ᠽᠧᠪ ᠤᠨ ᠦᠵᠦᠮ ᠦᠨ ᠰᠢᠬᠠᠭᠤᠷᠭ᠎ᠠ ᠳᠡᠭᠡᠷ᠎ᠡ ᠠᠯᠠᠪᠠ᠃ ᠲᠡᠳᠡ ᠮᠢᠳᠢᠶᠠᠨᠴᠤᠳ ᠢ ᠨᠡᠬᠡᠭᠰᠡᠭᠡᠷ᠂ ᠣᠷᠧᠪ ᠪᠣᠯᠣᠨ ᠽᠧᠪ ᠤᠨ ᠲᠣᠯᠣᠭᠠᠢ ᠶᠢ ᠶᠣᠷᠳᠠᠨ ᠤ ᠴᠢᠨᠠᠳᠤ ᠠᠴᠠ ᠭᠢᠳᠧᠶᠣᠨ ᠳᠤ ᠠᠪᠴᠢᠷᠠᠪᠠ᠃