1 2 3 4 5 6 7 8 9 10 11 12 13 14 15 16 17 18 19 20 21


ᠶᠣᠬᠠᠨ ᠵᠢᠷᠭᠤᠭ᠎ᠠ
 ᠢᠰᠦ᠋ᠰ ᠲᠠᠪᠤᠨ ᠮᠢᠩ᠋ᠭᠠᠨ ᠬᠥᠮᠦᠨ ᠢ ᠬᠣᠭᠣᠯᠠᠯᠠᠭᠤᠯᠤᠭᠰᠠᠨ ᠨᠢ

1 ᠡᠭᠦᠨ ᠦ ᠳᠠᠷᠠᠭ᠎ᠠ᠂ ᠢᠰᠦ᠋ᠰ ᠭᠠᠯᠢᠯᠠᠶ᠎ᠠ (ᠲᠢᠪᠧᠷ) ᠨᠠᠭᠤᠷ ᠤᠨ ᠨᠥᠭᠥᠭᠡ ᠲᠠᠯ᠎ᠠ ᠤᠷᠤᠭᠤ ᠶᠠᠪᠤᠪᠠ᠃ 2 ᠡᠪᠡᠳᠴᠢᠲᠡᠳ ᠲᠦ ᠦᠢᠯᠡᠳᠦᠭᠰᠡᠨ ᠰᠢᠳᠢ ᠲᠡᠮᠳᠡᠭ ᠢ ᠨᠢ ᠬᠠᠷᠠᠭᠰᠠᠨ ᠮᠠᠰᠢ ᠣᠯᠠᠨ ᠬᠥᠮᠦᠨ ᠲᠡᠭᠦᠨ ᠢ ᠳᠠᠭᠠᠵᠤ ᠪᠠᠢᠯ᠎ᠠ᠃ 3 ᠢᠰᠦ᠋ᠰ ᠠᠭᠤᠯᠠᠨ ᠳᠡᠭᠡᠷ᠎ᠡ ᠭᠠᠷᠴᠤ ᠱᠠᠪᠢ ᠨᠠᠷ ᠤᠨ ᠢᠶᠠᠨ ᠬᠠᠮᠲᠤ ᠰᠠᠭᠤᠪᠠ᠃ 4 ᠶᠦᠳᠠᠢᠴᠤᠳ ᠤᠨ ᠭᠡᠲᠦᠯᠭᠡᠭᠰᠡᠨ ᠦ ᠪᠠᠶᠠᠷ ᠣᠢᠷᠠᠲᠤᠭᠰᠠᠨ ᠪᠠᠢᠯ᠎ᠠ᠃ 5 ᠢᠰᠦ᠋ᠰ ᠨᠢᠳᠦ ᠡᠷᠭᠦᠨ᠂ ᠮᠠᠰᠢ ᠣᠯᠠᠨ ᠬᠥᠮᠦᠨ ᠦ ᠨᠠᠰᠢ ᠢᠷᠡᠬᠦ ᠶᠢ ᠬᠠᠷᠠᠭᠠᠳ ᠹᠢᠯᠢᠫ ᠲᠤ᠄ 《ᠪᠢᠳᠡ ᠲᠡᠳᠡᠨ ᠳᠦ ᠢᠳᠡᠭᠦᠯᠬᠦ ᠪᠣᠣᠪᠣ ᠶᠢ ᠬᠠᠮᠢᠭ᠎ᠠ ᠠᠴᠠ ᠬᠤᠳᠠᠯᠳᠤᠵᠤ ᠠᠪᠬᠤ ᠪᠤᠢ︖》 ᠭᠡᠯ᠎ᠡ᠃ 6 ᠲᠡᠷᠡ ᠹᠢᠯᠢᠫ ᠢ ᠰᠣᠷᠢᠬᠤ ᠪᠠᠷ ᠲᠡᠢᠨ ᠬᠦ ᠬᠡᠯᠡᠵᠡᠢ᠃ ᠤᠴᠢᠷ ᠨᠢ᠂ ᠢᠰᠦ᠋ᠰ ᠶᠠᠭᠤ ᠬᠢᠬᠦ ᠪᠡᠨ ᠥᠪᠡᠷ ᠢᠶᠡᠨ ᠮᠡᠳᠡᠵᠦ ᠪᠠᠢᠪᠠ᠃ 7 ᠹᠢᠯᠢᠫ ᠬᠠᠷᠢᠭᠤ ᠳᠤᠨᠢ᠄ 《ᠬᠥᠮᠦᠨ ᠪᠦᠷᠢ ᠳᠤ ᠵᠢᠭᠠᠬᠠᠨ ᠠᠮᠰᠠᠭᠤᠯᠤᠭᠰᠠᠨ ᠴᠤ ᠬᠣᠶᠠᠷ ᠵᠠᠭᠤᠨ ᠳ᠋ᠧᠨᠠᠷ 11  ᠤᠨ ᠪᠣᠣᠪᠣ ᠲᠡᠳᠡᠨ ᠳᠦ ᠬᠦᠷᠦᠯᠴᠡᠬᠦ ᠦᠭᠡᠢ》 ᠭᠡᠪᠡ᠃ 8 ᠱᠠᠪᠢ ᠨᠠᠷ ᠤᠨ ᠬᠢᠨᠢ ᠨᠢᠭᠡ ᠪᠣᠯᠬᠤ ᠠᠨᠳ᠋ᠷᠧ (ᠰᠢᠮᠣᠨ ᠫᠧᠲ᠋ᠧᠷ ᠤᠨ ᠳᠡᠭᠦᠦ) ᠢᠰᠦ᠋ᠰ ᠲᠤ᠄ 9 《ᠡ᠊ᠨᠳᠡ ᠲᠠᠪᠤᠨ ᠠᠷᠪᠠᠢ ᠶᠢᠨ ᠪᠣᠣᠪᠣ᠂ ᠬᠣᠶᠠᠷ ᠵᠢᠭᠠᠰᠤ ᠲᠠᠢ ᠨᠢᠭᠡᠨ ᠬᠦᠦ ᠪᠤᠢ᠃ ᠬᠠᠷᠢᠨ ᠡᠢᠮᠦ ᠣᠯᠠᠨ ᠬᠥᠮᠦᠨ ᠳᠦ ᠶᠠᠭᠤ ᠪᠣᠯᠬᠤ ᠪᠤᠢ︖》 ᠭᠡᠯ᠎ᠡ᠃ 10 ᠢᠰᠦ᠋ᠰ᠄ 《ᠬᠥᠮᠦᠰ ᠢ ᠰᠠᠭᠤᠯᠭ᠎ᠠ》 ᠭᠡᠰᠡᠨ ᠳᠦ᠂ ᠵᠦᠯᠭᠡ ᠶᠡᠬᠡᠲᠡᠢ ᠲᠡᠷᠡ ᠭᠠᠵᠠᠷ ᠲᠤ ᠲᠠᠪᠤᠨ ᠮᠢᠩ᠋ᠭ᠎ᠠ ᠰᠢᠬᠠᠮ ᠡᠷ᠎ᠡ ᠰᠠᠭᠤᠵᠠᠭᠠᠯ᠎ᠠ᠃ 11 ᠢᠰᠦ᠋ᠰ ᠪᠣᠣᠪᠣ ᠨᠤᠭᠤᠳ ᠢ ᠠᠪᠴᠤ ᠲᠠᠯᠠᠷᠬᠠᠯ ᠡᠷᠭᠦᠭᠰᠡᠨ ᠦ ᠳᠠᠷᠠᠭ᠎ᠠ᠂ ᠲᠡᠨᠳᠡ ᠰᠠᠭᠤᠭ᠎ᠠ ᠬᠥᠮᠦᠰ ᠲᠦ ᠲᠦᠭᠡᠭᠡᠪᠡ᠃ ᠵᠢᠭᠠᠰᠤ ᠶᠢ ᠴᠤ ᠮᠥᠨ ᠬᠦᠰᠡᠭᠰᠡᠨ ᠴᠢᠨᠡᠭᠡ ᠪᠡᠷ ᠨᠢ ᠲᠡᠭᠡᠵᠦ ᠥᠭᠴᠡᠢ᠃ 12 ᠲᠡᠳᠡ ᠴᠠᠳᠤᠭᠰᠠᠨ ᠤ ᠳᠠᠷᠠᠭ᠎ᠠ᠂ ᠢᠰᠦ᠋ᠰ ᠱᠠᠪᠢ ᠨᠠᠷ ᠲᠠᠭᠠᠨ᠄ 《ᠦᠯᠡᠳᠡᠪᠦᠷᠢ ᠶᠢ ᠨᠢ ᠴᠤᠭᠯᠠᠭᠤᠯ᠂ ᠶᠠᠭᠤ ᠴᠤ ᠪᠦᠦ ᠬᠠᠶᠠ》 ᠭᠡᠪᠡ᠃ 13 ᠲᠡᠳᠡ ᠬᠥᠮᠦᠰ ᠦᠨ ᠢᠳᠡᠭᠰᠡᠨ ᠲᠠᠪᠤᠨ ᠠᠷᠪᠠᠢ ᠶᠢᠨ ᠪᠣᠣᠪᠣ ᠶᠢᠨ ᠦᠯᠡᠳᠡᠪᠦᠷᠢ ᠶᠢ ᠴᠤᠭᠯᠠᠭᠤᠯᠬᠤ ᠳᠤ᠂ ᠠᠷᠪᠠᠨ ᠬᠣᠶᠠᠷ ᠰᠠᠭᠰᠤ ᠳᠦᠭᠦᠷᠴᠡᠢ᠃ 14 ᠢᠰᠦ᠋ᠰ ᠤᠨ ᠦᠢᠯᠡᠳᠦᠭᠰᠡᠨ ᠰᠢᠳᠢ ᠲᠡᠮᠳᠡᠭ ᠢ ᠬᠥᠮᠦᠰ ᠦᠵᠡᠭᠡᠳ᠄ 《ᠶᠢᠷᠲᠢᠨᠴᠦ ᠳᠦ ᠢᠷᠡᠬᠦ ᠶᠣᠰᠣᠲᠠᠢ ᠨᠥᠭᠥᠭᠡ ᠡᠰᠢ ᠦᠵᠡᠭᠦᠯᠦᠭᠴᠢ ᠨᠢ ᠶᠠᠭ ᠡᠨᠡ ᠮᠥᠨ》 ᠭᠡᠵᠦ ᠶᠠᠷᠢᠯᠴᠠᠬᠤ ᠪᠣᠯᠪᠠ᠃
 ᠢᠰᠦ᠋ᠰ ᠤᠰᠤᠨ ᠳᠡᠭᠡᠷ᠎ᠡ ᠠᠯᠬᠤᠭᠰᠠᠨ ᠨᠢ

15 ᠲᠡᠳᠡ ᠢᠷᠡᠵᠦ ᠥᠪᠡᠷ ᠢ ᠨᠢ ᠠᠯᠪᠠᠳᠠᠨ ᠬᠠᠭᠠᠨ ᠪᠣᠯᠭᠠᠬᠤ ᠭᠡᠵᠦ ᠪᠠᠢᠭ᠎ᠠ ᠶᠢ ᠢᠰᠦ᠋ᠰ ᠮᠡᠳᠡᠭᠡᠳ ᠭᠠᠭᠴᠠᠭᠠᠷ ᠢᠶᠠᠨ ᠳᠠᠬᠢᠨ ᠠᠭᠤᠯᠠ ᠤᠷᠤᠭᠤ ᠶᠠᠪᠤᠪᠠ᠃

16 ᠣᠷᠣᠢ ᠪᠣᠯᠬᠤ ᠳᠤ ᠱᠠᠪᠢ ᠨᠠᠷ ᠨᠢ ᠨᠠᠭᠤᠷ ᠤᠷᠤᠭᠤ ᠪᠠᠭᠤᠨ᠂ 17 ᠵᠠᠪᠢᠨ ᠳᠤ ᠰᠠᠭᠤᠵᠠᠭᠠᠭᠠᠳ ᠨᠠᠭᠤᠷ ᠢ ᠭᠠᠲᠤᠯᠤᠨ ᠺᠠᠹᠠᠷᠨᠠᠦ᠋ᠮ ᠢ ᠵᠦᠭᠯᠡᠪᠡ᠃ ᠬᠠᠷᠠᠩ᠋ᠭᠤᠢ ᠪᠣᠯᠣᠭᠰᠠᠨ ᠪᠣᠯᠪᠠᠴᠤ ᠢᠰᠦ᠋ᠰ ᠲᠡᠳᠡᠨ ᠤᠷᠤᠭᠤ ᠬᠠᠷᠠᠬᠠᠨ ᠢᠷᠡᠭᠡ ᠦᠭᠡᠢ ᠪᠠᠢᠬᠤ ᠦᠶ᠎ᠡ ᠳᠦ 18 ᠬᠦᠴᠦᠲᠦ ᠰᠠᠯᠬᠢᠨ ᠠᠴᠠ ᠪᠣᠯᠵᠤ ᠨᠠᠭᠤᠷ ᠳᠠᠪᠠᠯᠭᠠᠯᠠᠵᠤ ᠡᠬᠢᠯᠡᠪᠡ᠃ 19 ᠲᠡᠳᠡ ᠠᠷᠪᠠᠭᠠᠳ ᠭᠠᠵᠠᠷ ᠰᠡᠯᠢᠭᠦᠷᠳᠡᠵᠦ ᠪᠠᠢᠭᠰᠠᠨ ᠢᠶᠠᠨ ᠢᠰᠦ᠋ᠰ ᠤᠨ ᠨᠠᠭᠤᠷ ᠳᠡᠭᠡᠭᠦᠷ ᠠᠯᠬᠤᠨ᠂ ᠵᠠᠪᠢ ᠤᠷᠤᠭᠤ ᠨᠢ ᠳᠥᠬᠥᠬᠦ ᠶᠢ ᠬᠠᠷᠠᠭᠠᠳ ᠠᠶᠤᠵᠠᠭᠠᠪᠠ᠃ 20 ᠢᠰᠦ᠋ᠰ᠄ 《ᠪᠢ ᠪᠠᠢᠨ᠎ᠠ᠂ ᠪᠦᠦ ᠠᠶᠤ︕》 ᠭᠡᠰᠡᠨ ᠳᠦ᠂ 21 ᠲᠡᠳᠡ ᠪᠠᠶᠠᠷ ᠲᠠᠢ ᠪᠠᠷ ᠢᠰᠦ᠋ᠰ ᠢ ᠵᠠᠪᠢ ᠳᠡᠭᠡᠷ᠎ᠡ ᠪᠡᠨ ᠭᠠᠷᠭᠠᠯ᠎ᠠ᠂ ᠵᠠᠪᠢ ᠨᠢ ᠲᠡᠷᠡ ᠳᠠᠷᠤᠢ ᠵᠣᠷᠢᠭᠰᠠᠨ ᠭᠠᠵᠠᠷ ᠲᠠᠭᠠᠨ ᠬᠦᠷᠴᠡᠢ᠃

22 ᠲᠡᠨᠳᠡ ᠪᠠᠢᠭᠰᠠᠨ ᠭᠠᠭᠴᠠ ᠵᠠᠪᠢ ᠪᠠᠷ ᠱᠠᠪᠢ ᠨᠠᠷ ᠨᠢ ᠲᠤᠰᠠᠭᠠᠷ ᠢᠶᠠᠨ ᠶᠠᠪᠤᠭᠰᠠᠨ᠂ ᠢᠰᠦ᠋ᠰ ᠱᠠᠪᠢ ᠨᠠᠷ ᠲᠡᠢ ᠪᠡᠨ ᠬᠠᠮᠲᠤ ᠵᠠᠪᠢᠨ ᠳᠤ ᠭᠠᠷᠤᠭᠰᠠᠨ ᠦᠭᠡᠢ ᠶᠢ ᠨᠠᠭᠤᠷ ᠤᠨ ᠲᠡᠷᠲᠡᠭᠡ ᠪᠠᠢᠭᠰᠠᠨ ᠣᠯᠠᠨ ᠬᠥᠮᠦᠨ ᠳᠠᠷᠠᠭ᠎ᠠ ᠡᠳᠦᠷ ᠨᠢ ᠮᠡᠳᠡᠵᠡᠢ᠃ 23 ᠲᠡᠭᠡᠬᠦ ᠳᠦ᠂ ᠲᠢᠪᠧᠷ ᠡᠴᠡ ᠭᠠᠷᠤᠭᠰᠠᠨ ᠬᠡᠳᠦᠨ ᠵᠠᠪᠢ ᠡᠵᠡᠨ ᠦ ᠲᠠᠯᠠᠷᠬᠠᠯ ᠡᠷᠭᠦᠨ ᠬᠥᠮᠦᠰ ᠲᠦ ᠪᠣᠣᠪᠣ ᠢᠳᠡᠭᠦᠯᠵᠦ ᠪᠠᠢᠭᠰᠠᠨ ᠲᠡᠷᠡ ᠭᠠᠵᠠᠷ ᠤᠨ ᠣᠢᠷᠠᠯᠴᠠᠭ᠎ᠠ ᠢᠷᠡᠵᠡᠢ᠃ 24 ᠲᠡᠨᠳᠡ ᠢᠰᠦ᠋ᠰ ᠴᠤ᠂ ᠱᠠᠪᠢ ᠨᠠᠷ ᠨᠢ ᠴᠤ ᠪᠠᠢᠬᠤ ᠦᠭᠡᠢ ᠶᠢ ᠮᠡᠳᠡᠭᠰᠡᠨ ᠣᠯᠠᠨ ᠬᠥᠮᠦᠨ ᠵᠠᠪᠢᠨ ᠳᠤ ᠰᠠᠭᠤᠭᠠᠳ ᠢᠰᠦ᠋ᠰ ᠢ ᠬᠠᠢᠭᠰᠠᠭᠠᠷ ᠺᠠᠹᠠᠷᠨᠠᠦ᠋ᠮ ᠳᠤ ᠬᠦᠷᠪᠡ᠃
 ᠠᠷᠠᠳ ᠣᠯᠠᠨ ᠳᠤ ᠠᠢᠯᠠᠳᠤᠭᠰᠠᠨ ᠦᠭᠡᠰ

25 ᠲᠡᠳᠡ ᠲᠡᠭᠦᠨ ᠢ ᠨᠠᠭᠤᠷ ᠤᠨ ᠨᠥᠭᠥᠭᠡ ᠲᠠᠯ᠎ᠠ ᠠᠴᠠ ᠣᠯᠣᠭᠠᠳ᠄ 《ᠪᠠᠭᠰᠢ ᠡ᠂ ᠲᠠ ᠬᠡᠵᠢᠶ᠎ᠡ ᠡ᠊ᠨᠳᠡ ᠢᠷᠡᠭᠰᠡᠨ ᠪᠤᠢ︖》 ᠭᠡᠪᠡ᠃ 26 ᠢᠰᠦ᠋ᠰ᠄ 《ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠲᠠ ᠨᠠᠷ ᠰᠢᠳᠢ ᠲᠡᠮᠳᠡᠭ ᠤᠳ ᠢ ᠦᠵᠡᠭᠰᠡᠨ ᠳᠡᠭᠡᠨ ᠪᠢᠰᠢ᠂ ᠬᠠᠷᠢᠨ ᠪᠣᠣᠪᠣ ᠢᠳᠡᠵᠦ ᠴᠠᠳᠤᠭᠰᠠᠨ ᠳᠠᠭᠠᠨ ᠨᠠᠮᠠᠶᠢ ᠬᠠᠢᠵᠤ ᠪᠠᠢᠨ᠎ᠠ᠃ 27 ᠢᠯᠵᠢᠷᠡᠵᠦ ᠳᠠᠭᠤᠰᠬᠤ ᠬᠣᠭᠣᠯᠠᠨ ᠤ ᠲᠥᠯᠥᠭᠡ ᠪᠤᠰᠤ᠂ ᠬᠠᠷᠢᠨ ᠮᠥᠩᠬᠡ ᠠᠮᠢᠨ ᠳᠤ ᠬᠦᠷᠭᠡᠬᠦ ᠬᠣᠭᠣᠯᠠᠨ ᠤ ᠲᠥᠯᠥᠭᠡ ᠠᠵᠢᠯᠯᠠ᠃ ᠲᠡᠷᠡ ᠬᠣᠭᠣᠯᠠ ᠶᠢ ᠬᠥᠮᠦᠨ ᠦ ᠬᠦᠦ ᠲᠠ ᠨᠠᠷ ᠲᠤ ᠥᠭᠭᠥᠨ᠎ᠡ᠃ ᠤᠴᠢᠷ ᠨᠢ ᠬᠥᠮᠦᠨ ᠦ ᠬᠦᠦ ᠶᠢᠨ ᠳᠡᠭᠡᠷ᠎ᠡ ᠡᠴᠢᠭᠡ ᠪᠤᠷᠬᠠᠨ ᠲᠠᠮᠠᠭᠠᠯᠠᠵᠤ ᠨᠣᠲᠠᠯᠠᠭᠰᠠᠨ ᠶᠤᠮ》 ᠭᠡᠰᠡᠨ ᠳᠦ᠂ 28 ᠲᠡᠳᠡ᠄ 《ᠪᠢᠳᠡ ᠪᠤᠷᠬᠠᠨ ᠤ ᠬᠦᠰᠡᠳᠡᠭ ᠠᠵᠢᠯ ᠤᠳ ᠢ ᠪᠡᠶᠡᠯᠡᠭᠦᠯᠬᠦ ᠶᠢᠨ ᠲᠤᠯᠠᠳᠠ ᠶᠠᠭᠠᠬᠢᠬᠤ ᠶᠣᠰᠣᠲᠠᠢ ᠪᠤᠢ︖》 ᠭᠡᠰᠡᠨ ᠳᠦ᠂ 29 ᠢᠰᠦ᠋ᠰ᠄ 《ᠪᠤᠷᠬᠠᠨ ᠤ ᠢᠯᠡᠭᠡᠭᠰᠡᠨ ᠨᠢᠭᠡᠨ ᠢ ᠢᠲᠡᠭᠡᠬᠦ ᠨᠢ ᠪᠤᠷᠬᠠᠨ ᠤ ᠠᠵᠢᠯ ᠮᠥᠨ》 ᠭᠡᠵᠦ ᠬᠠᠷᠢᠭᠤᠯᠪᠠ᠃ 30 ᠲᠡᠳᠡ᠄ 《ᠲᠡᠢᠮᠦ ᠪᠣᠯ ᠲᠠ ᠪᠢᠳᠡᠨ ᠳᠦ ᠦᠵᠡᠭᠦᠯᠵᠦ ᠢᠲᠡᠭᠡᠭᠦᠯᠬᠦ ᠪᠡᠷ ᠶᠠᠮᠠᠷ ᠰᠢᠳᠢ ᠲᠡᠮᠳᠡᠭ ᠢ ᠦᠢᠯᠡᠳᠬᠦ ᠪᠤᠢ︖ ᠲᠠ ᠶᠠᠭᠤ ᠬᠢᠬᠦ ᠭᠡᠵᠦ ᠪᠠᠢᠭ᠎ᠠ ᠶᠤᠮ ᠪᠤᠢ︖ 31 ᠪᠢᠳᠡᠨ ᠦ ᠳᠡᠭᠡᠳᠦᠰ 〈ᠲᠩᠷᠢ ᠡᠴᠡ ᠬᠦᠨᠡᠰᠦ ᠪᠠᠭᠤᠯᠭᠠᠨ ᠢᠳᠡᠭᠦᠯᠦᠭᠰᠡᠨ〉 ᠭᠡᠵᠦ ᠪᠢᠴᠢᠭᠳᠡᠭᠰᠡᠨ ᠲᠡᠢ ᠠᠳᠠᠯᠢ ᠪᠠᠷ ᠴᠥᠯ ᠳᠤ ᠮᠠᠨᠨᠠ ᠢᠳᠡᠭᠰᠡᠨ》 ᠭᠡᠵᠡᠭᠡᠬᠦ ᠳᠦ᠂ 32 ᠢᠰᠦ᠋ᠰ᠄ 《ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠂ ᠲᠩᠷᠢ ᠡᠴᠡ ᠪᠣᠣᠪᠣ ᠪᠠᠭᠤᠯᠭᠠᠭᠴᠢ ᠨᠢ ᠮᠣᠰᠧ ᠪᠢᠰᠢ᠂ ᠬᠠᠷᠢᠨ ᠲᠩᠷᠢ ᠡᠴᠡ ᠵᠢᠩᠬᠢᠨᠢ ᠪᠣᠣᠪᠣ ᠶᠢ ᠪᠠᠭᠤᠯᠭᠠᠨ ᠰᠣᠶᠣᠷᠬᠠᠭᠴᠢ ᠨᠢ ᠮᠢᠨᠦ ᠡᠴᠢᠭᠡ ᠪᠢᠯᠡ᠃ 33 ᠪᠤᠷᠬᠠᠨ ᠤ ᠪᠣᠣᠪᠣ ᠪᠣᠯ ᠲᠩᠷᠢ ᠡᠴᠡ ᠪᠠᠭᠤᠵᠤ᠂ ᠶᠢᠷᠲᠢᠨᠴᠦ ᠳᠦ ᠠᠮᠢ ᠥᠭᠭᠥᠭᠴᠢ ᠶᠤᠮ》 ᠭᠡᠯ᠎ᠡ᠃ 34 ᠲᠡᠭᠡᠲᠡᠯ᠎ᠡ ᠲᠡᠳᠡ᠄ 《ᠡᠵᠡᠨ ᠡ᠂ ᠲᠡᠷᠡ ᠪᠣᠣᠪᠣ ᠶᠢ ᠪᠢᠳᠡᠨ ᠳᠦ ᠪᠠᠢᠩ᠋ᠭᠤ ᠰᠣᠶᠣᠷᠬᠠᠭᠠᠴᠢ》 ᠭᠡᠪᠡ᠃

35 ᠢᠰᠦ᠋ᠰ᠄ 《ᠪᠢ ᠪᠣᠯ ᠠᠮᠢ ᠶᠢᠨ ᠪᠣᠣᠪᠣ ᠮᠥᠨ᠃ ᠨᠠᠳᠠ ᠤᠷᠤᠭᠤ ᠢᠷᠡᠭᠴᠢ ᠨᠢ ᠶᠡᠷᠦ ᠥᠯᠥᠰᠬᠦ ᠦᠭᠡᠢ᠂ ᠨᠠᠮᠠᠶᠢ ᠢᠲᠡᠭᠡᠭᠴᠢ ᠨᠢ ᠶᠡᠷᠦ ᠬᠡᠵᠢᠶ᠎ᠡ ᠴᠤ ᠴᠠᠩ᠋ᠭᠠᠬᠤ ᠦᠭᠡᠢ᠃ 36 ᠬᠠᠷᠢᠨ ᠮᠢᠨᠦ ᠲᠠ ᠨᠠᠷ ᠲᠤ ᠬᠡᠯᠡᠭᠰᠡᠨᠴᠢᠯᠡᠨ᠂ ᠲᠠ ᠨᠠᠷ ᠨᠠᠮᠠᠶᠢ ᠬᠠᠷᠠᠭᠰᠠᠨ ᠴᠤ ᠢᠲᠡᠭᠡᠳᠡᠭ ᠦᠭᠡᠢ᠃ 37 ᠡᠴᠢᠭᠡ ᠶᠢᠨ ᠨᠠᠳᠠ ᠳᠤ ᠥᠭᠭᠥᠭᠰᠡᠨ ᠪᠣᠯᠭᠠᠨ ᠨᠢ ᠨᠠᠳᠠ ᠤᠷᠤᠭᠤ ᠢᠷᠡᠨ᠎ᠡ᠂ ᠨᠠᠳᠠ ᠤᠷᠤᠭᠤ ᠢᠷᠡᠬᠦ ᠬᠡᠨ ᠢ ᠴᠤ ᠪᠢ ᠶᠡᠷᠦ ᠬᠥᠭᠡᠭᠡᠬᠦ ᠦᠭᠡᠢ᠃ 38 ᠤᠴᠢᠷ ᠨᠢ ᠪᠢ ᠰᠠᠨᠠᠭ᠎ᠠ ᠪᠠᠨ ᠪᠡᠶᠡᠯᠡᠭᠦᠯᠬᠦ ᠶᠢᠨ ᠲᠤᠯᠠᠳᠠ ᠪᠤᠰᠤ᠂ ᠬᠠᠷᠢᠨ ᠨᠠᠮᠠᠶᠢ ᠢᠯᠡᠭᠡᠭᠰᠡᠨ ᠨᠢᠭᠡᠨ ᠦ ᠰᠠᠨᠠᠭ᠎ᠠ ᠶᠢ ᠪᠡᠶᠡᠯᠡᠭᠦᠯᠬᠦ ᠶᠢᠨ ᠲᠤᠯᠠᠳᠠ ᠲᠩᠷᠢ ᠡᠴᠡ ᠪᠠᠭᠤᠵᠤ ᠢᠷᠡᠭᠰᠡᠨ ᠶᠤᠮ᠃ 39 ᠨᠠᠮᠠᠶᠢ ᠢᠯᠡᠭᠡᠭᠴᠢ ᠶᠢᠨ ᠰᠠᠨᠠᠭ᠎ᠠ ᠪᠣᠯ᠂ ᠲᠡᠭᠦᠨ ᠦ ᠨᠠᠳᠠ ᠳᠤ ᠥᠭᠭᠥᠭᠰᠡᠨ ᠪᠦᠬᠦᠨ ᠡᠴᠡ ᠨᠢᠭᠡ ᠶᠢ ᠨᠢ ᠴᠤ ᠠᠯᠳᠠᠯ ᠦᠭᠡᠢ᠂ ᠪᠦᠬᠦᠨ ᠢ ᠡᠴᠦᠰ ᠦᠨ ᠡᠳᠦᠷ ᠲᠦ ᠨᠠᠳᠠ ᠪᠠᠷ ᠠᠮᠢᠯᠠᠭᠤᠯᠬᠤ ᠶᠠᠪᠤᠳᠠᠯ ᠶᠤᠮ᠃ 40 ᠮᠢᠨᠦ ᠡᠴᠢᠭᠡ ᠶᠢᠨ ᠰᠠᠨᠠᠭ᠎ᠠ ᠪᠣᠯ ᠦᠨᠡᠨ ᠳᠡᠭᠡᠨ ᠬᠦᠦ ᠶᠢ ᠨᠢ ᠬᠠᠷᠠᠭᠠᠳ ᠢᠲᠡᠭᠡᠭᠴᠢ ᠪᠦᠬᠦᠨ ᠮᠥᠩᠬᠡ ᠠᠮᠢ ᠲᠠᠢ ᠪᠣᠯᠬᠤ ᠶᠠᠪᠤᠳᠠᠯ ᠶᠤᠮ᠃ ᠡᠴᠦᠰ ᠦᠨ ᠡᠳᠦᠷ ᠪᠢ ᠥᠪᠡᠷ ᠢᠶᠡᠨ ᠲᠡᠳᠡᠨ ᠢ ᠠᠮᠢᠯᠠᠭᠤᠯᠤᠨ᠎ᠠ》 ᠭᠡᠯ᠎ᠡ᠃
 ᠶᠦᠳᠠᠢᠴᠤᠳ ᠲᠤ ᠠᠢᠯᠠᠳᠤᠭᠰᠠᠨ ᠦᠭᠡᠰ

41 《ᠪᠢ ᠪᠣᠯ ᠲᠩᠷᠢ ᠡᠴᠡ ᠪᠠᠭᠤᠵᠤ ᠢᠷᠡᠭᠰᠡᠨ ᠪᠣᠣᠪᠣ ᠮᠥᠨ》 ᠭᠡᠰᠡᠨ ᠳᠦ᠂ ᠶᠦᠳᠠᠢᠴᠤᠳ ᠢᠰᠦ᠋ᠰ ᠤᠨ ᠲᠤᠬᠠᠢ ᠰᠢᠪᠡᠨᠡᠯᠳᠦᠵᠦ ᠡᠬᠢᠯᠡᠨ᠄ 42 《ᠡᠨᠡ ᠴᠢᠨᠢ ᠶᠣᠰᠧᠹ ᠤᠨ ᠬᠦᠦ ᠢᠰᠦ᠋ᠰ ᠪᠢᠰᠢ ᠤᠤ︖ ᠪᠢᠳᠡ ᠡᠴᠢᠭᠡ ᠡᠬᠡ ᠶᠢ ᠨᠢ ᠴᠤ ᠲᠠᠨᠢᠨ᠎ᠠ ᠰᠢᠦ ᠳᠠ᠂ ᠲᠡᠷᠡ ᠶᠠᠭᠤᠨ ᠳᠤ᠄ 〈ᠪᠢ ᠪᠣᠯ ᠲᠩᠷᠢ ᠡᠴᠡ ᠪᠠᠭᠤᠵᠤ ᠢᠷᠡᠭᠰᠡᠨ〉 ᠭᠡᠨ᠎ᠡ ᠪᠤᠢ︖》 ᠭᠡᠯᠴᠡᠬᠦ ᠳᠦ᠂ 43 ᠢᠰᠦ᠋ᠰ᠄ 《ᠲᠠ ᠨᠠᠷ ᠰᠢᠪᠡᠨᠡᠯᠳᠦᠬᠦ ᠪᠡᠨ ᠪᠣᠯᠢ᠃ 44 ᠨᠠᠮᠠᠶᠢ ᠢᠯᠡᠭᠡᠭᠰᠡᠨ ᠡᠴᠢᠭᠡ ᠲᠠᠲᠠᠬᠤ ᠦᠭᠡᠢ ᠯᠠ ᠪᠣᠯ ᠬᠡᠨ ᠴᠤ ᠨᠠᠳᠠ ᠤᠷᠤᠭᠤ ᠢᠷᠡᠵᠦ ᠴᠢᠳᠠᠬᠤ ᠦᠭᠡᠢ᠂ ᠢᠷᠡᠬᠦ ᠬᠥᠮᠦᠨ ᠢ ᠪᠢ ᠡᠴᠦᠰ ᠦᠨ ᠡᠳᠦᠷ ᠲᠦ ᠠᠮᠢᠯᠠᠭᠤᠯᠤᠨ᠎ᠠ᠃ 45 〈ᠲᠡᠳᠡ ᠪᠦᠭᠦᠳᠡ ᠪᠤᠷᠬᠠᠨ ᠤ ᠰᠤᠷᠭᠠᠯ ᠲᠠᠢ ᠪᠣᠯᠣᠨ᠎ᠠ〉 ᠭᠡᠵᠦ ᠡᠰᠢ ᠦᠵᠡᠭᠦᠯᠦᠭᠴᠢᠳ ᠤᠨ ᠨᠣᠮ ᠳᠤ ᠪᠢᠴᠢᠭᠳᠡᠭᠰᠡᠨ ᠲᠡᠢ ᠠᠳᠠᠯᠢ᠂ ᠡᠴᠢᠭᠡ ᠡᠴᠡ ᠰᠣᠨᠣᠰᠴᠤ ᠰᠤᠷᠤᠭᠰᠠᠨ ᠬᠥᠮᠦᠨ ᠪᠦᠷᠢ ᠨᠠᠳᠠ ᠤᠷᠤᠭᠤ ᠢᠷᠡᠳᠡᠭ᠃ 46 ᠡᠨᠡ ᠨᠢ ᠪᠤᠷᠬᠠᠨ ᠠᠴᠠ ᠢᠷᠡᠭᠰᠡᠨ ᠨᠢᠭᠡᠨ ᠡᠴᠡ ᠥᠭᠡᠷ᠎ᠡ ᠬᠡᠨ ᠴᠤ ᠪᠤᠷᠬᠠᠨ ᠢ ᠬᠠᠷᠠᠵᠤ ᠪᠠᠢᠭ᠎ᠠ ᠦᠭᠡᠢ ᠭᠡᠰᠡᠨ ᠦᠭᠡ ᠮᠥᠨ᠃ 47 ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠢᠲᠡᠭᠡᠭᠴᠢ ᠨᠢ ᠮᠥᠩᠬᠡ ᠠᠮᠢ ᠲᠠᠢ᠃ 48 ᠪᠢ ᠪᠣᠯ ᠠᠮᠢ ᠶᠢᠨ ᠪᠣᠣᠪᠣ ᠮᠥᠨ᠃ 49 ᠲᠠ ᠨᠠᠷ ᠤᠨ ᠳᠡᠭᠡᠳᠦᠰ ᠴᠥᠯ ᠳᠤ ᠮᠠᠨᠨᠠ ᠢᠳᠡᠭᠰᠡᠨ ᠪᠣᠯᠪᠠᠴᠤ ᠦᠬᠦᠵᠡᠭᠡᠭᠰᠡᠨ᠃ 50 ᠲᠩᠷᠢ ᠡᠴᠡ ᠪᠠᠭᠤᠭᠰᠠᠨ ᠪᠣᠣᠪᠣ ᠨᠢ ᠥᠪᠡᠷ ᠢ ᠨᠢ ᠢᠲᠡᠭᠡᠭᠴᠢ ᠶᠢ ᠦᠬᠦᠯ ᠳᠦ ᠬᠦᠷᠭᠡᠬᠦ ᠦᠭᠡᠢ᠃ 51 ᠪᠢ ᠪᠣᠯ ᠲᠩᠷᠢ ᠡᠴᠡ ᠪᠠᠭᠤᠵᠤ ᠢᠷᠡᠭᠰᠡᠨ ᠠᠮᠢᠳᠤ ᠪᠣᠣᠪᠣ ᠪᠠᠢᠨ᠎ᠠ᠃ ᠬᠡᠨ ᠴᠤ ᠡᠨᠡ ᠪᠣᠣᠪᠣ ᠠᠴᠠ ᠢᠳᠡᠪᠡᠯ ᠮᠥᠩᠬᠡᠳᠡ ᠠᠮᠢᠳᠤᠷᠠᠨ᠎ᠠ᠃ ᠲᠡᠷᠡ ᠪᠣᠣᠪᠣ ᠪᠣᠯ ᠮᠢᠨᠦ ᠮᠢᠬᠠᠨ ᠪᠡᠶ᠎ᠡ ᠪᠥᠭᠡᠳ ᠪᠢ ᠡᠭᠦᠨ ᠢ ᠪᠠᠨ ᠶᠢᠷᠲᠢᠨᠴᠦ ᠳᠦ ᠠᠮᠢ ᠣᠯᠭᠣᠬᠤ ᠪᠠᠷ ᠥᠭᠭᠥᠨ᠎ᠡ》 ᠭᠡᠯ᠎ᠡ᠃

52 ᠶᠦᠳᠠᠢᠴᠤᠳ ᠬᠣᠭᠣᠷᠣᠨᠳᠣ ᠪᠠᠨ ᠮᠠᠷᠭᠤᠯᠳᠤᠵᠤ ᠡᠬᠢᠯᠡᠨ᠄ 《ᠡᠨᠡ ᠬᠥᠮᠦᠨ ᠶᠠᠭᠠᠬᠢᠨ ᠪᠢᠳᠡᠨ ᠳᠦ ᠮᠢᠬ᠎ᠠ ᠪᠠᠨ ᠢᠳᠡᠭᠦᠯᠬᠦ ᠪᠡᠷ ᠥᠭᠴᠦ ᠴᠢᠳᠠᠬᠤ ᠪᠤᠢ︖》 ᠭᠡᠯᠴᠡᠭᠰᠡᠨ ᠳᠦ᠂ 53 ᠢᠰᠦ᠋ᠰ᠄ 《ᠲᠠ ᠨᠠᠷ ᠲᠤ ᠦᠨᠡᠬᠡᠷ ᠪᠠᠲᠤᠲᠠᠢ ᠬᠡᠯᠡᠶ᠎ᠡ᠃ ᠲᠠ ᠨᠠᠷ ᠬᠥᠮᠦᠨ ᠦ ᠬᠦᠦ ᠶᠢᠨ ᠮᠢᠬ᠎ᠠ ᠶᠢ ᠢᠳᠡᠵᠦ ᠴᠢᠰᠤ ᠶᠢ ᠨᠢ ᠤᠤᠭᠤᠬᠤ ᠠᠴᠠ ᠨᠠᠰᠢ ᠲᠠ ᠨᠠᠷ ᠤᠨ ᠳᠣᠲᠣᠷ᠎ᠠ ᠠᠮᠢ ᠪᠠᠢᠬᠤ ᠦᠭᠡᠢ᠃ 54 ᠮᠢᠨᠦ ᠮᠢᠬ᠎ᠠ ᠶᠢ ᠢᠳᠡᠵᠦ᠂ ᠮᠢᠨᠦ ᠴᠢᠰᠤ ᠶᠢ ᠤᠤᠭᠤᠭᠰᠠᠨ ᠬᠥᠮᠦᠨ ᠮᠥᠩᠬᠡ ᠠᠮᠢ ᠲᠠᠢ ᠪᠥᠭᠡᠳ ᠪᠢ ᠲᠡᠭᠦᠨ ᠢ ᠡᠴᠦᠰ ᠦᠨ ᠡᠳᠦᠷ ᠲᠦ ᠠᠮᠢᠯᠠᠭᠤᠯᠤᠨ᠎ᠠ᠃ 55 ᠤᠴᠢᠷ ᠨᠢ ᠮᠢᠨᠦ ᠮᠢᠬ᠎ᠠ ᠪᠣᠯ ᠵᠢᠩᠬᠢᠨᠢ ᠬᠣᠭᠣᠯᠠ᠂ ᠮᠢᠨᠦ ᠴᠢᠰᠤ ᠪᠣᠯ ᠵᠢᠩᠬᠢᠨᠢ ᠤᠮᠳᠠᠭᠠᠨ ᠮᠥᠨ᠃ 56 ᠮᠢᠨᠦ ᠮᠢᠬ᠎ᠠ ᠶᠢ ᠢᠳᠡᠵᠦ᠂ ᠴᠢᠰᠤ ᠶᠢ ᠤᠤᠭᠤᠭᠰᠠᠨ ᠬᠥᠮᠦᠨ ᠮᠢᠨᠦ ᠳᠣᠲᠣᠷ᠎ᠠ ᠣᠷᠣᠰᠢᠵᠤ᠂ ᠪᠢ ᠴᠤ ᠲᠡᠭᠦᠨ ᠦ ᠳᠣᠲᠣᠷ᠎ᠠ ᠣᠷᠣᠰᠢᠳᠠᠭ᠃ 57 ᠠᠮᠢᠳᠤ ᠡᠴᠢᠭᠡ ᠨᠠᠮᠠᠶᠢ ᠢᠯᠡᠭᠡᠭᠰᠡᠨ ᠪᠥᠭᠡᠳ ᠪᠢ ᠡᠴᠢᠭᠡ ᠡᠴᠡ ᠪᠡᠨ ᠪᠣᠯᠵᠤ ᠠᠮᠢᠳᠤᠷᠠᠳᠠᠭ ᠤᠨ ᠠᠳᠠᠯᠢ᠂ ᠨᠠᠮᠠᠶᠢ ᠢᠳᠡᠬᠦ ᠬᠥᠮᠦᠨ ᠮᠥᠨ ᠨᠠᠳᠠ ᠠᠴᠠ ᠪᠣᠯᠵᠤ ᠠᠮᠢᠳᠤᠷᠠᠬᠤ ᠪᠣᠯᠣᠨ᠎ᠠ᠃ 58 ᠲᠩᠷᠢ ᠡᠴᠡ ᠪᠠᠭᠤᠵᠤ ᠢᠷᠡᠭᠰᠡᠨ ᠪᠣᠣᠪᠣ ᠨᠢ ᠡᠨᠡ ᠶᠤᠮ᠃ ᠲᠠ ᠨᠠᠷ ᠤᠨ ᠳᠡᠭᠡᠳᠦᠰ ᠮᠠᠨᠨᠠ ᠢᠳᠡᠭᠰᠡᠨ ᠪᠣᠯᠪᠠᠴᠤ ᠦᠬᠦᠴᠢᠬᠡᠭᠰᠡᠨ᠂ ᠬᠠᠷᠢᠨ ᠡᠨᠡ ᠪᠣᠣᠪᠣ ᠶᠢ ᠢᠳᠡᠬᠦ ᠬᠥᠮᠦᠨ ᠮᠥᠩᠬᠡᠳᠡ ᠠᠮᠢᠳᠤᠷᠠᠨ᠎ᠠ》 ᠭᠡᠵᠦ ᠬᠡᠯᠡᠪᠡ᠃ 59 ᠢᠰᠦ᠋ᠰ ᠺᠠᠹᠠᠷᠨᠠᠦ᠋ᠮ ᠤᠨ ᠬᠤᠷᠠᠯ ᠤᠨ ᠲᠠᠩᠬᠢᠮ ᠳᠤ ᠰᠤᠷᠭᠠᠬᠤ ᠳᠠᠭᠠᠨ ᠡᠳᠡᠭᠡᠷ ᠢ ᠬᠡᠯᠡᠵᠡᠢ᠃
 ᠱᠠᠪᠢ ᠨᠠᠷ ᠲᠤ ᠠᠢᠯᠠᠳᠤᠭᠰᠠᠨ ᠦᠭᠡᠰ

60 ᠡᠭᠦᠨ ᠢ ᠰᠣᠨᠣᠰᠣᠭᠠᠳ ᠱᠠᠪᠢ ᠨᠠᠷ ᠤᠨ ᠣᠯᠠᠩᠬᠢ ᠨᠢ᠄ 《ᠡᠨᠡ ᠰᠤᠷᠭᠠᠯ ᠬᠡᠴᠡᠭᠦᠦ ᠪᠠᠢᠨ᠎ᠠ᠃ ᠡᠭᠦᠨ ᠢ ᠬᠡᠨ ᠣᠢᠯᠠᠭᠠᠵᠤ ᠴᠢᠳᠠᠬᠤ ᠪᠢᠯᠡ︖》 ᠭᠡᠵᠡᠭᠡᠪᠡ᠃ 61 ᠬᠠᠷᠢᠨ ᠢᠰᠦ᠋ᠰ ᠱᠠᠪᠢ ᠨᠠᠷ ᠤᠨ ᠢᠶᠠᠨ ᠡᠭᠦᠨ ᠦ ᠲᠤᠬᠠᠢ ᠰᠢᠪᠡᠨᠡᠯᠳᠦᠵᠦ ᠪᠠᠢᠭ᠎ᠠ ᠶᠢ ᠮᠡᠳᠡᠭᠡᠳ᠄ 《ᠡᠨᠡ ᠦᠭᠡ ᠲᠠ ᠨᠠᠷ ᠢ ᠪᠦᠳᠦᠷᠢᠭᠦᠯᠵᠦ ᠪᠠᠢᠭ᠎ᠠ ᠤᠤ︖ 62 ᠲᠡᠭᠡᠪᠡᠯ ᠬᠥᠮᠦᠨ ᠦ ᠬᠦᠦ ᠤᠷᠢᠳᠤ ᠶᠢᠨ ᠪᠠᠢᠭᠰᠠᠨ ᠣᠷᠣᠨ ᠥᠭᠡᠳᠡ ᠪᠡᠨ ᠭᠠᠷᠬᠤ ᠶᠢ ᠲᠠ ᠨᠠᠷ ᠬᠠᠷᠠᠪᠠᠯ ᠶᠠᠭᠠᠬᠢᠬᠤ ᠪᠢᠯᠡ︖ 63 ᠠᠮᠢ ᠥᠭᠭᠥᠭᠴᠢ ᠨᠢ ᠰᠦᠨᠡᠰᠦ 12 ᠂ ᠮᠢᠬᠠᠨ ᠪᠡᠶ᠎ᠡ ᠨᠢ ᠲᠤᠰᠠ ᠦᠭᠡᠢ ᠶᠤᠮ᠃ ᠲᠠ ᠨᠠᠷ ᠲᠤ ᠬᠡᠯᠡᠭᠰᠡᠨ ᠦᠭᠡ ᠮᠢᠨᠢ ᠰᠦᠨᠡᠰᠦ ᠪᠠ ᠠᠮᠢ ᠮᠥᠨ᠃ 64 ᠬᠠᠷᠢᠨ ᠲᠠ ᠨᠠᠷ ᠤᠨ ᠳᠤᠮᠳᠠ ᠦᠯᠦ ᠢᠲᠡᠭᠡᠭᠴᠢᠳ ᠪᠤᠢ》 ᠭᠡᠪᠡ᠃ ᠬᠡᠨ ᠨᠢ ᠢᠲᠡᠭᠡᠬᠦ ᠦᠭᠡᠢ᠂ ᠬᠡᠨ ᠨᠢ ᠤᠷᠪᠠᠬᠤ ᠶᠢ ᠢᠰᠦ᠋ᠰ ᠠᠩ᠋ᠬᠠᠨ ᠠᠴᠠ ᠪᠠᠨ ᠮᠡᠳᠡᠵᠦ ᠪᠠᠢᠭᠰᠠᠨ ᠶᠤᠮ᠃ 65 ᠢᠰᠦ᠋ᠰ ᠪᠠᠰᠠ᠄ 《ᠲᠡᠢᠮᠦ ᠡᠴᠡ ᠪᠢ ᠲᠠ ᠨᠠᠷ ᠲᠤ᠄ 〈ᠡᠴᠢᠭᠡ ᠶᠢᠨ ᠵᠥᠪᠰᠢᠶᠡᠷᠡᠯ ᠦᠭᠡᠢ ᠪᠠᠷ ᠬᠡᠨ ᠴᠤ ᠨᠠᠳᠠ ᠤᠷᠤᠭᠤ ᠢᠷᠡᠵᠦ ᠴᠢᠳᠠᠬᠤ ᠦᠭᠡᠢ〉 ᠭᠡᠵᠦ ᠬᠡᠯᠡᠭᠰᠡᠨ》 ᠭᠡᠪᠡ᠃
 ᠫᠧᠲ᠋ᠧᠷ ᠢᠲᠡᠭᠡᠯ ᠢᠶᠡᠨ ᠢᠯᠡᠷᠬᠡᠶᠢᠯᠡᠭᠰᠡᠨ ᠨᠢ

66 ᠡᠭᠦᠨ ᠡᠴᠡ ᠪᠣᠯᠵᠤ ᠱᠠᠪᠢ ᠨᠠᠷ ᠤᠨ ᠬᠢᠨᠢ ᠣᠯᠠᠩᠬᠢ ᠨᠢ ᠲᠡᠭᠦᠨ ᠲᠡᠢ ᠬᠠᠮᠲᠤ ᠶᠠᠪᠤᠬᠤ ᠪᠠᠨ ᠪᠣᠯᠢᠵᠤ ᠪᠤᠴᠠᠵᠤ ᠣᠳᠪᠠ᠃ 67 ᠢᠰᠦ᠋ᠰ ᠠᠷᠪᠠᠨ ᠬᠣᠶᠠᠷ ᠱᠠᠪᠢ ᠳᠠᠭᠠᠨ᠄ 《ᠲᠠ ᠨᠠᠷ ᠪᠠᠰᠠ ᠶᠠᠪᠤᠬᠤ ᠭᠡᠵᠦ ᠪᠠᠢᠨ᠎ᠠ ᠤᠤ︖》 ᠭᠡᠰᠡᠨ ᠳᠦ᠂ 68 ᠰᠢᠮᠣᠨ ᠫᠧᠲ᠋ᠧᠷ ᠬᠠᠷᠢᠭᠤ ᠳᠤᠨᠢ᠄ 《ᠡᠵᠡᠨ ᠡ᠂ ᠮᠥᠩᠬᠡ ᠠᠮᠢ ᠶᠢᠨ ᠦᠭᠡ ᠲᠠᠨ ᠳᠤ ᠪᠠᠢᠲᠠᠯ᠎ᠠ ᠪᠢᠳᠡ ᠬᠡᠨ ᠤᠷᠤᠭᠤ ᠶᠠᠪᠤᠬᠤ ᠪᠤᠢ︖ 69 ᠲᠠ ᠪᠣᠯ ᠪᠤᠷᠬᠠᠨ ᠤ ᠠᠷᠢᠭᠤᠨ ᠨᠢᠭᠡᠨ ᠮᠥᠨ ᠭᠡᠳᠡᠭ ᠢ ᠪᠢᠳᠡ ᠢᠲᠡᠭᠡᠭᠰᠡᠨ ᠪᠥᠭᠡᠳ ᠮᠡᠳᠡᠵᠦ ᠪᠠᠢᠳᠠᠭ》 ᠭᠡᠪᠡ᠃ 70 ᠢᠰᠦ᠋ᠰ ᠲᠡᠳᠡᠨ ᠳᠦ᠄ 《ᠪᠢ ᠠᠷᠪᠠᠨ ᠬᠣᠶᠠᠷ ᠢ ᠰᠣᠩ᠋ᠭᠣᠭᠰᠠᠨ ᠪᠢᠰᠢ ᠤᠤ︖ ᠭᠡᠲᠡᠯ᠎ᠡ ᠲᠠ ᠨᠠᠷ ᠤᠨ ᠨᠢᠭᠡ ᠨᠢ ᠴᠢᠳᠬᠥᠷ ᠪᠠᠢᠨ᠎ᠠ》 ᠭᠡᠯ᠎ᠡ᠃ 71 ᠲᠡᠷᠡ ᠨᠢ ᠢᠰᠺᠠᠷᠢᠣᠲ ᠤᠨ ᠰᠢᠮᠣᠨ ᠤ ᠬᠦᠦ ᠶᠦᠳᠠ ᠶᠢ ᠬᠡᠯᠡᠭᠰᠡᠨ ᠦᠭᠡ ᠠᠵᠢ᠃ ᠲᠡᠷᠡ ᠪᠣᠯ ᠠᠷᠪᠠᠨ ᠬᠣᠶᠠᠷ ᠱᠠᠪᠢ ᠶᠢᠨ ᠬᠢᠨᠢ ᠨᠢᠭᠡ ᠪᠥᠭᠡᠳ ᠬᠣᠵᠢᠮ ᠢᠰᠦ᠋ᠰ ᠢ ᠪᠠᠷᠢᠭᠤᠯᠬᠤ ᠪᠣᠯᠣᠨ᠎ᠠ᠃