ᠶᠣᠬᠠᠨ ᠨᠢᠭᠡ
ᠪᠤᠷᠬᠠᠨ ᠬᠥᠮᠦᠨ ᠪᠣᠯᠣᠭᠰᠠᠨ ᠨᠢ
1 ᠡᠬᠢᠨ ᠳᠤ ᠦᠭᠡ 1 ᠪᠠᠢᠭᠰᠠᠨ᠃ ᠲᠡᠷᠡ ᠦᠭᠡ ᠪᠤᠷᠬᠠᠨ ᠲᠠᠢ ᠬᠠᠮᠲᠤ ᠪᠠᠢᠭᠰᠠᠨ᠂ ᠲᠡᠷᠡ ᠦᠭᠡ ᠨᠢ ᠪᠤᠷᠬᠠᠨ ᠪᠢᠯᠡ᠃ 2 ᠡᠬᠢᠨ ᠳᠤ ᠲᠡᠷᠡ ᠪᠡᠷ ᠪᠤᠷᠬᠠᠨ ᠲᠠᠢ ᠬᠠᠮᠲᠤ ᠪᠠᠢᠭᠰᠠᠨ᠃ 3 ᠬᠠᠮᠤᠭ ᠶᠠᠭᠤᠮ᠎ᠠ ᠲᠡᠭᠦᠨ ᠢᠶᠡᠷ ᠪᠦᠲᠦᠪᠡ᠃ ᠲᠡᠷᠡ ᠦᠭᠡᠢ ᠪᠠᠷ ᠪᠦᠲᠦᠭᠰᠡᠨ ᠨᠢ ᠨᠢᠭᠡ ᠴᠤ ᠦᠭᠡᠢ᠃ 4 ᠠᠮᠢ ᠲᠡᠭᠦᠨ ᠦ ᠳᠣᠲᠣᠷ᠎ᠠ ᠪᠠᠢᠭᠰᠠᠨ᠃ ᠲᠡᠷᠡ ᠠᠮᠢ ᠨᠢ ᠬᠥᠮᠦᠨ ᠦ ᠭᠡᠷᠡᠯ ᠮᠥᠨ᠃ 5 ᠭᠡᠷᠡᠯ ᠬᠠᠷᠠᠩ᠋ᠭᠤᠢ ᠶᠢ ᠭᠡᠶᠢᠭᠦᠯᠵᠦ ᠪᠠᠢᠨ᠎ᠠ᠂ ᠬᠠᠷᠠᠩ᠋ᠭᠤᠢ ᠨᠢ ᠲᠡᠭᠦᠨ ᠢ ᠡᠵᠡᠮᠰᠢᠭᠡ ᠦᠭᠡᠢ 2 ᠃
6 ᠪᠤᠷᠬᠠᠨ ᠠᠴᠠ ᠢᠯᠡᠭᠡᠭᠳᠡᠭᠰᠡᠨ ᠶᠣᠬᠠᠨ ᠭᠡᠳᠡᠭ ᠬᠥᠮᠦᠨ ᠪᠠᠢᠵᠠᠢ᠃ 7 ᠲᠡᠷᠡ ᠪᠡᠷ ᠨᠥᠭᠥᠭᠡ ᠭᠡᠷᠡᠯ ᠦᠨ ᠲᠤᠬᠠᠢ ᠭᠡᠷᠡᠴᠢᠯᠡᠵᠦ᠂ ᠡᠭᠦᠨ ᠢᠶᠡᠷ ᠨᠢ ᠬᠥᠮᠦᠨ ᠪᠦᠬᠦᠨ ᠢᠲᠡᠭᠡᠭᠡᠰᠡᠢ ᠭᠡᠰᠡᠨ ᠳᠡᠭᠡᠨ ᠭᠡᠷᠡᠴᠢ ᠪᠣᠯᠬᠤ ᠪᠠᠷ ᠢᠷᠡᠵᠡᠢ᠃ 8 ᠲᠡᠷᠡ ᠥᠪᠡᠷ ᠢᠶᠡᠨ ᠨᠥᠭᠥᠭᠡ ᠭᠡᠷᠡᠯ ᠪᠢᠰᠢ᠂ ᠬᠠᠷᠢᠨ ᠨᠥᠭᠥᠭᠡ ᠭᠡᠷᠡᠯ ᠦᠨ ᠲᠤᠬᠠᠢ ᠭᠡᠷᠡᠴᠢᠯᠡᠬᠦ ᠪᠡᠷ ᠢᠷᠡᠭᠰᠡᠨ ᠠᠵᠢ᠃ 9 ᠬᠥᠮᠦᠨ ᠪᠦᠷᠢ ᠶᠢ ᠭᠡᠶᠢᠭᠦᠯᠳᠡᠭ ᠲᠡᠷᠡ ᠵᠢᠩᠬᠢᠨᠢ ᠭᠡᠷᠡᠯ ᠶᠢᠷᠲᠢᠨᠴᠦ ᠤᠷᠤᠭᠤ ᠢᠷᠡᠵᠦ ᠪᠠᠢᠪᠠ᠃ 10 ᠲᠡᠷᠡ ᠨᠢ ᠶᠢᠷᠲᠢᠨᠴᠦ ᠳᠦ ᠪᠠᠢᠭᠰᠠᠨ᠂ ᠶᠢᠷᠲᠢᠨᠴᠦ ᠲᠡᠭᠦᠨ ᠢᠶᠡᠷ ᠪᠦᠲᠦᠭᠰᠡᠨ ᠠᠲᠠᠯ᠎ᠠ ᠶᠢᠷᠲᠢᠨᠴᠦ ᠲᠡᠭᠦᠨ ᠢ ᠲᠠᠨᠢᠭᠰᠠᠨ ᠦᠭᠡᠢ᠃ 11 ᠲᠡᠷᠡ ᠥᠪᠡᠷ ᠦᠨ ᠬᠢᠨ ᠳᠡᠭᠡᠨ ᠢᠷᠡᠭᠰᠡᠨ ᠪᠣᠯᠪᠠᠴᠤ ᠥᠪᠡᠷ ᠦᠨ ᠬᠢᠨ ᠨᠢ ᠲᠡᠭᠦᠨ ᠢ ᠬᠦᠯᠢᠶᠡᠨ ᠠᠪᠤᠭᠰᠠᠨ ᠦᠭᠡᠢ᠃ 12 ᠬᠠᠷᠢᠨ ᠲᠡᠷᠡ ᠥᠪᠡᠷ ᠢ ᠨᠢ ᠬᠦᠯᠢᠶᠡᠨ ᠠᠪᠤᠭᠰᠠᠨ ᠪᠣᠯᠭᠠᠨ ᠳᠤ᠂ ᠲᠤᠬᠠᠢᠯᠠᠪᠠᠯ ᠥᠪᠡᠷ ᠦᠨ ᠬᠢᠨᠢ ᠨᠡᠷ᠎ᠡ ᠳᠦ ᠢᠲᠡᠭᠡᠭᠴᠢᠳ ᠲᠤ ᠪᠤᠷᠬᠠᠨ ᠤ ᠬᠡᠦᠬᠡᠳ ᠪᠣᠯᠬᠤ ᠡᠷᠬᠡ ᠶᠢ ᠰᠣᠶᠣᠷᠬᠠᠪᠠ᠃ 13 ᠲᠡᠳᠡ ᠪᠣᠯ ᠴᠢᠰᠤᠨ ᠠᠴᠠ ᠪᠢᠰᠢ᠂ ᠮᠢᠬᠠᠨ ᠪᠡᠶ᠎ᠡ ᠶᠢᠨ ᠬᠦᠰᠡᠯ ᠡᠴᠡ ᠪᠢᠰᠢ᠂ ᠬᠥᠮᠦᠨ ᠦ ᠬᠦᠰᠡᠯ ᠡᠴᠡ ᠴᠤ ᠪᠢᠰᠢ᠂ ᠬᠠᠷᠢᠨ ᠪᠤᠷᠬᠠᠨ ᠠᠴᠠ ᠲᠥᠷᠥᠭᠰᠡᠳ ᠪᠢᠯᠡ᠃
14 ᠦᠭᠡ ᠮᠢᠬᠠᠨ ᠪᠡᠶ᠎ᠡ ᠪᠣᠯᠵᠤ ᠪᠢᠳᠡᠨ ᠦ ᠳᠤᠮᠳᠠ ᠰᠠᠭᠤᠷᠢᠰᠢᠪᠠ᠃ ᠪᠢᠳᠡ ᠲᠡᠭᠦᠨ ᠦ ᠠᠯᠳᠠᠷ ᠰᠤᠤ᠂ ᠲᠤᠬᠠᠢᠯᠠᠪᠠᠯ ᠡᠴᠢᠭᠡ ᠶᠢᠨ ᠴᠣᠷ ᠤᠨ ᠭᠠᠭᠴᠠ ᠬᠦᠦ ᠶᠢᠨ ᠠᠯᠳᠠᠷ ᠰᠤᠤ ᠶᠢ ᠬᠠᠷᠠᠵᠠᠭᠠᠪᠠ᠃ ᠲᠡᠭᠦᠨ ᠳᠦ ᠢᠪᠡᠭᠡᠯ ᠪᠠ ᠦᠨᠡᠨ ᠳᠦᠭᠦᠷᠡᠩ ᠪᠠᠢᠭᠰᠠᠨ ᠶᠤᠮ᠃ 15 ᠶᠣᠬᠠᠨ ᠲᠡᠭᠦᠨ ᠦ ᠲᠤᠬᠠᠢ ᠭᠡᠷᠡᠴᠢᠯᠡᠨ ᠬᠠᠰᠬᠢᠷᠴᠤ᠄ 《ᠮᠢᠨᠦ ᠶᠠᠷᠢᠵᠤ ᠪᠠᠢᠭᠰᠠᠨ ᠬᠥᠮᠦᠨ ᠡᠨᠡ ᠪᠠᠢᠨ᠎ᠠ᠂ ᠮᠢᠨᠦ ᠠᠷᠤ ᠠᠴᠠ ᠢᠷᠡᠭᠴᠢ ᠨᠠᠳᠠ ᠠᠴᠠ ᠲᠦᠷᠦᠭᠦᠯᠡᠪᠡ᠂ ᠤᠴᠢᠷ ᠨᠢ ᠲᠡᠷᠡ ᠨᠠᠳᠠ ᠠᠴᠠ ᠤᠷᠢᠳᠤ ᠪᠠᠢᠭᠰᠠᠨ》 ᠭᠡᠯᠡ᠃ 16 ᠲᠡᠭᠦᠨ ᠦ ᠳᠦᠭᠦᠷᠡᠩ ᠪᠠᠢᠳᠠᠯ ᠠᠴᠠ ᠪᠢᠳᠡ ᠪᠦᠭᠦᠳᠡᠭᠡᠷ ᠢᠶᠡᠨ ᠢᠪᠡᠭᠡᠯ ᠳᠡᠭᠡᠷ᠎ᠡ ᠢᠪᠡᠭᠡᠯ ᠬᠦᠯᠢᠶᠡᠨ ᠠᠪᠤᠭᠰᠠᠨ ᠶᠤᠮ᠃ 17 ᠬᠠᠤᠯᠢ ᠨᠢ ᠮᠣᠰᠧ ᠪᠠᠷ ᠳᠠᠮᠵᠢᠨ ᠰᠣᠶᠣᠷᠬᠠᠭᠳᠠᠭᠰᠠᠨ ᠪᠣᠯ᠂ ᠢᠪᠡᠭᠡᠯ ᠪᠠ ᠦᠨᠡᠨ ᠨᠢ ᠢᠰᠦ᠋ᠰ ᠾᠷᠢᠰᠲ᠋ᠣᠰ ᠢᠶᠠᠷ ᠳᠠᠮᠵᠢᠨ ᠪᠤᠢ ᠪᠣᠯᠪᠠ᠃ 18 ᠬᠡᠨ ᠴᠤ᠂ ᠬᠡᠵᠢᠶ᠎ᠡ ᠴᠤ ᠪᠤᠷᠬᠠᠨ ᠢ ᠬᠠᠷᠠᠵᠤ ᠪᠠᠢᠭ᠎ᠠ ᠦᠭᠡᠢ᠂ ᠬᠠᠷᠢᠨ ᠡᠴᠢᠭᠡ ᠶᠢᠨ ᠡᠪᠦᠷ ᠳᠠᠬᠢ ᠴᠣᠷ ᠤᠨ ᠭᠠᠭᠴᠠ ᠬᠦᠦ ᠨᠢ ᠯᠠ ᠲᠡᠭᠦᠨ ᠢ ᠢᠯᠡᠷᠬᠡᠶᠢᠯᠡᠭᠰᠡᠨ ᠶᠤᠮ᠃
ᠶᠣᠬᠠᠨ ᠤ ᠭᠡᠷᠡᠴᠢᠯᠡᠯ
19 ᠶᠣᠬᠠᠨ ᠤ ᠭᠡᠷᠡᠴᠢᠯᠡᠯ ᠡᠢᠮᠦ ᠪᠠᠢᠨ᠎ᠠ᠄ ᠶᠦᠳᠠᠢᠴᠤᠳ ᠶᠧᠷᠦ᠋ᠰᠠᠯᠧᠮ ᠡᠴᠡ ᠲᠠᠬᠢᠯᠴᠢᠳ ᠪᠠ ᠯᠧᠸᠢᠴᠦᠳ ᠢ ᠢᠯᠡᠭᠡᠨ᠄ 《ᠲᠠ ᠬᠡᠨ ᠪᠤᠢ︖》 ᠭᠡᠵᠦ ᠶᠣᠬᠠᠨ ᠠᠴᠠ ᠠᠰᠠᠭᠤᠯᠭᠠᠭᠰᠠᠨ ᠳᠤ᠂ 20 ᠲᠡᠷᠡ ᠮᠡᠯᠵᠢᠯ ᠦᠭᠡᠢ ᠥᠴᠢᠵᠦ᠄ 《ᠪᠢ ᠾᠷᠢᠰᠲ᠋ᠣᠰ ᠪᠢᠰᠢ》 ᠭᠡᠵᠦ ᠢᠯᠡᠳᠲᠡ ᠬᠡᠯᠡᠯ᠎ᠡ᠃ 21 ᠲᠡᠳᠡ ᠲᠡᠭᠦᠨ ᠡᠴᠡ᠄ 《ᠲᠡᠭᠡᠪᠡᠯ ᠲᠠ ᠬᠡᠨ ᠶᠤᠮ ᠪᠤᠢ︖ ᠧᠯᠢᠶ᠎ᠠ ᠶᠤᠮ ᠤᠤ︖》 ᠭᠡᠰᠡᠨ ᠳᠦ᠂ ᠲᠡᠷᠡ᠄ 《ᠪᠢ ᠪᠢᠰᠢ》 ᠭᠡᠪᠡ᠃ 《ᠲᠡᠭᠡᠪᠡᠯ ᠲᠠ ᠥᠨᠥᠬᠢ ᠡᠰᠢ ᠦᠵᠡᠭᠦᠯᠦᠭᠴᠢ 3 ᠤᠤ︖》 ᠭᠡᠰᠡᠨ ᠳᠦ᠂ ᠲᠡᠷᠡ᠄ 《ᠪᠢᠰᠢ》 ᠭᠡᠯᠡ᠃ 22 ᠲᠡᠭᠡᠲᠡᠯ᠎ᠡ ᠲᠡᠳᠡ ᠲᠡᠭᠦᠨ ᠳᠦ᠄ 《ᠲᠠ ᠬᠡᠨ ᠪᠤᠢ︖ ᠪᠢᠳᠡᠨ ᠢ ᠶᠠᠪᠤᠭᠤᠯᠤᠭᠰᠠᠨ ᠬᠥᠮᠦᠰ ᠲᠦ ᠪᠢᠳᠡ ᠬᠠᠷᠢᠭᠤ ᠥᠭᠬᠦ ᠶᠣᠰᠣᠲᠠᠢ᠃ ᠬᠡᠨ ᠭᠡᠳᠡᠭ ᠢᠶᠡᠨ ᠲᠠ ᠥᠪᠡᠷ ᠢᠶᠡᠨ ᠬᠡᠯᠡᠭᠡᠴᠢ》 ᠭᠡᠪᠡ᠃ 23 ᠶᠣᠬᠠᠨ᠄ 《ᠪᠢ ᠪᠣᠯ 〈ᠡᠵᠡᠨ ᠦ ᠵᠠᠮ ᠢ ᠰᠢᠯᠤᠭᠤᠳᠬᠠᠭᠲᠤᠨ〉 ᠭᠡᠵᠦ ᠴᠥᠯ ᠳᠤ ᠬᠠᠰᠬᠢᠷᠤᠭᠴᠢ ᠨᠢᠭᠡᠨ ᠦ ᠳᠠᠭᠤ》 ᠬᠡᠮᠡᠨ ᠡᠰᠢ ᠦᠵᠡᠭᠦᠯᠦᠭᠴᠢ ᠢᠰᠠᠢᠶ᠎ᠠ ᠶᠢᠨ ᠦᠭᠡ ᠪᠡᠷ ᠬᠠᠷᠢᠭᠤᠯᠪᠠ᠃
24 ᠲᠡᠳᠡ ᠨᠠᠷ ᠢ ᠹᠠᠷᠢᠰᠠᠢᠴᠤᠳ ᠢᠯᠡᠭᠡᠭᠰᠡᠨ ᠪᠠᠢᠯ᠎ᠠ᠃ 25 ᠲᠡᠳᠡ ᠶᠣᠬᠠᠨ ᠠᠴᠠ᠄ 《ᠬᠡᠷᠪᠡ ᠲᠠ ᠾᠷᠢᠰᠲ᠋ᠣᠰ ᠪᠢᠰᠢ᠂ ᠧᠯᠢᠶ᠎ᠠ ᠴᠤ ᠪᠢᠰᠢ᠂ ᠥᠨᠥᠬᠢ ᠡᠰᠢ ᠦᠵᠡᠭᠦᠯᠦᠭᠴᠢ ᠴᠤ ᠪᠢᠰᠢ ᠪᠣᠯ᠂ ᠶᠠᠭᠤᠨ ᠳᠤ ᠤᠬᠢᠶᠠᠯ ᠥᠭᠭᠥᠨ᠎ᠡ ᠪᠤᠢ︖》 ᠭᠡᠵᠦ ᠠᠰᠠᠭᠤᠭᠰᠠᠨ ᠳᠤ᠂ 26 ᠶᠣᠬᠠᠨ ᠬᠠᠷᠢᠭᠤ ᠳᠤᠨᠢ᠄ 《ᠪᠢ ᠤᠰᠤ ᠪᠠᠷ ᠯᠠ ᠤᠬᠢᠶᠠᠯ ᠥᠭᠳᠡᠭ᠃ ᠬᠠᠷᠢᠨ ᠲᠠ ᠨᠠᠷ ᠤᠨ ᠦᠯᠦ ᠲᠠᠨᠢᠬᠤ ᠨᠢᠭᠡᠨ ᠨᠢ ᠲᠠ ᠨᠠᠷ ᠤᠨ ᠳᠤᠮᠳᠠ ᠪᠠᠢᠨ᠎ᠠ᠃ 27 ᠮᠢᠨᠦ ᠠᠷᠤ ᠠᠴᠠ ᠢᠷᠡᠭᠴᠢ ᠨᠢ ᠲᠡᠷᠡ ᠪᠥᠭᠡᠳ ᠨᠠᠳᠠ ᠳᠤ ᠲᠡᠭᠦᠨ ᠦ ᠱᠠᠬᠠᠢ ᠶᠢᠨ ᠤᠶᠠᠭᠠᠰᠤ ᠶᠢ ᠲᠠᠢᠯᠬᠤ ᠬᠢᠷᠢ ᠭᠡᠮ ᠴᠤ ᠪᠠᠢᠬᠤ ᠦᠭᠡᠢ》 ᠭᠡᠵᠦ ᠬᠡᠯᠡᠪᠡ᠃ 28 ᠡᠳᠡᠭᠡᠷ ᠶᠠᠪᠦᠳᠠᠯ ᠶᠣᠷᠳᠠᠨ ᠭᠣᠣᠯ ᠤᠨ ᠲᠡᠷᠲᠡᠭᠡᠬᠢ ᠪᠧᠲ᠋ᠠᠨᠢᠶ᠎ᠠ ᠳᠤ ᠪᠣᠯᠵᠠᠢ᠃ ᠶᠣᠬᠠᠨ ᠲᠡᠨᠳᠡ ᠤᠬᠢᠶᠠᠯ ᠥᠭᠴᠦ ᠪᠠᠢᠭᠰᠠᠨ ᠶᠤᠮ᠃
29 ᠮᠠᠷᠭᠠᠰᠢ ᠨᠢ ᠶᠣᠬᠠᠨ ᠨᠠᠰᠢ ᠠᠢᠰᠤᠢ ᠢᠰᠦ᠋ᠰ ᠢ ᠬᠠᠷᠠᠭᠠᠳ᠄ 《ᠠᠩ᠋ᠬᠠᠷᠤᠭᠲᠤᠨ︕ ᠶᠢᠷᠲᠢᠨᠴᠦ ᠶᠢᠨ ᠨᠢᠭᠦᠯ ᠢ ᠡᠭᠦᠷᠦᠭᠴᠢ ᠪᠤᠷᠬᠠᠨ ᠤ ᠬᠤᠷᠠᠭ᠎ᠠ ᠪᠠᠢᠨ᠎ᠠ︕ 30 ᠶᠠᠭ ᠲᠡᠭᠦᠨ ᠦ ᠲᠤᠬᠠᠢ ᠪᠢ᠄ 〈ᠮᠢᠨᠦ ᠠᠷᠤ ᠠᠴᠠ ᠢᠷᠡᠵᠦ ᠪᠤᠢ ᠬᠥᠮᠦᠨ ᠨᠠᠳᠠ ᠠᠴᠠ ᠳᠡᠭᠡᠭᠦᠷ ᠪᠣᠯᠣᠯ᠎ᠠ᠃ ᠤᠴᠢᠷ ᠨᠢ ᠲᠡᠷᠡ ᠨᠠᠳᠠ ᠠᠴᠠ ᠤᠷᠢᠳᠤ ᠪᠠᠢᠭᠰᠠᠨ〉 ᠭᠡᠵᠦ ᠬᠡᠯᠡᠭᠰᠡᠨ᠃ 31 ᠪᠢ ᠴᠤ ᠲᠡᠭᠦᠨ ᠢ ᠮᠡᠳᠡᠳᠡᠭ ᠦᠭᠡᠢ ᠪᠠᠢᠭᠰᠠᠨ᠂ ᠬᠠᠷᠢᠨ ᠲᠡᠷᠡ ᠢᠰᠷᠧᠯ ᠳᠤ ᠢᠯᠡᠷᠡᠬᠦ ᠶᠣᠰᠣᠲᠠᠢ᠂ ᠡᠢᠮᠦ ᠳᠦ ᠪᠢ ᠡ᠊ᠨᠳᠡ ᠢᠷᠡᠵᠦ ᠤᠰᠤ ᠪᠠᠷ ᠤᠬᠢᠶᠠᠯ ᠥᠭᠴᠦ ᠪᠠᠢᠨ᠎ᠠ》 ᠭᠡᠪᠡ᠃ 32 ᠲᠡᠭᠡᠭᠡᠳ ᠶᠣᠬᠠᠨ ᠭᠡᠷᠡᠴᠢᠯᠡᠵᠦ᠄ 《ᠠᠷᠢᠭᠤᠨ ᠰᠦᠨᠡᠰᠦ ᠲᠠᠭᠲᠠᠭ᠎ᠠ ᠮᠡᠲᠦ ᠲᠩᠷᠢ ᠡᠴᠡ ᠪᠠᠭᠤᠨ ᠢᠷᠡᠵᠦ᠂ ᠲᠡᠭᠦᠨ ᠦ ᠳᠡᠭᠡᠷ᠎ᠡ ᠲᠣᠭᠲᠠᠬᠤ ᠶᠢ ᠪᠢ ᠦᠵᠡᠯ᠎ᠡ᠃ 33 ᠪᠢ ᠴᠤ ᠲᠡᠭᠦᠨ ᠢ ᠮᠡᠳᠡᠳᠡᠭ ᠦᠭᠡᠢ ᠪᠠᠢᠯ᠎ᠠ᠃ ᠬᠠᠷᠢᠨ ᠤᠰᠤ ᠪᠠᠷ ᠤᠬᠢᠶᠠᠯ ᠥᠭᠭᠥᠭᠦᠯᠬᠦ ᠪᠡᠷ ᠨᠠᠮᠠᠶᠢ ᠢᠯᠡᠭᠡᠭᠴᠢ ᠨᠢ ᠨᠠᠳᠠ ᠳᠤ᠄ 〈ᠬᠡᠨ ᠦ ᠳᠡᠭᠡᠷ᠎ᠡ ᠠᠷᠢᠭᠤᠨ ᠰᠦᠨᠡᠰᠦ ᠪᠠᠭᠤᠵᠤ ᠲᠣᠭᠲᠠᠬᠤ ᠶᠢ ᠴᠢ ᠦᠵᠡᠪᠡᠯ ᠲᠡᠷᠡ ᠪᠣᠯ ᠠᠷᠢᠭᠤᠨ ᠰᠦᠨᠡᠰᠦ ᠪᠡᠷ ᠤᠬᠢᠶᠠᠯ ᠥᠭᠭᠥᠭᠴᠢ ᠮᠥᠨ〉 ᠭᠡᠵᠦ ᠬᠡᠯᠡᠭᠰᠡᠨ ᠶᠤᠮ᠃ 34 ᠪᠢ ᠦᠵᠡᠭᠡᠳ ᠡᠨᠡ ᠪᠣᠯ ᠪᠤᠷᠬᠠᠨ ᠤ ᠬᠦᠦ ᠮᠥᠨ ᠭᠡᠳᠡᠭ ᠢ ᠭᠡᠷᠡᠴᠢᠯᠡᠵᠦ ᠪᠠᠢᠨ᠎ᠠ》 ᠭᠡᠪᠡ᠃
ᠢᠰᠦ᠋ᠰ ᠤᠨ ᠠᠩ᠋ᠬᠠᠨ ᠤ ᠱᠠᠪᠢ ᠨᠠᠷ
35 ᠮᠠᠷᠭᠠᠰᠢ ᠨᠢ ᠶᠣᠬᠠᠨ ᠮᠥᠨ ᠯᠠ ᠬᠣᠶᠠᠷ ᠱᠠᠪᠢ ᠲᠠᠢ ᠪᠠᠨ ᠵᠣᠭᠰᠣᠵᠤ ᠪᠠᠢᠬᠤ ᠳᠠᠭᠠᠨ 36 ᠢᠰᠦ᠋ᠰ ᠤᠨ ᠶᠠᠪᠤᠭ᠎ᠠ ᠶᠢ ᠠᠵᠢᠭᠠᠳ᠄ 《ᠠᠩ᠋ᠬᠠᠷᠤᠭᠲᠤᠨ᠂ ᠪᠤᠷᠬᠠᠨ ᠤ ᠬᠤᠷᠠᠭ᠎ᠠ ᠪᠠᠢᠨ᠎ᠠ︕》 ᠭᠡᠰᠡᠨ ᠳᠦ᠂ 37 ᠬᠣᠶᠠᠷ ᠱᠠᠪᠢ ᠨᠢ ᠲᠡᠭᠦᠨ ᠦ ᠶᠠᠷᠢᠬᠤ ᠶᠢ ᠰᠣᠨᠣᠰᠣᠭᠠᠳ ᠢᠰᠦ᠋ᠰ ᠢ ᠳᠠᠭᠠᠪᠠ᠃ 38 ᠢᠰᠦ᠋ᠰ ᠡᠷᠭᠢᠨ ᠲᠡᠳᠡᠨ ᠦ ᠳᠠᠭᠠᠬᠤ ᠶᠢ ᠦᠵᠡᠭᠡᠳ᠄ 《ᠲᠠ ᠨᠠᠷ ᠶᠠᠭᠤ ᠡᠷᠢᠨ᠎ᠡ ᠪᠤᠢ︖》 ᠭᠡᠰᠡᠨ ᠳᠦ᠂ ᠲᠡᠳᠡ ᠲᠡᠭᠦᠨ ᠳᠦ᠄ 《ᠷᠠᠪᠢ (ᠣᠷᠴᠢᠭᠤᠯᠪᠠᠯ᠄ ᠪᠠᠭᠰᠢ) ᠡ᠂ ᠲᠠ ᠬᠠᠮᠢᠭ᠎ᠠ ᠰᠠᠭᠤᠵᠤ ᠪᠠᠢᠨ᠎ᠠ ᠪᠤᠢ︖》 ᠭᠡᠪᠡ᠃ 39 ᠢᠰᠦ᠋ᠰ ᠲᠡᠳᠡᠨ ᠳᠦ᠄ 《ᠢᠷᠡᠭᠡᠳ ᠦᠵᠡᠭᠲᠦᠨ》 ᠭᠡᠰᠡᠨ ᠳᠦ᠂ ᠲᠡᠳᠡ ᠲᠡᠭᠦᠨ ᠦ ᠰᠠᠭᠤᠵᠤ ᠪᠠᠢᠭ᠎ᠠ ᠭᠠᠵᠠᠷ ᠢ ᠦᠵᠡᠭᠡᠳ ᠲᠡᠷᠡ ᠡᠳᠦᠷ ᠲᠡᠭᠡᠨ ᠲᠡᠭᠦᠨ ᠲᠡᠢ ᠬᠠᠮᠲᠤ ᠲᠡᠨᠳᠡ ᠪᠠᠢᠯᠴᠠᠪᠠ᠃ ᠲᠡᠭᠡᠬᠦ ᠳᠦ᠂ ᠪᠠᠷᠤᠭ ᠦᠳᠡ ᠶᠢᠨ ᠬᠣᠢᠨ᠎ᠠ ᠶᠢᠨ ᠳᠥᠷᠪᠡᠨ ᠴᠠᠭ ᠪᠠᠢᠯ᠎ᠠ᠃ 40 ᠶᠣᠬᠠᠨ ᠤ ᠦᠭᠡ ᠶᠢ ᠰᠣᠨᠣᠰᠣᠭᠠᠳ ᠢᠰᠦ᠋ᠰ ᠢ ᠳᠠᠭᠠᠭᠰᠠᠨ ᠬᠣᠶᠠᠷ ᠤᠨ ᠨᠢᠭᠡ ᠨᠢ ᠰᠢᠮᠣᠨ ᠫᠧᠲ᠋ᠧᠷ ᠤᠨ ᠳᠡᠭᠦᠦ ᠠᠨᠳ᠋ᠷᠧ ᠪᠠᠢᠵᠠᠢ᠃ 41 ᠲᠡᠷᠡ ᠶᠠᠭᠤᠨ ᠤ ᠡᠮᠦᠨ᠎ᠡ ᠠᠬ᠎ᠠ ᠰᠢᠮᠣᠨ ᠲᠠᠢ ᠪᠠᠨ ᠠᠭᠤᠯᠵᠠᠭᠠᠳ ᠲᠡᠭᠦᠨ ᠳᠦ᠄ 《ᠪᠢᠳᠡ ᠮᠧᠰᠢᠶ᠎ᠠ (ᠣᠷᠴᠢᠭᠤᠯᠪᠠᠯ᠄ ᠾᠷᠢᠰᠲ᠋ᠣᠰ) ᠲᠠᠢ ᠠᠭᠤᠯᠵᠠᠯ᠎ᠠ》 ᠭᠡᠵᠦ ᠬᠡᠯᠡᠵᠦ ᠥᠭᠭᠥᠭᠰᠡᠨ ᠢᠶᠡᠨ 42 ᠰᠢᠮᠣᠨ ᠢ ᠢᠰᠦ᠋ᠰ ᠲᠤ ᠠᠪᠴᠢᠷᠠᠪᠠ᠃ ᠢᠰᠦ᠋ᠰ ᠲᠡᠭᠦᠨ ᠢ ᠰᠢᠷᠲᠡᠭᠡᠳ᠄ 《ᠴᠢ ᠪᠣᠯ ᠶᠣᠬᠠᠨ ᠤ ᠬᠦᠦ ᠰᠢᠮᠣᠨ ᠪᠠᠢᠨ᠎ᠠ᠃ ᠴᠢᠨᠠᠭᠰᠢᠳᠠ ᠺᠧᠹᠠ (ᠣᠷᠴᠢᠭᠤᠯᠪᠠᠯ᠄ ᠫᠧᠲ᠋ᠧᠷ 4 ) ᠭᠡᠭᠳᠡᠬᠦ ᠪᠣᠯᠣᠨ᠎ᠠ》 ᠭᠡᠪᠡ᠃
43 ᠮᠠᠷᠭᠠᠰᠢ ᠨᠢ ᠢᠰᠦ᠋ᠰ ᠭᠠᠯᠢᠯᠠᠶ᠎ᠠ ᠳᠤ ᠶᠠᠪᠤᠬᠤ ᠭᠡᠵᠦ ᠪᠠᠢᠬᠤ ᠳᠠᠭᠠᠨ ᠹᠢᠯᠢᠫ ᠲᠠᠢ ᠠᠭᠤᠯᠵᠠᠭᠠᠳ ᠲᠡᠭᠦᠨ ᠳᠦ᠄ 《ᠨᠠᠮᠠᠶᠢ ᠳᠠᠭ᠎ᠠ》 ᠭᠡᠪᠡ᠃ 44 ᠹᠢᠯᠢᠫ ᠪᠣᠯ ᠠᠨᠳ᠋ᠷᠧ᠂ ᠫᠧᠲ᠋ᠧᠷ ᠬᠣᠶᠠᠷ ᠲᠠᠢ ᠠᠳᠠᠯᠢ ᠪᠧᠲ᠋ᠰᠠᠢᠳᠠ ᠲᠣᠰᠬᠣᠨ ᠤ ᠬᠢ ᠪᠠᠢᠯ᠎ᠠ᠃ 45 ᠹᠢᠯᠢᠫ ᠨᠠᠲ᠋ᠠᠨᠠᠶᠧᠯ ᠲᠠᠢ ᠠᠭᠤᠯᠵᠠᠭᠠᠳ᠄ 《ᠪᠢᠳᠡ ᠮᠣᠰᠧ ᠶᠢᠨ ᠬᠠᠤᠯᠢ ᠳᠤ ᠪᠠ ᠡᠰᠢ ᠦᠵᠡᠭᠦᠯᠦᠭᠴᠢᠳ ᠤᠨ ᠨᠣᠮ ᠳᠤ ᠪᠢᠴᠢᠭᠳᠡᠭᠰᠡᠨ ᠲᠡᠷᠡ ᠬᠥᠮᠦᠨ ᠲᠡᠢ ᠠᠭᠤᠯᠵᠠᠯ᠎ᠠ᠃ ᠲᠡᠷᠡ ᠨᠢ ᠨᠠᠽᠠᠷᠧᠲ ᠤᠨ ᠬᠢ᠂ ᠶᠣᠰᠧᠹ ᠤᠨ ᠬᠦᠦ ᠢᠰᠦ᠋ᠰ ᠶᠤᠮ》 ᠭᠡᠰᠡᠨ ᠳᠦ᠂ 46 ᠨᠠᠲ᠋ᠠᠨᠠᠶᠧᠯ ᠲᠡᠭᠦᠨ ᠳᠦ᠄ 《ᠨᠠᠽᠠᠷᠧᠲ ᠠᠴᠠ ᠶᠠᠮᠠᠷ ᠨᠢᠭᠡᠨ ᠰᠠᠢᠨ ᠶᠠᠭᠤᠮ᠎ᠠ ᠭᠠᠷᠴᠤ ᠴᠢᠳᠠᠨ᠎ᠠ ᠭᠡᠵᠢ ᠤᠤ︖》 ᠭᠡᠬᠦ ᠳᠦ᠂ ᠹᠢᠯᠢᠫ᠄ 《ᠢᠷᠡᠭᠡᠳ ᠦᠵᠡ》 ᠭᠡᠪᠡ᠃ 47 ᠢᠰᠦ᠋ᠰ ᠨᠠᠲ᠋ᠠᠨᠠᠶᠧᠯ ᠤᠨ ᠨᠠᠰᠢ ᠠᠢᠰᠤᠢ ᠶᠢ ᠬᠠᠷᠠᠭᠠᠳ᠄ 《ᠬᠠᠷ᠎ᠠ᠂ ᠦᠨᠡᠨ ᠬᠦ ᠢᠰᠷᠧᠯ ᠬᠥᠮᠦᠨ ᠪᠠᠢᠨ᠎ᠠ᠂ ᠳᠣᠲᠣᠷ᠎ᠠ ᠪᠠᠨ ᠵᠠᠯᠢ ᠮᠡᠬᠡ ᠦᠭᠡᠢ》 ᠭᠡᠯᠡ᠃ 48 ᠨᠠᠲ᠋ᠠᠨᠠᠶᠧᠯ ᠢᠰᠦ᠋ᠰ ᠡᠴᠡ᠄ 《ᠲᠠ ᠨᠠᠮᠠᠶᠢ ᠶᠠᠭᠠᠬᠢᠵᠤ ᠲᠠᠨᠢᠭᠰᠠᠨ ᠪᠤᠢ︖》 ᠭᠡᠵᠦ ᠠᠰᠠᠭᠤᠬᠤ ᠳᠤ᠂ ᠲᠡᠷᠡ᠄ 《ᠹᠢᠯᠢᠫ ᠴᠢᠮᠠᠶᠢ ᠳᠠᠭᠤᠳᠠᠬᠤ ᠠᠴᠠ ᠡᠮᠦᠨ᠎ᠡ ᠢᠨᠵᠢᠷ ᠤᠨ ᠮᠣᠳᠣᠨ ᠤ ᠳᠣᠣᠷ᠎ᠠ ᠪᠠᠢᠬᠤ ᠳᠤ ᠴᠢᠨᠢ ᠪᠢ ᠬᠠᠷᠠᠭᠰᠠᠨ》 ᠭᠡᠬᠦ ᠳᠦ᠂ 49 ᠨᠠᠲ᠋ᠠᠨᠠᠶᠧᠯ᠄ 《ᠪᠠᠭᠰᠢ ᠡ᠂ ᠲᠠ ᠪᠣᠯ ᠪᠤᠷᠬᠠᠨ ᠤ ᠬᠦᠦ᠂ ᠲᠠ ᠪᠣᠯ ᠢᠰᠷᠧᠯ ᠤᠨ ᠬᠠᠭᠠᠨ ᠮᠥᠨ︕》 ᠭᠡᠵᠡᠢ᠃ 50 ᠢᠰᠦ᠋ᠰ᠄ 《ᠢᠨᠵᠢᠷ ᠤᠨ ᠮᠣᠳᠣᠨ ᠤ ᠳᠣᠣᠷ᠎ᠠ ᠪᠠᠢᠬᠤ ᠶᠢ ᠴᠢᠨᠢ ᠬᠠᠷᠠᠭᠰᠠᠨ ᠭᠡᠵᠦ ᠬᠡᠯᠡᠭᠰᠡᠨ ᠲᠤᠯᠠ ᠴᠢ ᠢᠲᠡᠭᠡᠵᠦ ᠪᠠᠢᠨ᠎ᠠ ᠤᠤ︖ ᠴᠢ ᠡᠭᠦᠨ ᠡᠴᠡ ᠠᠭᠤᠤ ᠵᠦᠢᠯᠡᠰ ᠢ ᠦᠵᠡᠬᠦ ᠪᠣᠯᠣᠨ᠎ᠠ》 ᠭᠡᠳ᠂ 51 《ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠲᠩᠷᠢ ᠨᠡᠭᠡᠭᠡᠭᠳᠡᠨ ᠬᠥᠮᠦᠨ ᠦ ᠬᠦᠦ ᠶᠢᠨ ᠳᠡᠭᠡᠷ᠎ᠡ ᠪᠤᠷᠬᠠᠨ ᠤ ᠡᠯᠴᠢᠳ ᠤᠨ ᠥᠭᠰᠥᠵᠦ ᠤᠷᠤᠭᠤᠳᠠᠬᠤ ᠶᠢ ᠲᠠ ᠨᠠᠷ ᠦᠵᠡᠬᠦ ᠪᠣᠯᠣᠨ᠎ᠠ》 ᠭᠡᠪᠡ᠃