ᠢᠰᠠᠢᠶ᠎ᠠ ᠨᠢᠭᠡ
1 ᠶᠦᠳᠠ ᠶᠢᠨ ᠬᠠᠭᠠᠳ ᠦᠽᠢᠶ᠎ᠠ᠂ ᠶᠣᠲ᠋ᠠᠮ᠂ ᠠᠬᠠᠽ᠂ ᠾᠧᠽᠧᠺᠢᠶ᠎ᠠ ᠶᠢᠨ ᠡᠳᠦᠷ ᠤᠳ ᠲᠤ᠂ ᠶᠦᠳᠠ ᠪᠣᠯᠣᠨ ᠶᠧᠷᠦ᠋ᠰᠠᠯᠧᠮ ᠤᠨ ᠲᠤᠬᠠᠢ ᠠᠮᠣᠽ ᠤᠨ ᠬᠦᠦ ᠢᠰᠠᠢᠶ᠎ᠠ ᠶᠢᠨ ᠦᠵᠡᠭᠰᠡᠨ ᠦᠵᠡᠭᠳᠡᠯ᠄
ᠰᠢᠳᠬᠡᠯ ᠦᠨ ᠲᠤᠩ᠋ᠬᠠᠭᠯᠠᠯ
2 ᠰᠣᠨᠣᠰᠣᠭᠲᠤᠨ᠂ ᠲᠩᠷᠢ ᠡ ᠴᠢᠩᠨᠠᠭᠲᠤᠨ᠂ ᠭᠠᠵᠠᠷ ᠡ ᠶᠣᠬᠣᠸᠠ ᠠᠢᠯᠠᠳᠴᠤ ᠪᠠᠢᠨ᠎ᠠ᠄ 《ᠬᠥᠮᠦᠵᠢᠭᠦᠯᠵᠦ ᠥᠰᠭᠡᠭᠰᠡᠨ ᠦᠷ᠎ᠡ ᠬᠡᠦᠬᠡᠳ ᠤᠳ ᠮᠢᠨᠢ ᠨᠠᠳᠠ ᠠᠴᠠ ᠤᠷᠪᠠᠯ᠎ᠠ
3 ᠦᠬᠡᠷ ᠡᠵᠡᠨ ᠢᠶᠡᠨ ᠲᠠᠨᠢᠳᠠᠭ ᠡᠯᠵᠢᠭᠡ ᠴᠤ ᠡᠵᠡᠨ ᠦ ᠪᠠᠨ ᠥᠭᠭᠥᠭᠰᠡᠨ ᠲᠡᠪᠰᠢ ᠶᠢ ᠲᠠᠨᠢᠳᠠᠭ ᠬᠠᠷᠢᠨ ᠢᠰᠷᠧᠯ ᠲᠠᠨᠢᠳᠠᠭ ᠦᠭᠡᠢ ᠮᠢᠨᠦ ᠠᠷᠠᠳ ᠲᠦᠮᠡᠨ ᠤᠬᠠᠭᠠᠷᠠᠳᠠᠭ ᠦᠭᠡᠢ᠃
4 ᠭᠠᠰᠠᠯᠠᠩᠲᠠᠶ᠎ᠠ᠂ ᠨᠢᠭᠦᠯᠲᠦ ᠦᠨᠳᠦᠰᠦᠲᠡᠨ ᠭᠡᠮ ᠳᠦ ᠳᠠᠷᠤᠭᠳᠠᠭᠰᠠᠨ ᠠᠷᠠᠳ ᠲᠦᠮᠡᠨ ᠬᠣᠣᠷᠲᠤ ᠦᠷᠡᠰ ᠳᠣᠷᠣᠢᠲᠠᠭᠰᠠᠨ ᠬᠡᠦᠬᠡᠳ ᠤᠳ ᠲᠡᠳᠡ ᠶᠣᠬᠣᠸᠠ ᠶᠢ ᠣᠷᠬᠢᠯ᠎ᠠ ᠲᠡᠳᠡ ᠢᠰᠷᠧᠯ ᠤᠨ ᠠᠷᠢᠭᠤᠨ ᠨᠢᠭᠡᠨ ᠢ ᠣᠭᠣᠷᠴᠤ ᠲᠡᠭᠦᠨ ᠡᠴᠡ ᠬᠥᠨᠳᠡᠢᠷᠡᠵᠦ ᠤᠬᠤᠷᠢᠯ᠎ᠠ᠃
5 ᠲᠠ ᠨᠠᠷ ᠲᠠᠰᠢᠭᠤᠷᠳᠠᠭᠤᠯᠬᠤ ᠭᠡᠳ ᠪᠠᠢᠨ᠎ᠠ ᠤᠤ︖ ᠶᠠᠭᠠᠬᠢᠭᠠᠳ ᠲᠡᠷᠰᠯᠡᠭᠡᠳ ᠪᠠᠢᠨ᠎ᠠ︖ ᠪᠦᠲᠦᠨ ᠲᠣᠯᠣᠭᠠᠢ ᠴᠢᠨᠢ ᠭᠡᠮᠲᠦᠵᠦ ᠪᠦᠬᠦ ᠵᠢᠷᠦᠬᠡ ᠴᠢᠨᠢ ᠮᠠᠭᠤᠵᠢᠷᠠᠵᠠᠢ᠃
6 ᠬᠥᠯ ᠦᠨ ᠴᠢᠨᠢ ᠤᠯᠠ ᠠᠴᠠ ᠲᠣᠯᠣᠭᠠᠢ ᠳᠤ ᠴᠢᠨᠢ ᠬᠦᠷᠲᠡᠯ᠎ᠡ ᠡᠷᠡᠭᠦᠯ ᠭᠠᠵᠠᠷ ᠠᠯᠠᠭ᠎ᠠ᠂ ᠰᠢᠬᠠᠭ᠎ᠠ ᠦᠭᠡᠢ᠂ ᠪᠣᠭᠣᠭᠠ ᠦᠭᠡᠢ᠂ ᠲᠣᠰᠣ ᠲᠦᠷᠬᠢᠭᠡ ᠴᠤ ᠦᠭᠡᠢ᠂ ᠰᠢᠷᠬ᠎ᠠ ᠰᠣᠷᠪᠢ᠂ ᠰᠢᠯᠪᠤᠷᠬᠠᠢ ᠪᠠᠢᠨ᠎ᠠ᠃
7 ᠭᠠᠵᠠᠷ ᠨᠤᠲᠤᠭ ᠴᠢᠨᠢ ᠬᠣᠭᠣᠰᠣᠷᠠᠵᠤ ᠬᠣᠲᠠ ᠨᠤᠭᠤᠳ ᠴᠢᠨᠢ ᠭᠠᠯ ᠳᠤ ᠰᠢᠲᠠᠵᠠᠢ ᠲᠠ ᠨᠠᠷ ᠤᠨ ᠲᠠᠷᠢᠶᠠᠨ ᠭᠠᠵᠠᠷ ᠢ ᠬᠠᠷᠢᠴᠤᠳ ᠨᠢᠭᠤᠷ ᠳᠡᠭᠡᠷ᠎ᠡ ᠴᠢᠨᠢ ᠵᠠᠯᠭᠢᠵᠤ ᠪᠠᠢᠨ᠎ᠠ ᠲᠡᠢᠨ ᠬᠦ ᠬᠠᠷᠢᠴᠤᠳ ᠨᠤᠷᠠᠭᠠᠭᠰᠠᠨ ᠢᠶᠠᠷ ᠲᠡᠷᠡ ᠨᠢ ᠰᠦᠢᠷᠡᠵᠡᠢ᠃
8 ᠽᠢᠶᠣᠨ ᠥᠬᠢᠨ ᠨᠢ ᠦᠵᠦᠮ ᠦᠨ ᠲᠠᠯᠠᠪᠠᠢ ᠳᠠᠬᠢ ᠣᠷᠣᠮᠵᠢ ᠥᠷᠭᠡᠰᠦᠲᠦ ᠬᠡᠮᠬᠡ ᠶᠢᠨ ᠲᠠᠯᠠᠪᠠᠢ ᠳᠠᠬᠢ ᠣᠪᠣᠬᠠᠢ ᠪᠤᠶᠤ ᠪᠦᠰᠡᠯᠡᠭᠳᠡᠭᠰᠡᠨ ᠬᠣᠲᠠ ᠮᠡᠲᠦ ᠦᠯᠡᠳᠡᠵᠡᠢ᠃
9 ᠬᠡᠷᠪᠡ ᠠᠤᠭ᠎ᠠ ᠬᠦᠴᠦᠲᠦ ᠶᠣᠬᠣᠸᠠ ᠪᠢᠳᠡᠨ ᠦ ᠴᠥᠭᠡᠬᠦᠯᠡ ᠶᠢ ᠴᠤ ᠦᠯᠡᠳᠡᠭᠡᠭᠰᠡᠨ ᠦᠭᠡᠢ ᠪᠣᠯ ᠪᠢᠳᠡ ᠰᠣᠳᠣᠮ ᠮᠡᠲᠦ ᠭᠣᠮᠣᠷᠠ ᠰᠢᠭ᠋ ᠪᠣᠯᠬᠤ ᠪᠠᠢᠭᠰᠠᠨ᠃
10 ᠶᠣᠬᠣᠸᠠ ᠶᠢᠨ ᠦᠭᠡ ᠶᠢ ᠰᠣᠨᠣᠰᠣᠭᠲᠤᠨ ᠰᠣᠳᠣᠮ ᠤᠨ ᠵᠠᠬᠢᠷᠤᠭᠴᠢᠳ ᠡ︕ ᠪᠢᠳᠡᠨ ᠦ ᠪᠤᠷᠬᠠᠨ ᠤ ᠵᠢᠭᠠᠪᠤᠷᠢ ᠶᠢ ᠴᠢᠩᠨᠠᠭᠲᠤᠨ ᠭᠣᠮᠣᠷᠠ ᠶᠢᠨ ᠠᠷᠠᠳ ᠲᠦᠮᠡᠨ ᠡ︕
11 ᠶᠣᠬᠣᠸᠠ ᠠᠢᠯᠠᠳᠴᠤ ᠪᠠᠢᠨ᠎ᠠ᠄ 《ᠣᠯᠠᠨ ᠲᠠᠬᠢᠯ ᠴᠢᠨᠢ ᠨᠠᠳᠠ ᠳᠤ ᠶᠠᠮᠠᠷ ᠬᠡᠷᠡᠭ ᠲᠡᠢ ᠪᠤᠢ︖ ᠬᠤᠴᠠ ᠶᠢᠨ ᠰᠢᠲᠠᠭᠠᠯᠭᠠᠲᠤ ᠲᠠᠬᠢᠯ᠂ ᠪᠣᠷᠳᠣᠭᠰᠠᠨ ᠮᠠᠯ ᠤᠨ ᠥᠭᠡᠬᠦᠨ ᠡᠴᠡ ᠪᠢ ᠵᠠᠯᠬᠠᠯ᠎ᠠ ᠪᠤᠬ᠎ᠠ᠂ ᠬᠤᠷᠠᠭ᠎ᠠ᠂ ᠢᠮᠠᠭᠠᠨ ᠤ ᠴᠢᠰᠤ ᠶᠢ ᠪᠢ ᠲᠠᠭᠠᠯᠠᠳᠠᠭ ᠦᠭᠡᠢ᠃
12 ᠲᠠ ᠨᠠᠷ ᠮᠢᠨᠦ ᠡᠮᠦᠨ᠎ᠡ ᠬᠠᠷᠠᠭᠳᠠᠬᠤ ᠪᠠᠷ ᠢᠷᠡᠳᠡᠭ ᠬᠠᠷᠢᠨ ᠬᠠᠰᠢᠶ᠎ᠠ ᠶᠢ ᠮᠢᠨᠢ ᠢᠩᠭᠢᠵᠦ ᠳᠡᠪᠰᠡᠯᠡᠬᠦ ᠶᠢ ᠬᠡᠨ ᠱᠠᠭᠠᠷᠳᠠᠪᠠ︖
13 ᠤᠳᠬ᠎ᠠ ᠦᠭᠡᠢ ᠡᠷᠭᠦᠯ ᠢᠶᠡᠨ ᠠᠪᠴᠢᠷᠠᠬᠤ ᠪᠠᠨ ᠪᠣᠯᠢ ᠤᠲᠤᠯᠭ᠎ᠠ ᠴᠢᠨᠢ ᠨᠠᠳᠠ ᠳᠤ ᠵᠢᠭᠰᠢᠭᠦᠷᠢ᠂ ᠰᠢᠨ᠎ᠡ ᠰᠠᠷ᠎ᠠ᠂ ᠠᠮᠠᠷᠠᠯ ᠤᠨ ᠡᠳᠦᠷ ᠴᠤᠭᠯᠠᠷᠠᠯᠲᠠ ᠶᠢᠨ ᠳᠠᠭᠤᠳᠠᠯᠭ᠎ᠠ ᠬᠢᠭᠡᠳ ᠨᠢᠭᠦᠯ ᠪᠦᠬᠦᠢ ᠴᠢᠭᠤᠯᠭᠠᠨ ᠢ ᠴᠢᠨᠢ ᠪᠢ ᠲᠡᠰᠴᠦ ᠶᠠᠳᠠᠵᠤ ᠪᠠᠢᠨ᠎ᠠ᠃
14 ᠲᠠ ᠨᠠᠷ ᠤᠨ ᠰᠢᠨ᠎ᠡ ᠰᠠᠷ᠎ᠠ ᠶᠢᠨ ᠪᠠᠶᠠᠷ ᠲᠣᠭᠲᠠᠭᠰᠠᠨ ᠪᠠᠶᠠᠷ ᠤᠳ ᠢ ᠪᠢ ᠦᠵᠡᠨ ᠶᠠᠳᠠᠳᠠᠭ ᠲᠡᠳᠡᠭᠡᠷ ᠨᠢ ᠨᠠᠳᠠ ᠳᠤ ᠲᠡᠭᠡᠭᠡᠷ᠎ᠡ ᠪᠣᠯᠵᠤ ᠲᠡᠳᠡᠭᠡᠷ ᠢ ᠡᠭᠦᠷᠬᠦ ᠭᠡᠵᠦ ᠪᠢ ᠶᠠᠳᠠᠷᠠᠵᠤ ᠪᠠᠢᠨ᠎ᠠ᠃
15 ᠲᠠ ᠨᠠᠷ ᠭᠤᠶᠤᠬᠤ ᠪᠠᠷ ᠭᠠᠷ ᠢᠶᠠᠨ ᠡᠷᠭᠦᠭᠰᠡᠨ ᠴᠤ ᠪᠢ ᠬᠠᠷᠠᠴᠠ ᠪᠠᠨ ᠪᠤᠷᠤᠭᠤᠯᠠᠨ᠎ᠠ ᠲᠠ ᠨᠠᠷ ᠣᠯᠠᠨᠲᠠ ᠳᠠᠭᠠᠳᠬᠠᠭᠰᠠᠨ ᠴᠤ ᠪᠢ ᠰᠣᠨᠣᠰᠬᠤ ᠦᠭᠡᠢ ᠭᠠᠷ ᠴᠢᠨᠢ ᠴᠢᠰᠤᠨ ᠳᠤ ᠪᠢᠯᠳᠠᠭᠰᠠᠨ ᠪᠠᠢᠨ᠎ᠠ᠂
16 ᠪᠡᠶ᠎ᠡ ᠪᠡᠨ ᠤᠬᠢᠶᠠᠵᠤ ᠴᠡᠪᠡᠷᠯᠡ ᠪᠤᠵᠠᠷ ᠦᠢᠯᠡᠰ ᠢᠶᠡᠨ ᠬᠠᠷᠠᠭᠠᠨ ᠠᠴᠠ ᠮᠢᠨᠢ ᠵᠠᠢᠯᠠᠭᠤᠯ ᠮᠠᠭᠤ ᠶᠢ ᠦᠢᠯᠡᠳᠬᠦ ᠪᠡᠨ ᠪᠣᠯᠢ
17 ᠰᠠᠢᠨ ᠢ ᠦᠢᠯᠡᠳᠬᠦ ᠶᠢ ᠰᠤᠷᠤᠯᠴᠠ ᠰᠢᠳᠤᠷᠭᠤ ᠶᠢ ᠳᠠᠭᠠᠵᠤ ᠳᠠᠷᠤᠯᠠᠭᠳᠠᠭᠰᠠᠳ ᠲᠤ ᠲᠤᠰᠠᠯᠠ ᠥᠨᠥᠴᠢᠨ ᠢ ᠥᠮᠥᠭᠡᠷᠡᠵᠦ ᠪᠡᠯᠪᠡᠰᠦᠨ ᠢ ᠥᠮᠥᠭᠯᠡ᠃》
18 《ᠨᠠᠰᠢ ᠢᠷ᠎ᠡ᠂ ᠬᠠᠮᠲᠤ ᠪᠠᠷ ᠢᠶᠠᠨ ᠦᠵᠡᠶ᠎ᠡ᠂》 ᠶᠣᠬᠣᠸᠠ ᠠᠢᠯᠠᠳᠴᠤ ᠪᠠᠢᠨ᠎ᠠ᠄ 《ᠨᠢᠭᠦᠯ ᠴᠢᠨᠢ ᠴᠢᠰ ᠤᠯᠠᠭᠠᠨ ᠮᠡᠲᠦ ᠪᠠᠢᠪᠠᠴᠤ ᠴᠠᠰᠤ ᠴᠠᠭᠠᠨ ᠪᠣᠯᠣᠨ᠎ᠠ ᠣᠪ ᠤᠯᠠᠭᠠᠨ ᠪᠠᠢᠪᠠᠴᠤ ᠨᠣᠣᠰᠣ ᠰᠢᠭ᠋ ᠪᠣᠯᠣᠨ᠎ᠠ᠃
19 ᠲᠠ ᠨᠠᠷ ᠳᠤᠷᠠᠲᠠᠶ᠎ᠠ ᠳᠠᠭᠠᠪᠠᠯ ᠭᠠᠵᠠᠷ ᠤᠨ ᠣᠬᠢ ᠡᠴᠡ ᠢᠳᠡᠨ᠎ᠡ
20 ᠡᠰᠡᠷᠭᠦᠴᠡᠵᠦ ᠤᠷᠪᠠᠪᠠᠯ ᠢᠯᠳᠦᠨ ᠳᠦ ᠢᠳᠡᠭᠦᠯᠦᠨ᠎ᠡ᠂》 ᠶᠣᠬᠣᠸᠠ ᠶᠢᠨ ᠠᠮᠠ ᠠᠢᠯᠠᠳᠤᠯ᠎ᠠ᠃
21 ᠢᠲᠡᠭᠡᠮᠵᠢᠲᠦ ᠬᠣᠲᠠ ᠶᠠᠭᠠᠬᠢᠭᠠᠳ ᠶᠠᠩ᠋ᠬᠠᠨ ᠪᠣᠯᠣᠭᠰᠠᠨ ᠪᠠᠢᠨ᠎ᠠ ᠪᠤᠢ︖ ᠲᠡᠷᠡ ᠰᠢᠳᠤᠷᠭᠤ ᠪᠠᠷ ᠳᠦᠭᠦᠷᠡᠩ ᠲᠡᠭᠦᠨ ᠦ ᠳᠣᠲᠣᠷ᠎ᠠ ᠵᠥᠪ ᠨᠢ ᠣᠷᠣᠰᠢᠵᠤ ᠯᠠ ᠪᠠᠢᠭᠰᠠᠨ ᠬᠠᠷᠢᠨ ᠡᠳᠦᠭᠡ ᠠᠯᠠᠭᠤᠷᠴᠢᠳ ᠢᠶᠠᠷ ᠳᠦᠭᠦᠷᠴᠡᠢ᠃
22 ᠮᠥᠩᠭᠥ ᠴᠢᠨᠢ ᠰᠢᠭᠠᠷᠤ ᠪᠣᠯᠵᠤ ᠳᠠᠷᠠᠰᠤ ᠴᠢᠨᠢ ᠤᠰᠤ ᠪᠠᠷ ᠰᠢᠩ᠋ᠭᠡᠯᠡᠭᠳᠡᠵᠡᠢ᠃
23 ᠤᠳᠤᠷᠢᠳᠤᠭᠴᠢᠳ ᠴᠢᠨᠢ ᠲᠡᠷᠰᠡᠯᠡᠭᠴᠢᠳ ᠬᠤᠯᠠᠭᠠᠢᠴᠢᠳ ᠤᠨ ᠬᠠᠮᠰᠠᠭᠠᠲᠠᠨ ᠪᠦᠭᠦᠳᠡᠭᠡᠷ ᠬᠠᠬᠤᠤᠯᠢ ᠳᠤ ᠳᠤᠷᠠᠲᠠᠢ᠂ ᠬᠠᠷᠠᠮᠵᠢ ᠬᠥᠭᠡᠭᠡᠴᠡᠯᠳᠡᠳᠡᠭ᠌ ᠥᠨᠥᠴᠢᠨ ᠢ ᠥᠮᠥᠭᠯᠡᠳᠡᠭ ᠦᠭᠡᠢ ᠪᠡᠯᠪᠡᠰᠦᠨ ᠦ ᠵᠠᠷᠭᠤ ᠲᠡᠳᠡᠨ ᠳᠡᠭᠡᠷ᠎ᠡ ᠬᠦᠷᠲᠡᠭ ᠦᠭᠡᠢ᠃》
24 ᠲᠡᠢᠮᠦ ᠡᠴᠡ ᠠᠤᠭ᠎ᠠ ᠬᠦᠴᠦᠲᠦ ᠡᠵᠡᠨ ᠶᠣᠬᠣᠸᠠ ᠠᠢᠯᠠᠳᠴᠤ ᠪᠠᠢᠨ᠎ᠠ᠄ 《ᠥ᠂ ᠪᠢ ᠥᠰᠲᠡᠨ ᠨᠦᠭᠦᠳ ᠡᠴᠡ ᠪᠡᠨ ᠥᠰᠢᠶ᠎ᠡ ᠪᠡᠨ ᠠᠪᠴᠤ ᠳᠠᠢᠰᠤᠨ ᠨᠤᠭᠤᠳ ᠠᠴᠠ ᠪᠠᠨ ᠰᠠᠯᠵᠤ ᠠᠮᠠᠷᠠᠨ᠎ᠠ᠃
25 ᠪᠢ ᠭᠠᠷ ᠢᠶᠠᠨ ᠴᠢᠮ᠎ᠠ ᠤᠷᠤᠭᠤ ᠡᠷᠭᠢᠭᠦᠯᠵᠦ ᠰᠢᠭᠠᠷᠤ ᠶᠢ ᠴᠢᠨᠢ ᠲᠤᠩ᠋ᠭᠠᠨ ᠴᠡᠪᠡᠷᠰᠢᠭᠦᠯᠵᠦ ᠬᠣᠯᠢᠴᠠ ᠶᠢ ᠴᠢᠨᠢ ᠪᠦᠭᠦᠳᠡ ᠶᠢ ᠠᠷᠢᠯᠭᠠᠨ᠎ᠠ᠃
26 ᠪᠢ ᠰᠢᠭᠦᠭᠴᠢᠳ ᠢ ᠴᠢᠨᠢ ᠠᠩ᠋ᠬᠠᠨ ᠤ ᠬᠢ ᠰᠢᠭ᠋ ᠨᠢ ᠵᠥᠪᠯᠡᠭᠴᠢᠳ ᠢ ᠴᠢᠨᠢ ᠡᠬᠢᠨ ᠤ ᠬᠢ ᠰᠢᠭ ᠨᠢ ᠰᠡᠷᠭᠦᠭᠡᠨ᠎ᠡ ᠡᠭᠦᠨ ᠦ ᠳᠠᠷᠠᠭ᠎ᠠ ᠴᠢ ᠵᠥᠪᠲᠦ ᠬᠣᠲᠠ ᠢᠲᠡᠭᠡᠮᠵᠢᠲᠦ ᠬᠣᠲᠠ ᠭᠡᠭᠳᠡᠬᠦ ᠪᠣᠯᠣᠨ᠎ᠠ᠃》
27 ᠲᠡᠷᠡ ᠪᠡᠷ ᠽᠢᠶᠣᠨ ᠢ ᠰᠢᠳᠤᠷᠭᠤ ᠪᠠᠷ ᠲᠡᠭᠦᠨ ᠳᠣᠲᠣᠷᠠᠬᠢ ᠭᠡᠮᠰᠢᠭ᠍ᠴᠢᠳ ᠢ ᠵᠥᠪ ᠢᠶᠡᠷ ᠵᠣᠯᠢᠨ ᠠᠪᠤᠨ᠎ᠠ᠂
28 ᠬᠠᠷᠢᠨ ᠤᠷᠪᠠᠭᠴᠢᠳ ᠪᠠ ᠨᠢᠭᠦᠯᠲᠡᠳ ᠬᠠᠮᠲᠤ ᠳᠠᠭᠠᠨ ᠰᠦᠢᠷᠡᠵᠦ ᠶᠣᠬᠣᠸᠠ ᠶᠢ ᠣᠷᠬᠢᠭᠴᠢᠳ ᠰᠥᠨᠥᠨ᠎ᠡ᠃
29 ᠬᠣᠵᠢᠮ ᠲᠡᠳᠡ ᠲᠠᠭᠠᠯᠠᠵᠤ ᠪᠠᠢᠭᠰᠠᠨ ᠴᠠᠷᠠᠰᠤᠨ ᠮᠣᠳᠣᠨ ᠠᠴᠠ ᠪᠠᠨ ᠪᠣᠯᠵᠤ ᠢᠴᠢᠨ᠎ᠡ ᠰᠢᠯᠢᠭᠰᠡᠨ ᠴᠡᠴᠡᠷᠯᠢᠭ ᠡᠴᠡ ᠪᠡᠨ ᠪᠣᠯᠵᠤ ᠰᠢᠪᠰᠢᠭ ᠪᠣᠯᠣᠨ᠎ᠠ
30 ᠲᠡᠳᠡ ᠨᠠᠪᠴᠢ ᠨᠢ ᠬᠠᠲᠠᠭᠰᠠᠨ ᠴᠠᠷᠠᠰᠤ ᠮᠡᠲᠦ ᠤᠰᠤ ᠦᠭᠡᠢ ᠴᠡᠴᠡᠷᠯᠢᠭ ᠮᠡᠲᠦ ᠪᠣᠯᠣᠨ᠎ᠠ
31 ᠬᠦᠴᠦᠲᠡᠨ ᠨᠢ ᠮᠠᠭᠠᠯᠢᠩ᠋ᠭᠤᠨ ᠰᠢᠷᠬᠡᠭ ᠦᠢᠯᠡᠰ ᠨᠢ ᠣᠴᠢ ᠮᠡᠲᠦ ᠪᠣᠯᠵᠤ ᠲᠡᠳᠡ ᠬᠣᠶᠠᠭᠤᠯᠠ ᠪᠠᠨ ᠬᠠᠮᠲᠤ ᠳᠠᠭᠠᠨ ᠰᠢᠲᠠᠪᠠᠴᠤ ᠤᠨᠲᠠᠷᠠᠭᠠᠬᠤ ᠬᠥᠮᠦᠨ ᠦᠭᠡᠢ ᠪᠣᠯᠣᠨ᠎ᠠ᠃