1 2 3 4 5 6 7 8 9 10 11 12 13 14


ᠬᠣᠰᠧᠶ᠎ᠠ ᠵᠢᠷᠭᠤᠭ᠎ᠠ
 ᠭᠡᠮᠰᠢᠯ ᠳᠤ ᠤᠷᠢᠶᠠᠯᠠᠪᠠ
1 ᠵᠠ᠂ ᠪᠢᠳᠡ ᠶᠣᠬᠣᠸᠠ ᠥᠭᠡᠳᠡ ᠡᠷᠭᠢᠵᠡᠭᠡᠶ᠎ᠡ ᠲᠡᠷᠡ ᠪᠢᠳᠡᠨ ᠢ ᠲᠠᠰᠤᠳᠠᠭᠰᠠᠨ ᠪᠣᠯᠪᠠᠴᠤ ᠡᠳᠡᠭᠡᠭᠡᠨ᠎ᠡ ᠲᠡᠷᠡ ᠪᠢᠳᠡᠨ ᠢ ᠴᠣᠬᠢᠭᠰᠠᠨ ᠪᠣᠯᠪᠠᠴᠤ ᠪᠣᠭᠣᠵᠤ ᠥᠭᠭᠥᠨ᠎ᠡ᠂
2 ᠬᠣᠶᠠᠷ ᠬᠣᠨᠣᠭ ᠤᠨ ᠳᠠᠷᠠᠭ᠎ᠠ ᠪᠢᠳᠡᠨ ᠢ ᠠᠮᠢᠯᠠᠭᠤᠯᠵᠤ ᠭᠤᠷᠪᠠᠳᠠᠬᠢ ᠡᠳᠦᠷ ᠲᠦ ᠪᠢᠳᠡᠨ ᠢ ᠪᠣᠰᠬᠠᠨ᠎ᠠ᠃ ᠲᠡᠢᠨ ᠬᠦ ᠪᠢᠳᠡ ᠲᠡᠭᠦᠨ ᠦ ᠣᠷᠣᠰᠢᠬᠤᠢ ᠳᠤ ᠠᠮᠢᠳᠤᠷᠠᠬᠤ ᠪᠣᠯᠣᠨ᠎ᠠ᠂
3 ᠲᠡᠢᠮᠦ ᠡᠴᠡ ᠪᠢᠳᠡ ᠶᠣᠬᠣᠸᠠ ᠶᠢ ᠲᠠᠨᠢᠵᠠᠭᠠᠶ᠎ᠠ ᠲᠡᠭᠦᠨ ᠢ ᠲᠠᠨᠢᠬᠤ ᠶᠢᠨ ᠲᠤᠯᠠᠳᠠ ᠰᠢᠮᠳᠠᠵᠠᠭᠠᠶ᠎ᠠ᠃ ᠦᠷ ᠯᠠᠪᠲᠠᠢ ᠴᠠᠢᠳᠠᠭ ᠤᠨ ᠠᠳᠠᠯᠢ ᠲᠡᠷᠡ ᠯᠠᠪᠲᠠᠢ ᠢᠷᠡᠨ᠎ᠡ ᠪᠣᠷᠣᠭ᠎ᠠ ᠮᠡᠲᠦ᠂ ᠭᠠᠵᠠᠷ ᠢ ᠤᠮᠳᠠᠯᠠᠬᠤ ᠬᠠᠪᠤᠷ ᠤᠨ ᠪᠣᠷᠣᠭ᠎ᠠ ᠮᠡᠲᠦ ᠲᠡᠷᠡ ᠪᠢᠳᠡᠨ ᠤᠷᠤᠭᠤ ᠢᠷᠡᠨ᠎ᠡ᠃
 ᠭᠡᠮᠰᠢᠯ ᠦᠭᠡᠢ ᠢᠰᠷᠧᠯ
4 ᠡᠹᠷᠠᠢᠮ ᠡ᠂ ᠪᠢ ᠴᠢᠮᠠᠶᠢ ᠶᠠᠭᠠᠬᠢᠬᠤ ᠶᠣᠰᠣᠲᠠᠢ ᠪᠤᠢ︖ ᠶᠦᠳᠠ ᠡ᠂ ᠪᠢ ᠴᠢᠮᠠᠶᠢ ᠶᠠᠭᠠᠬᠢᠬᠤ ᠶᠣᠰᠣᠲᠠᠢ ᠪᠤᠢ︖ ᠴᠢᠨᠦ ᠬᠠᠢᠷ᠎ᠠ ᠥᠷᠯᠥᠭᠡ ᠶᠢᠨ ᠮᠠᠨᠠᠨ᠂ ᠡᠷᠲᠡ ᠠᠯᠠᠭ᠎ᠠ ᠪᠣᠯᠳᠠᠭ ᠰᠢᠭᠦᠳᠡᠷᠢ ᠮᠡᠲᠦ᠃
5 ᠲᠡᠢᠮᠦ ᠡᠴᠡ ᠪᠢ ᠲᠡᠳᠡᠨ ᠢ ᠡᠰᠢ ᠦᠵᠡᠭᠦᠯᠦᠭᠴᠢᠳ ᠢᠶᠠᠷ ᠳᠠᠮᠵᠢᠭᠤᠯᠤᠨ ᠴᠠᠪᠴᠢᠵᠤ ᠠᠮᠠᠨ ᠤ ᠪᠠᠨ ᠦᠭᠡ ᠪᠡᠷ ᠰᠥᠨᠥᠭᠡᠭᠰᠡᠨ ᠮᠢᠨᠦ ᠰᠢᠭᠦᠯᠲᠡ ᠰᠠᠴᠤᠷᠠᠬᠤ ᠭᠡᠷᠡᠯ ᠮᠡᠲᠦ᠃
6 ᠪᠢ ᠲᠠᠬᠢᠯ ᠢ ᠪᠢᠰᠢ ᠡᠨᠡᠷᠢᠯ ᠢ ᠰᠢᠲᠠᠭᠠᠯᠭᠠᠲᠤ ᠲᠠᠬᠢᠯ ᠠᠴᠠ ᠢᠯᠡᠭᠦᠦ ᠪᠡᠷ ᠪᠤᠷᠬᠠᠨ ᠤ ᠮᠡᠳᠡᠯᠭᠡ ᠶᠢ ᠲᠠᠭᠠᠯᠠᠳᠠᠭ᠃
7 ᠬᠠᠷᠢᠨ ᠲᠡᠳᠡ ᠭᠡᠷ᠎ᠡ ᠶᠢ ᠠᠳᠠᠮ ᠰᠢᠭ᠋ ᠵᠥᠷᠢᠴᠡᠪᠡ ᠲᠡᠨᠳᠡ ᠨᠠᠳᠠ ᠠᠴᠠ ᠤᠷᠪᠠᠪᠠ᠃
8 ᠭᠢᠯᠧᠶᠠᠳ᠋ ᠪᠣᠯ ᠴᠢᠰᠤᠨ ᠮᠥᠷ ᠲᠡᠢ ᠮᠠᠭᠤ ᠶᠢ ᠦᠢᠯᠡᠳᠦᠭᠴᠢᠳ ᠤᠨ ᠬᠣᠲᠠ ᠶᠤᠮ᠃
9 ᠪᠦᠯᠦᠭᠯᠡᠭᠰᠡᠨ ᠲᠠᠬᠢᠯᠴᠢᠳ ᠨᠢ ᠳᠡᠭᠡᠷᠡᠮᠴᠢᠳ ᠮᠡᠲᠦ ᠪᠦᠭᠬᠦᠵᠦ ᠱᠧᠺᠧᠮ ᠤᠷᠤᠭᠤ ᠶᠠᠪᠤᠬᠤ ᠵᠠᠮ ᠳᠤ ᠬᠥᠮᠦᠨ ᠠᠯᠠᠵᠤ ᠵᠢᠭ᠍ᠰᠢᠮᠡᠷ ᠭᠡᠮ ᠦᠢᠯᠡᠳᠳᠡᠭ᠃
10 ᠢᠰᠷᠧᠯ ᠤᠨ ᠭᠡᠷ ᠲᠦ ᠪᠢ ᠠᠶᠤᠮᠰᠢᠭᠲᠤ ᠶᠠᠪᠤᠳᠠᠯ ᠢ ᠬᠠᠷᠠᠭᠰᠠᠨ ᠡᠹᠷᠠᠢᠮ ᠲᠡᠨᠳᠡ ᠵᠠᠪᠬᠠᠢᠷᠠᠯ ᠳᠤ ᠠᠪᠲᠠᠪᠠ ᠢᠰᠷᠧᠯ ᠥᠪᠡᠷ ᠢ ᠪᠠᠨ ᠪᠤᠵᠠᠷᠯᠠᠪᠠ᠂
11 ᠶᠦᠳᠠ ᠡ᠂ ᠴᠢᠨᠦ ᠲᠥᠯᠥᠭᠡ ᠬᠤᠷᠢᠶᠠᠯᠲᠠ ᠶᠢᠨ ᠴᠠᠭ ᠲᠣᠪᠯᠠᠭᠳᠠᠵᠠᠢ᠃