1 2 3 4 5 6 7 8 9 10 11 12 13 14


ᠬᠣᠰᠧᠶ᠎ᠠ ᠨᠢᠭᠡ

1 ᠶᠦᠳᠠ ᠶᠢᠨ ᠬᠠᠭᠠᠳ ᠦᠽᠢᠶ᠎ᠠ᠂ ᠶᠣᠲ᠋ᠠᠮ᠂ ᠠᠬᠠᠽ ᠪᠠ ᠾᠧᠽᠧᠺᠢᠶ᠎ᠠ ᠨᠠᠷ ᠤᠨ ᠡᠳᠦᠷ ᠤᠳ ᠲᠤ᠂ ᠲᠤᠬᠠᠢᠯᠠᠪᠠᠯ ᠢᠰᠷᠧᠯ ᠤᠨ ᠬᠠᠭᠠᠨ᠂ ᠶᠣᠶᠠᠱ ᠤᠨ ᠬᠦᠦ ᠶᠧᠷᠣᠪᠣᠶᠠᠮ ᠤᠨ ᠡᠳᠦᠷ ᠤᠳ ᠲᠤ ᠪᠧᠷᠢ ᠶᠢᠨ ᠬᠦᠦ ᠬᠣᠰᠧᠶ᠎ᠠ ᠳᠤ ᠢᠷᠡᠭᠰᠡᠨ ᠶᠣᠬᠣᠸᠠ ᠶᠢᠨ ᠦᠭᠡ᠄
 ᠬᠣᠰᠧᠶ᠎ᠠ ᠶᠢᠨ ᠡᠬᠡᠨᠡᠷ ᠬᠡᠦᠬᠡᠳ ᠤᠳ

2 ᠶᠣᠬᠣᠸᠠ ᠠᠩᠬ᠎ᠠ ᠬᠣᠰᠧᠶ᠎ᠠ ᠪᠠᠷ ᠳᠠᠮᠵᠢᠭᠤᠯᠤᠨ ᠠᠢᠯᠠᠳᠬᠤ ᠳᠠᠭᠠᠨ ᠲᠡᠭᠦᠨ ᠳᠦ᠄ 《ᠡᠨᠡ ᠨᠤᠲᠤᠭ ᠤᠨ ᠬᠢᠨ ᠶᠣᠬᠣᠸᠠ ᠶᠢ ᠣᠷᠬᠢᠨ ᠵᠠᠪᠬᠠᠢᠷᠠᠭᠰᠠᠨ ᠳᠡᠭᠡᠷ᠎ᠡ ᠪᠡᠨ ᠵᠠᠪᠬᠠᠢᠷᠠᠭᠰᠠᠭᠠᠷ ᠪᠠᠢᠨ᠎ᠠ᠃ ᠴᠢ ᠵᠠᠪᠬᠠᠢ ᠡᠮᠡᠭᠲᠡᠢ ᠤᠷᠤᠭᠤ ᠣᠴᠢᠵᠤ᠂ ᠲᠡᠭᠦᠨ ᠢ ᠡᠬᠡᠨᠡᠷ ᠢᠶᠡᠨ ᠪᠣᠯᠭᠠᠨ ᠠᠪᠤᠭᠠᠳ ᠵᠠᠪᠬᠠᠢᠷᠠᠯ ᠤᠨ ᠦᠷ᠎ᠡ ᠬᠡᠦᠬᠡᠳ ᠲᠥᠷᠥᠭᠦᠯ》 ᠭᠡᠰᠡᠨ ᠳᠦ᠂ 3 ᠲᠡᠷᠡ ᠶᠠᠪᠤᠵᠤ᠂ ᠳ᠋ᠢᠪᠯᠠᠢᠮ ᠤᠨ ᠥᠬᠢᠨ ᠭᠣᠮᠧᠷ ᠢ ᠠᠪᠤᠯ᠎ᠠ᠃ ᠭᠣᠮᠧᠷ ᠵᠢᠷᠮᠦᠰᠦᠯᠡᠨ᠂ ᠲᠡᠭᠦᠨ ᠳᠦ ᠬᠦᠦ ᠲᠥᠷᠥᠭᠦᠯᠵᠦ ᠥᠭᠴᠡᠢ᠃

4 ᠶᠣᠬᠣᠸᠠ ᠬᠣᠰᠧᠶ᠎ᠠ ᠳᠤ᠄ 《ᠲᠡᠭᠦᠨ ᠢ ᠶᠧᠽᠷᠧᠯ ᠭᠡᠵᠦ ᠨᠡᠷᠡᠯᠡ᠃ ᠤᠴᠢᠷ ᠨᠢ ᠪᠢ ᠶᠧᠽᠷᠧᠯ ᠳᠤ ᠤᠷᠤᠰᠬᠠᠭᠰᠠᠨ ᠴᠢᠰᠤᠨ ᠤ ᠤᠯᠠᠮ ᠢᠶᠠᠷ ᠶᠧᠾᠦ᠋ ᠶᠢᠨ ᠭᠡᠷ ᠢ ᠤᠳᠠᠯ ᠦᠭᠡᠢ ᠰᠢᠳᠬᠡᠨ᠂ ᠢᠰᠷᠧᠯ ᠤᠨ ᠭᠡᠷ ᠦᠨ ᠬᠠᠭᠠᠨᠴᠢᠯᠠᠯ ᠢ ᠡᠴᠦᠰᠯᠡᠭᠦᠯᠦᠨ᠎ᠡ᠂ 5 ᠲᠡᠷᠡ ᠡᠳᠦᠷ ᠶᠧᠽᠷᠧᠯ ᠤᠨ ᠬᠥᠨᠳᠡᠢ ᠳᠦ ᠢᠰᠷᠧᠯ ᠤᠨ ᠨᠤᠮᠤ ᠶᠢ ᠬᠤᠭᠤᠯᠬᠤ ᠪᠣᠯᠣᠨ᠎ᠠ》 ᠭᠡᠵᠡᠢ᠃

6 ᠭᠣᠮᠧᠷ ᠳᠠᠬᠢᠨ ᠵᠢᠷᠮᠦᠰᠦᠯᠡᠨ ᠥᠬᠢᠨ ᠲᠥᠷᠥᠭᠦᠯᠵᠡᠢ᠃ ᠶᠣᠬᠣᠸᠠ ᠬᠣᠰᠧᠶ᠎ᠠ ᠳᠤ᠄ 《ᠲᠡᠷᠡ ᠥᠬᠢᠨ ᠢ ᠯᠣ ᠷᠦᠬᠠᠮᠠ 1 ᠭᠡᠵᠦ ᠨᠡᠷᠡᠯᠡ᠂ ᠤᠴᠢᠷ ᠨᠢ ᠪᠢ ᠢᠰᠷᠧᠯ ᠤᠨ ᠭᠡᠷ ᠢ ᠥᠷᠥᠰᠢᠶᠡᠬᠦ ᠪᠡᠨ ᠪᠣᠯᠢᠨ᠎ᠠ᠂ ᠪᠢ ᠲᠡᠳᠡᠨ ᠢ ᠣᠭᠲᠣᠬᠠᠨ ᠴᠤ ᠠᠭᠤᠴᠢᠯᠠᠬᠤ ᠦᠭᠡᠢ᠃ 7 ᠬᠠᠷᠢᠨ ᠪᠢ ᠶᠦᠳᠠ ᠶᠢᠨ ᠭᠡᠷ ᠢ ᠥᠷᠥᠰᠢᠶᠡᠵᠦ ᠠᠪᠤᠷᠠᠨ᠎ᠠ᠃ ᠨᠤᠮᠤ᠂ ᠢᠯᠳᠦ᠂ ᠲᠤᠯᠤᠯᠳᠤᠭᠠᠨ᠂ ᠮᠣᠷᠢ ᠪᠤᠶᠤ ᠮᠣᠷᠢᠲᠠᠨ ᠢᠶᠠᠷ ᠪᠤᠰᠤ᠂ ᠬᠠᠷᠢᠨ ᠲᠡᠳᠡᠨ ᠦ ᠪᠤᠷᠬᠠᠨ ᠶᠣᠬᠣᠸᠠ ᠪᠠᠷ ᠠᠪᠤᠷᠠᠨ᠎ᠠ》 ᠭᠡᠪᠡ᠃

8 ᠯᠣ ᠷᠦᠬᠠᠮᠠ ᠬᠥᠬᠥᠨ ᠡᠴᠡ ᠭᠠᠷᠤᠭᠰᠠᠨ ᠤ ᠳᠠᠷᠠᠭ᠎ᠠ᠂ ᠭᠣᠮᠧᠷ ᠳᠠᠬᠢᠨ ᠵᠢᠷᠮᠦᠰᠦᠯᠡᠨ ᠬᠦᠦ ᠲᠥᠷᠥᠭᠦᠯᠦᠭᠰᠡᠨ ᠳᠦ᠂ 9 ᠶᠣᠬᠣᠸᠠ ᠠᠢᠯᠠᠳᠴᠤ᠄ 《ᠲᠡᠭᠦᠨ ᠢ ᠯᠣ ᠠᠮᠢ 2 ᠭᠡᠵᠦ ᠨᠡᠷᠡᠯᠡ᠃ ᠤᠴᠢᠷ ᠨᠢ ᠲᠠ ᠨᠠᠷ ᠮᠢᠨᠦ ᠠᠷᠠᠳ ᠲᠦᠮᠡᠨ ᠪᠢᠰᠢ᠂ ᠪᠢ ᠴᠤ ᠲᠠ ᠨᠠᠷ ᠤᠨ ᠪᠤᠷᠬᠠᠨ ᠪᠢᠰᠢ》 ᠭᠡᠪᠡ᠃
 ᠢᠰᠷᠧᠯ ᠤᠨ ᠰᠡᠷᠭᠦᠯᠲᠡ

10 ᠭᠡᠪᠡᠴᠦ ᠢᠰᠷᠧᠯᠴᠦᠳ ᠦᠨ ᠲᠣᠭ᠎ᠠ ᠳᠠᠯᠠᠢ ᠶᠢᠨ ᠡᠯᠡᠰᠦ ᠮᠡᠲᠦ ᠬᠡᠮᠵᠢᠵᠦ ᠲᠣᠭᠠᠯᠠᠰᠢ ᠦᠭᠡᠢ ᠪᠣᠯᠣᠨ᠎ᠠ᠂ ᠲᠡᠳᠡ 《ᠲᠠ ᠨᠠᠷ ᠮᠢᠨᠦ ᠠᠷᠠᠳ ᠲᠦᠮᠡᠨ ᠪᠢᠰᠢ》 ᠭᠡᠭᠳᠡᠭᠰᠡᠨ ᠭᠠᠵᠠᠷ ᠳᠡᠭᠡᠷ᠎ᠡ ᠪᠡᠨ 《ᠠᠮᠢᠳᠤ ᠪᠤᠷᠬᠠᠨ ᠤ ᠬᠡᠦᠬᠡᠳ ᠤᠳ》 ᠭᠡᠭᠳᠡᠬᠦ ᠪᠣᠯᠣᠨ᠎ᠠ᠃ 11 ᠶᠦᠳᠠᠴᠤᠳ ᠪᠣᠯᠣᠨ ᠢᠰᠷᠧᠯᠴᠦᠳ ᠬᠠᠮᠲᠤ ᠳᠠᠭᠠᠨ ᠴᠤᠭᠯᠠᠷᠠᠵᠤ᠂ ᠨᠢᠭᠡᠨ ᠲᠡᠷᠢᠭᠦᠨ ᠢ ᠲᠣᠮᠢᠯᠠᠨ᠂ ᠲᠡᠷᠡ ᠭᠠᠵᠠᠷ ᠠᠴᠠ ᠭᠠᠷᠴᠤ ᠢᠷᠡᠨ᠎ᠡ᠂ ᠶᠧᠽᠷᠧᠯ ᠤᠨ ᠲᠡᠷᠡ ᠡᠳᠦᠷ ᠠᠭᠤᠤ ᠶᠤᠮ᠃