1 2 3 4 5 6 7 8 9 10 11 12 13 14 15 16 17 18 19 20 21


ᠶᠣᠬᠠᠨ ᠠᠷᠪᠠᠨ ᠨᠢᠭᠡ
 ᠯᠠᠽᠠᠷᠠ ᠠᠮᠢᠯᠠᠭᠰᠠᠨ ᠨᠢ

1 ᠮᠠᠷᠢᠶᠠ ᠪᠠ ᠲᠡᠭᠦᠨ ᠦ ᠡᠭᠡᠴᠢ ᠮᠠᠷᠲ᠋ᠠ ᠶᠢᠨ ᠰᠠᠭᠤᠳᠠᠭ ᠪᠧᠲ᠋ᠠᠨᠢᠶ᠎ᠠ ᠭᠡᠭᠴᠢ ᠲᠣᠰᠬᠣᠨ ᠳᠤ ᠯᠠᠽᠠᠷᠠ ᠭᠡᠳᠡᠭ ᠬᠥᠮᠦᠨ ᠡᠪᠡᠳᠴᠢᠯᠡᠵᠡᠢ᠃ 2 ᠮᠠᠷᠢᠶᠠ ᠪᠣᠯ ᠡᠵᠡᠨ ᠦ ᠳᠡᠭᠡᠷ᠎ᠡ ᠦᠨᠦᠷᠲᠦ ᠲᠣᠰᠣ ᠳᠤᠰᠤᠭᠠᠭᠠᠳ ᠭᠡᠵᠢᠭᠡ ᠪᠡᠷ ᠢᠶᠠᠨ ᠬᠥᠯ ᠢ ᠨᠢ ᠠᠷᠴᠢᠵᠤ ᠥᠭᠭᠥᠭᠰᠡᠨ ᠲᠡᠷᠡ ᠡᠮᠡᠭᠲᠡᠢ ᠪᠥᠭᠡᠳ ᠡᠪᠡᠳᠦᠭᠰᠡᠨ ᠯᠠᠽᠠᠷᠠ ᠨᠢ ᠲᠡᠭᠦᠨ ᠦ ᠳᠡᠭᠦᠦ ᠠᠵᠢ᠃ 3 ᠡᠭᠡᠴᠢ ᠳᠡᠭᠦᠦ ᠬᠣᠶᠠᠭᠤᠯᠠ ᠢᠰᠦ᠋ᠰ ᠲᠤ ᠬᠥᠮᠦᠨ ᠢᠯᠡᠭᠡᠵᠦ᠄ 《ᠡᠵᠡᠨ ᠡ᠂ ᠲᠠᠨ ᠤ ᠬᠠᠢᠷᠠᠯᠠᠳᠠᠭ ᠬᠥᠮᠦᠨ ᠡᠪᠡᠳᠴᠢᠯᠡᠭᠡᠳ ᠪᠠᠢᠨ᠎ᠠ》 ᠭᠡᠵᠦ ᠬᠡᠯᠡ ᠥᠭᠭᠥᠭᠰᠡᠨ ᠳᠦ᠂ 4 ᠢᠰᠦ᠋ᠰ ᠰᠣᠨᠣᠰᠣᠭᠠᠳ᠄ 《ᠡᠨᠡ ᠡᠪᠡᠳᠴᠢᠨ ᠦᠬᠦᠯ ᠳᠦ ᠬᠦᠷᠬᠦ ᠦᠭᠡᠢ᠂ ᠬᠠᠷᠢᠨ ᠪᠤᠷᠬᠠᠨ ᠤ ᠠᠯᠳᠠᠷ ᠰᠤᠤ ᠶᠢ ᠬᠠᠷᠠᠭᠤᠯᠤᠨ᠎ᠠ᠃ ᠡᠭᠦᠨ ᠢᠶᠡᠷ ᠪᠤᠷᠬᠠᠨ ᠤ ᠬᠦᠦ ᠠᠯᠳᠠᠷᠰᠢᠭᠤᠯᠤᠭᠳᠠᠬᠤ ᠪᠣᠯᠣᠨ᠎ᠠ》 ᠭᠡᠯ᠎ᠡ᠃ 5 ᠢᠰᠦ᠋ᠰ ᠮᠠᠷᠲ᠋ᠠ᠂ ᠮᠠᠷᠲ᠋ᠠ ᠶᠢᠨ ᠥᠬᠢᠨ ᠳᠡᠭᠦᠦ ᠪᠣᠯᠣᠨ ᠯᠠᠽᠠᠷᠠ ᠳᠤ ᠬᠠᠢᠷᠠᠲᠠᠢ ᠪᠠᠢᠭᠰᠠᠨ ᠪᠣᠯᠪᠠᠴᠤ 6 ᠯᠠᠽᠠᠷᠠ ᠶᠢᠨ ᠡᠪᠡᠳᠦᠭᠰᠡᠨ ᠢ ᠰᠣᠨᠣᠰᠣᠭᠰᠠᠨ ᠤ ᠳᠠᠷᠠᠭ᠎ᠠ ᠪᠠᠢᠭᠰᠠᠨ ᠭᠠᠵᠠᠷ ᠲᠠᠭᠠᠨ ᠠᠬᠢᠭᠠᠳ ᠬᠣᠶᠠᠷ ᠬᠣᠨᠣᠪᠠ᠃

7 ᠳᠠᠷᠠᠭ᠎ᠠ ᠨᠢ ᠢᠰᠦ᠋ᠰ ᠱᠠᠪᠢ ᠨᠠᠷ ᠲᠠᠭᠠᠨ᠄ 《ᠶᠦᠳᠠᠢ ᠤᠷᠤᠭᠤ ᠪᠤᠴᠠᠵᠠᠭᠠᠶ᠎ᠠ》 ᠭᠡᠰᠡᠨ ᠳᠦ᠂ 8 ᠱᠠᠪᠢ ᠨᠠᠷ ᠨᠢ᠄ 《ᠪᠠᠭᠰᠢ ᠡ᠂ ᠰᠠᠶ᠋ᠢᠬᠠᠨ ᠶᠦᠳᠠᠢᠴᠤᠳ ᠲᠠᠨ ᠤ ᠥᠭᠡᠳᠡ ᠴᠢᠯᠠᠭᠤ ᠰᠢᠳᠡᠬᠦ ᠭᠡᠵᠦ ᠪᠠᠢᠭᠰᠠᠨ ᠠᠲᠠᠯ᠎ᠠ ᠲᠠ ᠲᠡᠰᠢ ᠪᠠᠨ ᠪᠤᠴᠠᠬᠤ ᠶᠤᠮ ᠤᠤ︖》 ᠭᠡᠪᠡ᠃ 9 ᠢᠰᠦ᠋ᠰ᠄ 《ᠡᠳᠦᠷ ᠲᠦ ᠠᠷᠪᠠᠨ ᠬᠣᠶᠠᠷ ᠴᠠᠭ ᠪᠠᠢᠳᠠᠭ ᠪᠢᠰᠢ ᠤᠤ︖ ᠬᠥᠮᠦᠨ ᠡᠳᠦᠷ ᠢᠶᠡᠷ ᠶᠠᠪᠤᠪᠠᠯ ᠶᠢᠷᠲᠢᠨᠴᠦ ᠶᠢᠨ ᠭᠡᠷᠡᠯ ᠢᠶᠡᠷ ᠦᠵᠡᠳᠡᠭ ᠲᠤᠯᠠ ᠪᠦᠳᠦᠷᠢᠳᠡᠭ ᠦᠭᠡᠢ ᠪᠣᠯᠪᠠᠴᠤ 10 ᠰᠥᠨᠢ ᠪᠠᠷ ᠶᠠᠪᠤᠪᠠᠯ ᠥᠪᠡᠷ ᠲᠤᠨᠢ ᠭᠡᠷᠡᠯ ᠪᠠᠢᠬᠤ ᠦᠭᠡᠢ ᠤᠴᠢᠷ ᠠᠴᠠ ᠪᠦᠳᠦᠷᠢᠬᠦ ᠪᠣᠯᠣᠨ᠎ᠠ》 ᠭᠡᠪᠡ᠃ 11 ᠢᠩᠭᠢᠵᠦ ᠬᠡᠯᠡᠭᠰᠡᠨ ᠦ ᠪᠠᠨ ᠳᠠᠷᠠᠭ᠎ᠠ᠂ ᠲᠡᠳᠡᠨ ᠳᠦ᠄ 《ᠪᠢᠳᠡᠨ ᠦ ᠠᠨᠳᠠ ᠯᠠᠽᠠᠷᠠ ᠤᠨᠲᠠᠴᠢᠬᠠᠯ᠎ᠠ᠃ ᠪᠢ ᠲᠡᠭᠦᠨ ᠢ ᠰᠡᠷᠢᠭᠡᠬᠦ ᠪᠡᠷ ᠶᠠᠪᠤᠨ᠎ᠠ》 ᠭᠡᠪᠡ᠃ 12 ᠱᠠᠪᠢ ᠨᠠᠷ ᠨᠢ᠄ 《ᠡᠵᠡᠨ ᠡ᠂ ᠲᠡᠷᠡ ᠤᠨᠲᠠᠭᠰᠠᠨ ᠪᠣᠯ ᠡᠳᠡᠭᠡᠨ᠎ᠡ ᠪᠤᠢ》 ᠭᠡᠪᠡ᠃ 13 ᠢᠰᠦ᠋ᠰ ᠯᠠᠽᠠᠷᠠ ᠶᠢᠨ ᠦᠬᠦᠭᠰᠡᠨ ᠲᠤᠬᠠᠢ ᠥᠭᠦᠯᠡᠭᠰᠡᠨ ᠪᠠᠢᠬᠤ ᠳᠤ᠂ ᠲᠡᠳᠡ ᠶᠡᠷᠦ ᠶᠢᠨ ᠤᠨᠲᠠᠵᠤ ᠠᠮᠠᠷᠠᠬᠤ ᠶᠢᠨ ᠲᠤᠬᠠᠢ ᠶᠠᠷᠢᠵᠤ ᠪᠠᠢᠨ᠎ᠠ ᠭᠡᠵᠦ ᠣᠢᠯᠠᠭᠠᠵᠠᠢ᠃ 14 ᠲᠡᠢᠮᠦ ᠡᠴᠡ ᠢᠰᠦ᠋ᠰ ᠰᠢᠭᠤᠳᠬᠠᠨ ᠲᠡᠳᠡᠨ ᠳᠦ᠄ 《ᠯᠠᠽᠠᠷᠠ ᠦᠬᠦᠭᠰᠡᠨ᠂ 15 ᠪᠢ ᠲᠡᠨᠳᠡ ᠪᠠᠢᠭ᠎ᠠ ᠦᠭᠡᠢ ᠳᠡᠭᠡᠨ ᠲᠠ ᠨᠠᠷ ᠤᠨ ᠲᠥᠯᠥᠭᠡ ᠪᠠᠶᠠᠷ ᠲᠠᠢ ᠪᠠᠢᠨ᠎ᠠ᠃ ᠡᠭᠦᠨ ᠢᠶᠡᠷ ᠲᠠ ᠨᠠᠷ ᠢᠲᠡᠭᠡᠬᠦ ᠶᠤᠮ᠃ ᠣᠳᠣ ᠪᠢᠳᠡ ᠲᠡᠭᠦᠨ ᠤᠷᠤᠭᠤ ᠣᠴᠢᠶ᠎ᠠ》 ᠭᠡᠰᠡᠨ ᠳᠦ᠂ 16 ᠢᠬᠡᠷ᠎ᠡ ᠭᠡᠭᠳᠡᠳᠡᠭ ᠲᠣᠮᠠ ᠬᠠᠮᠲᠤ ᠪᠠᠢᠭ᠎ᠠ ᠪᠤᠰᠤᠳ ᠱᠠᠪᠢ ᠨᠠᠷ ᠲᠤ᠄ 《ᠪᠢᠳᠡ ᠴᠤ ᠲᠡᠭᠦᠨ ᠲᠡᠢ ᠬᠠᠮᠲᠤ ᠦᠬᠦᠬᠦ ᠪᠡᠷ ᠶᠠᠪᠤᠵᠠᠭᠠᠶ᠎ᠠ》 ᠭᠡᠪᠡ᠃

17 ᠢᠰᠦ᠋ᠰ ᠢᠷᠡᠭᠡᠳ ᠦᠵᠡᠬᠦ ᠳᠦ᠂ ᠯᠠᠽᠠᠷᠠ ᠪᠤᠯᠠᠰᠢᠯᠠᠭᠳᠠᠭᠠᠳ ᠨᠢᠭᠡᠨᠲᠡ ᠳᠥᠷᠪᠡ ᠬᠣᠨᠣᠭᠰᠠᠨ ᠪᠠᠢᠵᠠᠢ᠃ 18 ᠪᠧᠲ᠋ᠠᠨᠢᠶ᠎ᠠ ᠶᠧᠷᠦ᠋ᠰᠠᠯᠧᠮ ᠡᠴᠡ ᠬᠣᠯᠠ ᠦᠭᠡᠢ᠂ ᠪᠠᠷᠤᠭ ᠵᠢᠷᠭᠤᠭᠠᠨ ᠭᠠᠵᠠᠷ ᠤᠨ ᠵᠠᠢᠲᠠᠢ ᠪᠠᠢᠳᠠᠭ ᠠᠵᠢ᠃ 19 ᠳᠡᠭᠦᠦ ᠡᠴᠡ ᠪᠡᠨ ᠬᠠᠭᠠᠴᠠᠭᠰᠠᠨ ᠮᠠᠷᠲ᠋ᠠ ᠮᠠᠷᠢᠶᠠ ᠶᠢ ᠲᠠᠢᠳᠬᠤᠷᠠᠭᠤᠯᠬᠤ ᠪᠠᠷ ᠶᠦᠳᠠᠢᠴᠤᠳ ᠣᠯᠠᠨ ᠢᠶᠠᠷ ᠲᠡᠳᠡᠨ ᠦ ᠳᠦ ᠢᠷᠡᠵᠡᠢ᠃ 20 ᠢᠰᠦ᠋ᠰ ᠤᠨ ᠢᠷᠡᠬᠦ ᠶᠢ ᠰᠣᠨᠣᠰᠣᠭᠠᠳ ᠮᠠᠷᠲ᠋ᠠ ᠤᠭᠲᠤᠨ ᠭᠠᠷᠴᠤ᠂ ᠮᠠᠷᠢᠶᠠ ᠭᠡᠷ ᠲᠡᠭᠡᠨ ᠦᠯᠡᠳᠡᠪᠡ᠃ 21 ᠮᠠᠷᠲ᠋ᠠ ᠢᠰᠦ᠋ᠰ ᠲᠤ᠄ 《ᠡᠵᠡᠨ ᠡ᠂ ᠲᠠ ᠡ᠊ᠨᠳᠡ ᠪᠠᠢᠭᠰᠠᠨ ᠪᠣᠯ ᠮᠢᠨᠦ ᠳᠡᠭᠦᠦ ᠦᠬᠦᠬᠦ ᠦᠭᠡᠢ ᠪᠠᠢᠭᠰᠠᠨ᠃ 22 ᠣᠳᠣ ᠴᠤ ᠭᠡᠰᠡᠨ ᠲᠠ ᠪᠤᠷᠬᠠᠨ ᠠᠴᠠ ᠶᠠᠭᠤ ᠭᠤᠶᠤᠭᠰᠠᠨ ᠴᠤ᠂ ᠪᠤᠷᠬᠠᠨ ᠲᠠᠨ ᠳᠤ ᠥᠭᠬᠦ ᠶᠢ ᠪᠢ ᠮᠡᠳᠡᠨ᠎ᠡ》 ᠭᠡᠪᠡ᠃ 23 ᠢᠰᠦ᠋ᠰ᠄ 《ᠴᠢᠨᠦ ᠳᠡᠭᠦᠦ ᠠᠮᠢᠯᠠᠨ᠎ᠠ》 ᠭᠡᠰᠡᠨ ᠳᠦ᠂ 24 ᠮᠠᠷᠲ᠋ᠠ᠄ 《ᠡᠴᠦᠰ ᠦᠨ ᠡᠳᠦᠷ ᠦᠨ ᠠᠮᠢᠯᠠᠯᠲᠠ ᠳᠤ ᠲᠡᠷᠡ ᠠᠮᠢᠯᠠᠨ᠎ᠠ ᠭᠡᠳᠡᠭ ᠢ ᠪᠢ ᠮᠡᠳᠡᠨ᠎ᠡ》 ᠭᠡᠪᠡ᠃ 25 ᠢᠰᠦ᠋ᠰ᠄ 《ᠪᠢ ᠪᠣᠯ ᠲᠡᠷᠡ ᠠᠮᠢᠯᠠᠯᠲᠠ᠂ ᠲᠡᠷᠡ ᠠᠮᠢ ᠮᠥᠨ᠂ ᠨᠠᠳᠠ ᠳᠤ ᠢᠲᠡᠭᠡᠭᠴᠢ ᠨᠢ ᠦᠬᠦᠪᠡᠴᠦ ᠠᠮᠢᠳᠤᠷᠠᠨ᠎ᠠ᠃ 26 ᠠᠮᠢᠳᠤ ᠪᠠᠢᠭ᠎ᠠ ᠳᠠᠭᠠᠨ ᠨᠠᠮᠠᠶᠢ ᠢᠲᠡᠭᠡᠭᠴᠢ ᠪᠣᠯᠭᠠᠨ ᠬᠡᠵᠢᠶ᠎ᠡ ᠴᠤ ᠶᠡᠷᠦ ᠦᠬᠦᠬᠦ ᠦᠭᠡᠢ᠂ ᠴᠢ ᠡᠭᠦᠨ ᠢ ᠢᠲᠡᠭᠡᠳᠡᠭ ᠤᠤ︖》 ᠭᠡᠬᠦ ᠳᠦ᠂ 27 ᠮᠠᠷᠲ᠋ᠠ᠄ 《ᠲᠡᠢᠮᠦ ᠡ᠂ ᠡᠵᠡᠨ᠂ ᠲᠠ ᠶᠢᠷᠲᠢᠨᠴᠦ ᠳᠦ ᠵᠠᠯᠠᠷᠠᠨ ᠢᠷᠡᠭᠴᠢ ᠾᠷᠢᠰᠲ᠋ᠣᠰ ᠪᠥᠭᠡᠳ ᠪᠤᠷᠬᠠᠨ ᠤ ᠬᠦᠦ ᠮᠥᠨ ᠭᠡᠵᠦ ᠪᠢ ᠢᠲᠡᠭᠡᠳᠡᠭ》 ᠭᠡᠪᠡ᠃

28 ᠡᠭᠦᠨ ᠢ ᠬᠡᠯᠡᠭᠡᠳ ᠮᠠᠷᠲ᠋ᠠ ᠶᠠᠪᠤᠵᠤ᠂ ᠳᠡᠭᠦᠦ ᠮᠠᠷᠢᠶᠠ ᠪᠠᠨ ᠳᠠᠭᠤᠳᠠᠨ᠄ 《ᠪᠠᠭᠰᠢ ᠢᠷᠡᠭᠰᠡᠨ᠂ ᠴᠢᠮᠠᠶᠢ ᠳᠠᠭᠤᠳᠠᠵᠤ ᠪᠠᠢᠨ᠎ᠠ》 ᠭᠡᠵᠦ ᠰᠡᠮᠬᠡᠨ ᠬᠡᠯᠡᠪᠡ᠃ 29 ᠮᠠᠷᠢᠶᠠ ᠡᠭᠦᠨ ᠢ ᠰᠣᠨᠣᠰᠣᠭᠠᠳ ᠤᠬᠤᠰᠬᠢᠨ ᠪᠣᠰᠴᠤ ᠲᠡᠭᠦᠨ ᠤᠷᠤᠭᠤ ᠣᠴᠢᠪᠠ᠃ 30 ᠢᠰᠦ᠋ᠰ ᠲᠣᠰᠬᠣᠨ ᠳᠤ ᠬᠠᠷᠠᠬᠠᠨ ᠣᠷᠣᠯ ᠦᠭᠡᠢ᠂ ᠮᠠᠷᠲ᠋ᠠ ᠶᠢᠨ ᠤᠭᠲᠤᠭᠰᠠᠨ ᠲᠡᠷᠡ ᠭᠠᠵᠠᠷ ᠲᠤ ᠪᠠᠢᠵᠤ ᠯᠠ ᠪᠠᠢᠯ᠎ᠠ᠃ 31 ᠭᠡᠷ ᠲᠤᠨᠢ ᠮᠠᠷᠢᠶᠠ ᠲᠠᠢ ᠬᠠᠮᠲᠤ ᠪᠠᠢᠵᠤ ᠲᠡᠭᠦᠨ ᠢ ᠲᠠᠢᠳᠬᠤᠷᠠᠭᠤᠯᠵᠤ ᠪᠠᠢᠭᠰᠠᠨ ᠶᠦᠳᠠᠢᠴᠤᠳ ᠲᠡᠭᠦᠨ ᠦ ᠤᠬᠤᠰᠬᠢᠨ ᠪᠣᠰᠴᠤ ᠭᠠᠷᠴᠤ ᠶᠠᠪᠤᠬᠤ ᠶᠢ ᠬᠠᠷᠠᠭᠠᠳ ᠠᠷᠤ ᠠᠴᠠ ᠨᠢ ᠳᠠᠭᠠᠪᠠ᠃ ᠪᠤᠯᠠᠰᠢᠨ ᠳᠡᠭᠡᠷ᠎ᠡ ᠣᠴᠢᠵᠤ ᠭᠠᠰᠢᠭᠤᠳᠠᠬᠤ ᠨᠢ ᠬᠡᠮᠡᠨ ᠲᠡᠳᠡ ᠪᠣᠳᠣᠵᠠᠢ᠃ 32 ᠮᠠᠷᠢᠶᠠ ᠢᠰᠦ᠋ᠰ ᠤᠨ ᠪᠠᠢᠭ᠎ᠠ ᠭᠠᠵᠠᠷ ᠲᠤ ᠬᠦᠷᠴᠦ ᠲᠡᠭᠦᠨ ᠢ ᠬᠠᠷᠠᠩ᠋ᠭᠤᠲᠠ ᠬᠥᠯ ᠦᠨ ᠬᠢᠨᠢ ᠡᠮᠦᠨ᠎ᠡ ᠰᠥᠭᠥᠳᠴᠦ᠄ 《ᠡᠵᠡᠨ ᠡ᠂ ᠲᠠ ᠡ᠊ᠨᠳᠡ ᠪᠠᠢᠭᠰᠠᠨ ᠪᠣᠯ ᠮᠢᠨᠦ ᠳᠡᠭᠦᠦ ᠦᠬᠦᠬᠦ ᠦᠭᠡᠢ ᠪᠠᠢᠭᠰᠠᠨ》 ᠭᠡᠯ᠎ᠡ᠃ 33 ᠢᠰᠦ᠋ᠰ ᠮᠠᠷᠢᠶᠠ ᠶᠢᠨ ᠤᠬᠢᠯᠠᠬᠤ ᠶᠢ᠂ ᠮᠥᠨ ᠲᠡᠭᠦᠨ ᠲᠡᠢ ᠬᠠᠮᠲᠤ ᠢᠷᠡᠭᠰᠡᠨ ᠶᠦᠳᠠᠢᠴᠤᠳ ᠤᠨ ᠤᠬᠢᠯᠠᠯᠳᠤᠬᠤ ᠶᠢ ᠬᠠᠷᠠᠭᠠᠳ ᠰᠡᠳᠬᠢᠯ ᠨᠢ ᠰᠢᠨᠠᠯᠤᠨ ᠵᠣᠪᠠᠵᠤ᠄ 34 《ᠲᠠ ᠨᠠᠷ ᠲᠡᠭᠦᠨ ᠢ ᠬᠠᠮᠢᠭ᠎ᠠ ᠲᠠᠯᠪᠢᠭᠰᠠᠨ ᠪᠤᠢ︖》 ᠭᠡᠰᠡᠨ ᠳᠦ᠂ ᠲᠡᠳᠡ᠄ 《ᠡᠵᠡᠨ ᠡ᠂ ᠢᠷᠡᠭᠡᠳ ᠦᠵᠡᠭᠡᠴᠢ》 ᠭᠡᠯ᠎ᠡ᠃ 35 ᠢᠰᠦ᠋ᠰ ᠤᠬᠢᠯᠠᠪᠠ᠃ 36 ᠲᠡᠭᠡᠲᠡᠯ᠎ᠡ ᠶᠦᠳᠠᠢᠴᠤᠳ᠄ 《ᠲᠡᠭᠦᠨ ᠳᠦ ᠬᠡᠴᠢᠨᠡᠨ ᠬᠠᠢᠷᠠᠲᠠᠢ ᠪᠠᠢᠭᠰᠠᠨ ᠢ ᠨᠢ ᠬᠠᠷᠠᠭᠠᠴᠢ》 ᠭᠡᠵᠡᠭᠡᠵᠦ ᠪᠠᠢᠯ᠎ᠠ᠃ 37 ᠬᠠᠷᠢᠨ ᠲᠡᠳᠡᠨ ᠦ ᠵᠠᠷᠢᠮ ᠨᠢ᠄ 《ᠰᠣᠬᠣᠷ ᠲᠤ ᠬᠠᠷᠠᠭ᠎ᠠ ᠣᠷᠣᠭᠤᠯᠤᠭᠰᠠᠨ ᠪᠠᠢᠲᠠᠯ᠎ᠠ ᠪᠠᠨ ᠲᠡᠭᠦᠨ ᠢ ᠦᠬᠦᠭᠦᠯᠬᠦ ᠦᠭᠡᠢ ᠪᠠᠢᠵᠤ ᠴᠢᠳᠠᠭ᠎ᠠ ᠦᠭᠡᠢ ᠶᠤᠮ ᠤᠤ︖》 ᠭᠡᠯᠴᠡᠵᠡᠢ᠃

38 ᠢᠰᠦ᠋ᠰ ᠳᠠᠬᠢᠭᠠᠳ ᠰᠡᠳᠬᠢᠯ ᠰᠢᠨᠠᠯᠵᠤ᠂ ᠪᠤᠯᠠᠰᠢ ᠤᠷᠤᠭᠤ ᠣᠴᠢᠪᠠ᠃ ᠲᠡᠷᠡ ᠪᠤᠯᠠᠰᠢ ᠨᠢ ᠠᠮᠠᠰᠠᠷ ᠢ ᠨᠢ ᠴᠢᠯᠠᠭᠤ ᠪᠠᠷ ᠪᠥᠭᠯᠡᠭᠰᠡᠨ ᠠᠭᠤᠢ ᠳᠣᠲᠣᠷ᠎ᠠ ᠪᠠᠢᠵᠠᠢ᠃ 39 ᠢᠰᠦ᠋ᠰ᠄ 《ᠴᠢᠯᠠᠭᠤ ᠶᠢ ᠵᠠᠢᠯᠠᠭᠤᠯ》 ᠭᠡᠵᠦ ᠬᠡᠯᠡᠯ᠎ᠡ᠃ ᠲᠠᠯᠢᠢᠭᠴᠢ ᠶᠢᠨ ᠡᠭᠡᠴᠢ ᠮᠠᠷᠲ᠋ᠠ᠄ 《ᠡᠵᠡᠨ ᠡ᠂ ᠲᠡᠷᠡ ᠦᠬᠦᠭᠡᠳ ᠳᠥᠷᠪᠡ ᠬᠣᠨᠣᠴᠢᠬᠠᠯ᠎ᠠ᠂ ᠣᠳᠣ ᠯᠠᠪ ᠥᠮᠡᠬᠡᠢᠷᠡᠭᠰᠡᠨ》 ᠭᠡᠰᠡᠨ ᠳᠦ᠂ 40 ᠢᠰᠦ᠋ᠰ᠄ 《〈ᠬᠡᠷᠪᠡ ᠴᠢ ᠢᠲᠡᠭᠡᠪᠡᠯ ᠪᠤᠷᠬᠠᠨ ᠤ ᠠᠯᠳᠠᠷ ᠰᠤᠤ ᠶᠢ ᠬᠠᠷᠠᠨ᠎ᠠ〉 ᠭᠡᠵᠦ ᠪᠢ ᠴᠢᠮ᠎ᠠ ᠳᠤ ᠬᠡᠯᠡᠭᠡ ᠦᠭᠡᠢ ᠭᠡᠵᠢ ᠤᠤ︖》 ᠭᠡᠪᠡ᠃ 41 ᠲᠡᠭᠡᠭᠡᠳ ᠬᠥᠮᠦᠰ ᠴᠢᠯᠠᠭᠤ ᠶᠢ ᠵᠠᠢᠯᠠᠭᠤᠯᠪᠠ᠃ ᠢᠰᠦ᠋ᠰ ᠳᠡᠭᠡᠭᠰᠢ ᠪᠠᠨ ᠬᠠᠷᠠᠨ᠄ 《ᠠᠪᠤ ᠡ᠂ ᠮᠢᠨᠦᠬᠢ ᠶᠢ ᠰᠣᠨᠣᠰᠣᠭᠰᠠᠨ ᠳᠤ ᠴᠢᠨᠢ ᠲᠠᠯᠠᠷᠬᠠᠵᠤ ᠪᠠᠢᠨ᠎ᠠ᠃ 42 ᠲᠠ ᠮᠢᠨᠦᠬᠢ ᠶᠢ ᠦᠷᠭᠦᠯᠵᠢ ᠰᠣᠨᠣᠰᠳᠠᠭ ᠢ ᠪᠢ ᠮᠡᠳᠡᠨ᠎ᠡ᠃ ᠬᠠᠷᠢᠨ ᠨᠠᠮᠠᠶᠢ ᠢᠯᠡᠭᠡᠭᠰᠡᠨ ᠢ ᠲᠠᠨᠢ ᠲᠣᠭᠣᠷᠢᠨ ᠵᠣᠭᠰᠣᠭᠰᠠᠨ ᠣᠯᠠᠨ ᠢᠲᠡᠭᠡᠭᠡᠰᠡᠢ ᠭᠡᠵᠦ ᠡᠭᠦᠨ ᠢ ᠬᠡᠯᠡᠭᠰᠡᠨ ᠶᠤᠮ》 ᠭᠡᠳ 43 ᠴᠢᠩᠭ᠍᠎ᠠ ᠳᠠᠭᠤ ᠪᠠᠷ᠄ 《ᠯᠠᠽᠠᠷᠠ ᠡ᠂ ᠭᠠᠷᠤᠭᠠᠳ ᠢᠷ᠎ᠡ︕》 ᠭᠡᠰᠡᠨ ᠳᠦ᠂ 44 ᠨᠥᠭᠥᠭᠡ ᠦᠬᠦᠭᠰᠡᠨ ᠬᠥᠮᠦᠨ ᠭᠠᠷ ᠬᠥᠯ ᠳᠡᠭᠡᠨ ᠣᠷᠣᠰᠢᠭᠤᠯᠭ᠎ᠠ ᠶᠢᠨ ᠪᠣᠭᠣᠯᠲᠠ ᠲᠠᠢ᠂ ᠨᠢᠭᠤᠷ ᠲᠠᠭᠠᠨ ᠠᠯᠴᠢᠭᠤᠷ ᠤᠨ ᠣᠷᠢᠶᠠᠯᠲᠠ ᠲᠠᠢ ᠴᠢᠭ ᠢᠶᠠᠷ ᠢᠶᠠᠨ ᠭᠠᠷᠴᠤ ᠢᠷᠡᠪᠡ᠃ ᠢᠰᠦ᠋ᠰ ᠲᠡᠳᠡᠨ ᠳᠦ᠄ 《ᠲᠠᠢᠯᠤᠭᠠᠳ᠂ ᠲᠡᠭᠦᠨ ᠢ ᠶᠠᠪᠤᠭᠤᠯ》 ᠭᠡᠵᠦ ᠬᠡᠯᠡᠪᠡ᠃
 ᠢᠰᠦ᠋ᠰ ᠢ ᠬᠥᠨᠥᠭᠡᠬᠦ ᠭᠡᠰᠡᠨ ᠬᠤᠤᠪᠢᠯᠳᠤᠭᠠᠨ

45 ᠮᠠᠷᠢᠶᠠ ᠶᠢᠨ ᠳᠤ ᠢᠷᠡᠭᠡᠳ ᠢᠰᠦ᠋ᠰ ᠤᠨ ᠬᠢᠭᠰᠡᠨ ᠵᠦᠢᠯᠡᠰ ᠢ ᠬᠠᠷᠠᠭᠰᠠᠨ ᠶᠦᠳᠠᠢᠴᠤᠳ ᠠᠴᠠ ᠣᠯᠠᠨ ᠬᠥᠮᠦᠨ ᠲᠡᠭᠦᠨ ᠢ ᠢᠲᠡᠭᠡᠵᠡᠢ᠃ 46 ᠬᠠᠷᠢᠨ ᠲᠡᠳᠡᠨ ᠦ ᠵᠠᠷᠢᠮ ᠨᠢ ᠹᠠᠷᠢᠰᠠᠢᠴᠤᠳ ᠤᠷᠤᠭᠤ ᠣᠴᠢᠵᠤ᠂ ᠢᠰᠦ᠋ᠰ ᠤᠨ ᠬᠢᠭᠰᠡᠨ ᠵᠦᠢᠯᠡᠰ ᠢ ᠲᠡᠳᠡᠨ ᠳᠦ ᠬᠡᠯᠡᠵᠡᠭᠡᠪᠡ᠃ 47 ᠠᠬᠠᠯᠠᠬᠤ ᠲᠠᠬᠢᠯᠴᠢᠳ ᠪᠣᠯᠣᠨ ᠹᠠᠷᠢᠰᠠᠢᠴᠤᠳ ᠰᠢᠭᠦᠬᠦ ᠵᠥᠪᠯᠡᠯᠳᠦᠭᠡᠨ ᠪᠣᠯᠵᠤ᠄ 《ᠪᠢᠳᠡ ᠶᠠᠭᠠᠬᠢᠬᠤ ᠪᠤᠢ︖ ᠡᠨᠡ ᠬᠥᠮᠦᠨ ᠣᠯᠠᠨ ᠰᠢᠳᠢ ᠲᠡᠮᠳᠡᠭ ᠦᠢᠯᠡᠳᠴᠦ ᠪᠠᠢᠨ᠎ᠠ᠃ 48 ᠬᠡᠷᠪᠡ ᠪᠢᠳᠡ ᠲᠡᠭᠦᠨ ᠢ ᠡᠨᠡ ᠮᠡᠲᠦ ᠪᠠᠢᠯᠭᠠᠭᠠᠳ ᠪᠠᠢᠪᠠᠯ ᠪᠦᠬᠦ ᠬᠥᠮᠦᠨ ᠲᠡᠭᠦᠨ ᠢ ᠢᠲᠡᠭᠡᠨ᠎ᠡ᠃ ᠲᠡᠭᠡᠪᠡᠯ ᠷᠣᠮᠠᠴᠤᠳ ᠢᠷᠡᠵᠦ ᠮᠠᠨ ᠤ ᠠᠷᠢᠭᠤᠨ ᠭᠠᠵᠠᠷ ᠪᠣᠯᠣᠨ ᠦᠨᠳᠦᠰᠦᠲᠡᠨ ᠢ ᠮᠢᠨᠢ ᠪᠤᠯᠢᠶᠠᠬᠤ ᠪᠤᠢ》 ᠭᠡᠵᠡᠭᠡᠪᠡ᠃ 49 ᠲᠡᠳᠡᠨ ᠦ ᠨᠢᠭᠡ ᠪᠥᠭᠡᠳ ᠲᠤᠰ ᠵᠢᠯ ᠤᠨ ᠲᠡᠷᠢᠭᠦᠨ ᠲᠠᠬᠢᠯᠴᠢ ᠪᠣᠯᠣᠭᠰᠠᠨ ᠺᠠᠶᠠᠹᠠ ᠲᠡᠳᠡᠨ ᠳᠦ᠄ 《ᠲᠠ ᠨᠠᠷ ᠶᠠᠭᠤ ᠴᠤ ᠮᠡᠳᠡᠬᠦ ᠦᠭᠡᠢ᠃ 50 ᠪᠦᠬᠦᠢᠯᠡ ᠤᠯᠤᠰ ᠦᠨᠳᠦᠰᠦᠲᠡᠨ ᠢᠶᠡᠨ ᠮᠥᠬᠥᠭᠡᠬᠦ ᠦᠭᠡᠢ ᠶᠢᠨ ᠲᠥᠯᠥᠭᠡ ᠠᠷᠠᠳ ᠲᠦᠮᠡᠨ ᠦ ᠣᠷᠣᠨ ᠳᠤ ᠨᠢᠭᠡ ᠬᠥᠮᠦᠨ ᠦᠬᠦᠬᠦ ᠨᠢ ᠲᠠ ᠨᠠᠷ ᠲᠤ ᠲᠤᠰᠠ ᠲᠠᠢ ᠭᠡᠳᠡᠭ ᠢ ᠣᠢᠯᠠᠭᠠᠬᠤ ᠦᠭᠡᠢ ᠪᠠᠢᠨ᠎ᠠ》 ᠭᠡᠵᠦ ᠬᠡᠯᠡᠪᠡ᠃ 51 ᠲᠡᠷᠡ ᠥᠪᠡᠷ ᠦᠨ ᠢᠶᠠᠨ ᠰᠠᠨᠠᠭ᠎ᠠ ᠪᠠᠷ ᠡᠭᠦᠨ ᠢ ᠬᠡᠯᠡᠭᠡ ᠦᠭᠡᠢ᠂ ᠬᠠᠷᠢᠨ ᠮᠥᠨ ᠵᠢᠯ ᠤᠨ ᠲᠡᠷᠢᠭᠦᠨ ᠲᠠᠬᠢᠯᠴᠢ ᠪᠠᠢᠭᠰᠠᠨ ᠤᠴᠢᠷ ᠠᠴᠠ ᠢᠰᠦ᠋ᠰ ᠤᠨ ᠢᠪᠷᠠᠢ ᠦᠨᠳᠦᠰᠦᠲᠡᠨ ᠦ ᠲᠥᠯᠥᠭᠡ ᠦᠬᠦᠬᠦ ᠶᠢ᠂ 52 ᠪᠠᠰᠠ ᠵᠥᠪᠬᠡᠨ ᠲᠡᠷᠡ ᠦᠨᠳᠦᠰᠦᠲᠡᠨ ᠦ ᠲᠥᠯᠥᠭᠡ ᠪᠤᠰᠤ᠂ ᠬᠠᠷᠢᠨ ᠪᠤᠷᠬᠠᠨ ᠤ ᠪᠤᠲᠠᠷᠠᠭᠰᠠᠨ ᠬᠡᠦᠬᠡᠳ ᠤᠳ ᠢ ᠪᠥᠭᠡᠮᠨᠡᠷᠡᠭᠦᠯᠵᠦ ᠨᠢᠭᠡᠳᠬᠡᠬᠦ ᠶᠢᠨ ᠲᠥᠯᠥᠭᠡ ᠦᠬᠦᠬᠦ ᠶᠢ ᠡᠰᠢ ᠦᠵᠡᠭᠦᠯᠵᠡᠢ᠃ 53 ᠲᠡᠷᠡ ᠡᠳᠦᠷ ᠡᠴᠡ ᠡᠬᠢᠯᠡᠨ ᠲᠡᠳᠡ ᠢᠰᠦ᠋ᠰ ᠢ ᠠᠯᠠᠬᠤ ᠪᠠᠷ ᠬᠤᠤᠪᠢᠯᠳᠤᠪᠠ᠃

54 ᠲᠡᠢᠮᠦ ᠡᠴᠡ ᠢᠰᠦ᠋ᠰ ᠶᠦᠳᠠᠢᠴᠤᠳ ᠤᠨ ᠳᠤᠮᠳᠠ ᠢᠯᠡ ᠪᠡᠷ ᠶᠠᠪᠤᠬᠤ ᠪᠠᠨ ᠪᠣᠯᠢᠭᠠᠳ ᠲᠡᠨᠳᠡ ᠡᠴᠡ ᠰᠠᠯᠤᠨ᠂ ᠴᠥᠯ ᠦᠨ ᠣᠢᠷᠠᠯᠴᠠᠭᠠᠬᠢ ᠨᠤᠲᠤᠭ᠂ ᠲᠤᠬᠠᠢᠯᠠᠪᠠᠯ ᠧᠹᠷᠠᠢᠮ ᠭᠡᠬᠦ ᠲᠣᠰᠬᠣᠨ ᠳᠤ ᠬᠦᠷᠴᠦ᠂ ᠲᠡᠨᠳᠡ ᠱᠠᠪᠢ ᠨᠠᠷ ᠤᠨ ᠢᠶᠠᠨ ᠬᠠᠮᠲᠤ ᠪᠠᠢᠯᠴᠠᠪᠠ᠃

55 ᠶᠦᠳᠠᠢᠴᠤᠳ ᠤᠨ ᠭᠡᠲᠦᠯᠭᠡᠭᠰᠡᠨ ᠦ ᠪᠠᠶᠠᠷ ᠳᠥᠭᠥᠭᠰᠡᠨ ᠳᠦ᠂ ᠣᠯᠠᠨ ᠬᠥᠮᠦᠨ ᠭᠡᠲᠦᠯᠭᠡᠭᠰᠡᠨ ᠦ ᠪᠠᠶᠠᠷ ᠠᠴᠠ ᠡᠮᠦᠨ᠎ᠡ ᠥᠪᠡᠷᠰᠡᠳ ᠢ ᠪᠠᠨ ᠠᠷᠢᠭᠤᠳᠬᠠᠬᠤ ᠪᠠᠷ ᠶᠧᠷᠦ᠋ᠰᠠᠯᠧᠮ ᠥᠭᠡᠳᠡ ᠶᠠᠪᠤᠵᠠᠢ᠃ 56 ᠲᠡᠳᠡ ᠢᠰᠦ᠋ᠰ ᠢ ᠡᠷᠢᠵᠦ᠂ ᠠᠷᠢᠭᠤᠨ ᠣᠷᠳᠣᠨ ᠳᠣᠲᠣᠷ᠎ᠠ ᠵᠣᠭᠰᠣᠨ ᠬᠣᠭᠣᠷᠣᠨᠳᠣ ᠪᠠᠨ᠄ 《ᠶᠠᠭᠤ ᠭᠡᠵᠦ ᠪᠣᠳᠣᠵᠤ ᠪᠠᠢᠨ᠎ᠠ ᠪᠤᠢ︖ ᠪᠠᠶᠠᠷ ᠳᠡᠭᠡᠷ᠎ᠡ ᠲᠡᠷᠡ ᠢᠷᠡᠬᠦ ᠦᠭᠡᠢ ᠶᠤᠮ ᠪᠣᠯᠪᠠ ᠤᠤ︖》 ᠭᠡᠵᠡᠭᠡᠪᠡ᠃ 57 ᠲᠡᠷᠡ ᠦᠶ᠎ᠡ ᠳᠦ ᠠᠬᠠᠯᠠᠬᠤ ᠲᠠᠬᠢᠯᠴᠢᠳ ᠪᠣᠯᠣᠨ ᠹᠠᠷᠢᠰᠠᠢᠴᠤᠳ᠄ 《ᠬᠡᠨ ᠬᠡᠷᠪᠡ ᠢᠰᠦ᠋ᠰ ᠤᠨ ᠬᠠᠮᠢᠭ᠎ᠠ ᠪᠠᠢᠬᠤ ᠶᠢ ᠮᠡᠳᠡᠪᠡᠯ ᠪᠢᠳᠡᠨ ᠳᠦ ᠮᠡᠳᠡᠭᠳᠡᠵᠦ ᠪᠠᠷᠢᠪᠴᠢᠯᠠᠭᠤᠯ》 ᠭᠡᠵᠦ ᠵᠠᠷᠯᠢᠭᠳᠠᠭᠰᠠᠨ ᠠᠵᠢ᠃