1 2 3


ᠬᠣᠶᠠᠳᠤᠭᠠᠷ ᠲᠧᠰᠠᠯᠦ᠋ᠨᠢᠺ ᠨᠢᠭᠡ

1 ᠫᠠᠦ᠋ᠯ᠂ ᠰᠢᠯᠦ᠋ᠶᠠᠨ ᠪᠠ ᠲᠢᠮᠣᠲ ᠠᠴᠠ ᠪᠢᠳᠡᠨ ᠦ ᠡᠴᠢᠭᠡ ᠪᠤᠷᠬᠠᠨ ᠪᠠ ᠡᠵᠡᠨ ᠢᠰᠦ᠋ᠰ ᠾᠷᠢᠰᠲ᠋ᠣᠰ ᠤᠨ ᠳᠣᠲᠣᠷᠠᠬᠢ ᠲᠧᠰᠠᠯᠦ᠋ᠨᠢᠺᠴᠤᠳ ᠤᠨ ᠴᠢᠭᠤᠯᠭᠠᠨ ᠳᠤ᠄

2 〔ᠪᠢᠳᠡᠨ ᠦ〕 ᠡᠴᠢᠭᠡ ᠪᠤᠷᠬᠠᠨ ᠪᠠ ᠡᠵᠡᠨ ᠢᠰᠦ᠋ᠰ ᠾᠷᠢᠰᠲ᠋ᠣᠰ ᠤᠨ ᠢᠪᠡᠭᠡᠯ᠂ ᠠᠮᠤᠭᠤᠯᠠᠩ ᠲᠠ ᠨᠠᠷ ᠲᠤ ᠪᠠᠢᠬᠤ ᠪᠣᠯᠲᠤᠭᠠᠢ᠃
 ᠵᠣᠪᠠᠯᠠᠩ ᠳᠤᠭᠤᠯᠤᠭᠰᠠᠨ ᠲᠡᠪᠴᠢᠶᠡᠷᠢ ᠪᠠ ᠢᠲᠡᠭᠡᠯ

3 ᠠᠬ᠎ᠠ ᠳᠡᠭᠦᠦ ᠨᠠᠷ ᠡ᠂ ᠲᠠ ᠨᠠᠷ ᠤᠨ ᠤᠴᠢᠷ ᠢᠶᠠᠷ ᠪᠢᠳᠡ ᠦᠷᠭᠦᠯᠵᠢ ᠪᠤᠷᠬᠠᠨ ᠳᠤ ᠲᠠᠯᠠᠷᠬᠠᠬᠤ ᠦᠭᠡᠢ ᠪᠠᠢᠬᠤ ᠶᠢᠨ ᠠᠷᠭ᠎ᠠ ᠦᠭᠡᠢ ᠪᠥᠭᠡᠳ ᠲᠡᠭᠡᠬᠦ ᠨᠢ ᠵᠦᠢᠲᠡᠢ᠃ ᠤᠴᠢᠷ ᠨᠢ᠂ ᠲᠠ ᠨᠠᠷ ᠤᠨ ᠢᠲᠡᠭᠡᠯ ᠠᠰᠤᠷᠤ ᠶᠡᠬᠡ ᠥᠰᠴᠦ᠂ ᠬᠥᠮᠦᠨ ᠪᠦᠷᠢ ᠶᠢᠨ ᠴᠢᠨᠢ ᠪᠡᠶ᠎ᠡ ᠪᠡᠶ᠎ᠡ ᠳᠡᠭᠡᠨ ᠬᠠᠨᠳᠤᠭᠰᠠᠨ ᠬᠠᠢᠷ᠎ᠠ ᠵᠤᠵᠠᠭᠠᠷᠠᠵᠤ ᠪᠠᠢᠨ᠎ᠠ᠃ 4 ᠡᠢᠮᠦ ᠡᠴᠡ ᠠᠯᠢᠪᠠ ᠬᠠᠪᠴᠢᠯᠭ᠎ᠠ ᠪᠠ ᠵᠣᠪᠠᠯᠠᠩ ᠢ ᠳᠤᠭᠤᠯᠵᠤ ᠶᠠᠪᠤᠭ᠎ᠠ ᠲᠠ ᠨᠠᠷ ᠤᠨ ᠲᠡᠪᠴᠢᠶᠡᠷᠢ ᠪᠠ ᠢᠲᠡᠭᠡᠯ ᠢ ᠪᠢᠳᠡ ᠪᠤᠷᠬᠠᠨ ᠤ ᠴᠢᠭᠤᠯᠭᠠᠨ ᠨᠤᠭᠤᠳ ᠲᠤ ᠪᠠᠬᠠᠷᠬᠠᠨ ᠶᠠᠷᠢᠵᠤ ᠪᠠᠢᠨ᠎ᠠ᠃

5 ᠡᠢᠨ ᠬᠦ ᠪᠤᠷᠬᠠᠨ ᠤ ᠰᠢᠭᠦᠯᠲᠡ ᠪᠣᠯ ᠵᠥᠪ ᠭᠡᠳᠡᠭ ᠨᠢ ᠭᠡᠷᠡᠴᠢᠯᠡᠭᠳᠡᠵᠦ᠂ ᠲᠠ ᠨᠠᠷ ᠪᠤᠷᠬᠠᠨ ᠤ ᠬᠠᠭᠠᠨᠴᠢᠯᠠᠯ ᠳᠤ ᠲᠡᠩᠴᠡᠬᠦ ᠪᠣᠯᠣᠨ᠎ᠠ᠃ ᠲᠡᠷᠡ ᠬᠠᠭᠠᠨᠴᠢᠯᠠᠯ ᠤᠨ ᠲᠥᠯᠥᠭᠡ ᠲᠠ ᠨᠠᠷ ᠵᠣᠪᠠᠯᠠᠩ ᠠᠮᠰᠠᠵᠤ ᠪᠠᠢᠨ᠎ᠠ᠃ 6 ᠲᠠ ᠨᠠᠷ ᠢ ᠵᠣᠪᠠᠭᠠᠭᠴᠢᠳ ᠢ ᠵᠣᠪᠠᠯᠠᠩ ᠢᠶᠠᠷ ᠬᠠᠷᠢᠭᠤᠯᠵᠤ᠂ 7 ᠵᠣᠪᠠᠭᠴᠢ ᠲᠠ ᠨᠠᠷ ᠢ ᠠᠮᠠᠷᠠᠯ ᠢᠶᠠᠷ ᠬᠠᠷᠢᠭᠤᠯᠬᠤ ᠨᠢ ᠦᠨᠡᠨ ᠳᠡᠭᠡᠨ ᠪᠤᠷᠬᠠᠨ ᠤ ᠵᠥᠪ ᠪᠣᠯᠠᠢ᠃ ᠡᠵᠡᠨ ᠢᠰᠦ᠋ᠰ ᠲᠩᠷᠢ ᠡᠴᠡ ᠭᠠᠷᠴᠤ᠂ ᠲᠩᠷᠢ ᠶᠢᠨ ᠬᠦᠴᠦᠷᠬᠡᠭ ᠡᠯᠴᠢᠳ ᠤᠨ ᠢᠶᠠᠨ ᠬᠠᠮᠲᠤ ᠭᠠᠯ ᠤᠨ ᠳᠥᠯᠥ ᠳᠣᠲᠣᠷ᠎ᠠ ᠢᠯᠡᠷᠡᠭᠦᠯᠦᠭᠳᠡᠬᠦ ᠳᠡᠭᠡᠨ 8 ᠪᠤᠷᠬᠠᠨ ᠢ ᠲᠠᠨᠢᠳᠠᠭ ᠦᠭᠡᠢ ᠬᠥᠮᠦᠰ ᠪᠠ ᠪᠢᠳᠡᠨ ᠦ ᠡᠵᠡᠨ ᠢᠰᠦ᠋ᠰ ᠤᠨ ᠪᠠᠶᠠᠷ ᠤᠨ ᠮᠡᠳᠡᠭᠡᠨ ᠳᠦ ᠵᠠᠬᠢᠷᠤᠭᠳᠠᠳᠠᠭ ᠦᠭᠡᠢ ᠬᠥᠮᠦᠰ ᠲᠦ ᠰᠢᠳᠬᠡᠯ ᠥᠭᠭᠥᠨ᠎ᠡ᠃ 9 ᠲᠡᠳᠡ ᠡᠵᠡᠨ ᠦ ᠣᠷᠣᠰᠢᠬᠤᠢ ᠪᠠ ᠲᠡᠭᠦᠨ ᠦ ᠬᠦᠴᠦᠲᠦ ᠠᠯᠳᠠᠷ ᠠᠴᠠ ᠰᠠᠯᠵᠤ᠂ ᠮᠥᠩᠬᠡ ᠰᠦᠢᠷᠡᠯ ᠦᠨ ᠶᠠᠯ᠎ᠠ ᠳᠤ ᠣᠷᠣᠬᠤ 10 ᠲᠡᠷᠡ ᠡᠳᠦᠷ ᠡᠵᠡᠨ ᠢᠷᠡᠭᠡᠳ ᠠᠷᠢᠭᠤᠨ ᠬᠥᠮᠦᠰ ᠦᠨ ᠳᠤᠮᠳᠠ ᠠᠯᠳᠠᠷᠰᠢᠭᠤᠯᠤᠭᠳᠠᠬᠤ ᠪᠥᠭᠡᠳ ᠢᠲᠡᠭᠡᠭᠰᠡᠨ ᠠᠯᠢᠪᠠ ᠬᠥᠮᠦᠨ ᠦ ᠳᠤᠮᠳᠠ ᠭᠠᠢᠬᠠᠭᠳᠠᠨ᠎ᠠ᠃ ᠲᠠ ᠨᠠᠷ ᠴᠤ ᠪᠢᠳᠡᠨ ᠦ ᠭᠡᠷᠡᠴᠢᠯᠡᠯ ᠢ ᠢᠲᠡᠭᠡᠭᠰᠡᠨ ᠤᠴᠢᠷ ᠠᠴᠠ ᠲᠡᠳᠡᠨ ᠦ ᠳᠤᠮᠳᠠ ᠪᠠᠢᠬᠤ ᠪᠣᠯᠣᠨ᠎ᠠ᠃ 11 ᠪᠢᠳᠡ ᠲᠠ ᠨᠠᠷ ᠤᠨ ᠲᠥᠯᠥᠭᠡ ᠦᠷᠭᠦᠯᠵᠢ ᠳᠠᠭᠠᠳᠬᠠᠬᠤ ᠳᠠᠭᠠᠨ᠂ ᠪᠢᠳᠡᠨ ᠦ ᠪᠤᠷᠬᠠᠨ ᠲᠠ ᠨᠠᠷ ᠢ ᠳᠠᠭᠤᠳᠠᠯᠭ᠎ᠠ ᠳᠠᠭᠠᠨ ᠲᠡᠩᠴᠡᠭᠦᠯᠬᠦ ᠪᠣᠯᠲᠤᠭᠠᠢ᠂ ᠬᠠᠮᠤᠭ ᠰᠠᠢᠨ ᠰᠠᠨᠠᠭ᠎ᠠ ᠪᠠ ᠢᠲᠡᠭᠡᠯ ᠦᠨ ᠦᠢᠯᠡ ᠶᠢ ᠴᠢᠨᠢ ᠥᠪᠡᠷ ᠦᠨ ᠢᠶᠠᠨ ᠬᠦᠴᠦ ᠪᠡᠷ ᠪᠡᠶᠡᠯᠡᠭᠦᠯᠬᠦ ᠪᠣᠯᠲᠤᠭᠠᠢ ᠭᠡᠵᠦ᠂ 12 ᠡᠢᠨ ᠬᠦ ᠪᠢᠳᠡᠨ ᠦ ᠪᠤᠷᠬᠠᠨ ᠪᠠ ᠡᠵᠡᠨ ᠢᠰᠦ᠋ᠰ ᠾᠷᠢᠰᠲ᠋ᠣᠰ ᠤᠨ ᠢᠪᠡᠭᠡᠯ ᠢᠶᠡᠷ ᠪᠢᠳᠡᠨ ᠦ ᠡᠵᠡᠨ ᠢᠰᠦ᠋ᠰ ᠤᠨ ᠨᠡᠷ᠎ᠡ ᠲᠠ ᠨᠠᠷ ᠤᠨ ᠳᠤᠮᠳᠠ ᠠᠯᠳᠠᠷᠰᠢᠵᠤ᠂ ᠲᠠ ᠨᠠᠷ ᠴᠤ ᠲᠡᠭᠦᠨ ᠦ ᠳᠣᠲᠣᠷ᠎ᠠ ᠠᠯᠳᠠᠷᠰᠢᠭᠠᠰᠠᠢ ᠭᠡᠵᠦ ᠭᠤᠶᠤᠳᠠᠭ᠃