1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠨᠠᠢ᠌ᠮᠠ
 ᠳᠠᠷᠤᠯᠠᠯ ᠪᠠ ᠲᠠᠢᠪᠤᠰᠢᠷᠠᠯ

1 ᠶᠣᠬᠣᠸᠠ ᠨᠠᠳᠠ ᠳᠤ ᠠᠢᠯᠠᠳᠤᠭᠰᠠᠨ ᠨᠢ᠄ 《ᠲᠣᠮᠣ ᠬᠠᠪᠲᠠᠰᠤ ᠠᠪᠤᠭᠠᠳ ᠳᠡᠭᠡᠷ᠎ᠡ ᠨᠢ ᠵᠢᠷ ᠤᠨ ᠦᠰᠦᠭ ᠢᠶᠡᠷ 〈ᠮᠠᠾᠧᠷ ᠱᠠᠯᠠᠯ ᠬᠠᠱ ᠪᠠᠽ 6 〉 ᠭᠡᠵᠦ ᠪᠢᠴᠢ᠃ 2 ᠪᠢ ᠡᠭᠦᠨ ᠢ ᠭᠡᠷᠡᠴᠢᠯᠡᠭᠦᠯᠬᠦ ᠪᠡᠷ ᠲᠠᠬᠢᠯᠴᠢ ᠦᠦᠷᠢᠶ᠎ᠠ ᠪᠣᠯᠣᠨ ᠶᠧᠪᠧᠷᠧᠺᠢᠶ᠎ᠠ ᠶᠢᠨ ᠬᠦᠦ ᠽᠧᠺᠠᠷᠢᠶ᠎ᠠ ᠶᠢ ᠢᠲᠡᠭᠡᠮᠵᠢᠲᠦ ᠭᠡᠷᠡᠴᠢ ᠪᠠᠷ ᠲᠣᠮᠢᠯᠠᠯ᠎ᠠ》 ᠭᠡᠪᠡ᠃ 3 ᠢᠩᠭᠢᠭᠡᠳ ᠪᠢ ᠡᠬᠡᠨᠡᠷ 7  ᠲᠠᠢ ᠪᠠᠨ ᠳᠡᠷ᠎ᠡ ᠨᠡᠢᠯᠡᠭᠦᠯᠦᠭᠰᠡᠨ ᠳᠦ᠂ ᠲᠡᠷᠡ ᠵᠢᠷᠮᠦᠰᠦᠯᠡᠵᠦ᠂ ᠬᠦᠦ ᠲᠥᠷᠥᠭᠦᠯᠪᠡ᠃ ᠶᠣᠬᠣᠸᠠ ᠨᠠᠳᠠ ᠳᠤ᠄ 《ᠲᠡᠭᠦᠨ ᠢ 〈ᠮᠠᠾᠧᠷ ᠱᠠᠯᠠᠯ ᠬᠠᠱ ᠪᠠᠽ〉 ᠭᠡᠵᠦ ᠨᠡᠷᠡᠯᠡ᠃ 4 ᠡᠨᠡ ᠬᠦᠦ 〈ᠠᠪᠤ᠂ ᠡᠵᠢ〉 ᠭᠡᠵᠦ ᠬᠡᠯᠡᠵᠦ ᠰᠤᠷᠬᠤ ᠠᠴᠠ ᠡᠮᠦᠨ᠎ᠡ᠂ ᠠᠰᠢᠷᠢᠶ᠎ᠠ ᠶᠢᠨ ᠬᠠᠭᠠᠨ ᠳ᠋ᠠᠮᠠᠰᠺᠦ᠋ᠰ ᠤᠨ ᠡᠳ᠋ ᠪᠠᠶᠠᠯᠢᠭ ᠪᠣᠯᠣᠨ ᠰᠠᠮᠠᠷᠢᠶ᠎ᠠ ᠠᠴᠠ ᠣᠯᠣᠭᠰᠠᠨ ᠣᠯᠵᠠ ᠪᠠᠨ ᠠᠪᠠᠴᠢᠬᠤ ᠪᠣᠯᠣᠨ᠎ᠠ》 ᠭᠡᠪᠡ᠃

5 ᠶᠣᠬᠣᠸᠠ ᠳᠠᠬᠢᠨ ᠨᠠᠳᠠ ᠳᠤ ᠠᠢᠯᠠᠳᠤᠨ᠄ 6 《ᠲᠡᠷᠡ ᠠᠷᠠᠳ ᠲᠦᠮᠡᠨ ᠱᠢᠯᠣᠶ᠎ᠠ ᠶᠢᠨ ᠳᠥᠯᠭᠡᠨ ᠤᠷᠤᠰᠬᠠᠯᠲᠤ ᠤᠰᠤ ᠶᠢ ᠣᠷᠬᠢᠵᠤ᠂ ᠷᠧᠮᠠᠯᠢᠶ᠎ᠠ ᠶᠢᠨ ᠬᠦᠦ ᠪᠣᠯᠣᠨ ᠷᠧᠽᠢᠨ ᠤ ᠤᠴᠢᠷ ᠢᠶᠠᠷ ᠪᠠᠶᠠᠷᠯᠠᠵᠤ ᠪᠠᠢᠨ᠎ᠠ᠃ 7 ᠡᠢᠮᠦ ᠡᠴᠡ ᠡᠵᠡᠨ ᠡᠶᠦ᠋ᠹᠷᠠᠲ᠋ᠧᠰ ᠤᠨ ᠬᠦᠴᠦᠲᠦ ᠶᠡᠬᠡ ᠤᠰᠤ᠂ ᠠᠰᠢᠷᠢᠶ᠎ᠠ ᠶᠢᠨ ᠬᠠᠭᠠᠨ ᠪᠠ ᠲᠡᠭᠦᠨ ᠦ ᠪᠦᠬᠦᠢᠯᠡ ᠰᠦᠷ ᠬᠦᠴᠦ ᠪᠡᠷ ᠲᠡᠳᠡᠨ ᠢ ᠬᠥᠮᠥᠷᠢᠭᠦᠯᠬᠦ ᠭᠡᠵᠦ ᠪᠠᠢᠨ᠎ᠠ᠂ ᠲᠡᠷᠡ ᠪᠡᠷ ᠪᠦᠬᠦ ᠰᠤᠪᠠᠭ ᠤᠨ ᠬᠢᠨᠢ ᠳᠡᠭᠡᠭᠦᠷ ᠬᠠᠯᠢᠨ᠂ ᠪᠦᠬᠦ ᠡᠷᠭᠢ ᠶᠢ ᠨᠢ ᠳᠠᠪᠠᠨ᠂ 8 ᠶᠦᠳᠠ ᠪᠠᠷ ᠳᠠᠭᠠᠷᠢᠨ ᠦᠶᠡᠷᠯᠡᠵᠦ᠂ ᠬᠦᠵᠦᠭᠦᠨ ᠳᠦᠨᠢ ᠲᠤᠯᠤᠨ᠎ᠠ᠂ ᠲᠡᠭᠦᠨ ᠦ ᠳᠡᠯᠭᠡᠭᠰᠡᠨ ᠵᠢᠭᠦᠷ ᠲᠠᠨ ᠤ ᠪᠦᠬᠦ ᠨᠤᠲᠤᠭ ᠢ ᠪᠦᠷᠬᠦᠨ᠎ᠡ ᠡ᠂ ᠢᠮᠠᠨᠦ᠋ᠶᠧᠯ 8 ᠡ︕》 ᠭᠡᠪᠡ᠃
9 ᠬᠣᠣᠷᠯᠠᠭᠠᠳ ᠦᠵᠡ᠂ ᠦᠨᠳᠦᠰᠦᠲᠡᠨ ᠨᠦᠭᠦᠳ ᠡ︕ ᠲᠠ ᠨᠠᠷ ᠪᠤᠲᠠ ᠴᠣᠬᠢᠭᠳᠠᠨ᠎ᠠ ᠬᠣᠯᠠ ᠶᠢᠨ ᠭᠦᠷᠦᠨ ᠦ ᠬᠢᠨ ᠪᠦᠭᠦᠳᠡ ᠴᠢᠬᠢ ᠲᠠᠯᠪᠢ ᠲᠠ ᠨᠠᠷ ᠪᠦᠰᠡ ᠪᠡᠨ ᠴᠢᠩ᠋ᠭᠠᠯᠠᠭᠠᠳ ᠦᠵᠡ 9 ᠂ ᠪᠤᠲᠠ ᠴᠣᠬᠢᠭᠳᠠᠨ᠎ᠠ ᠪᠦᠰᠡ ᠪᠡᠨ ᠴᠢᠩ᠋ᠭᠠᠯᠠᠭᠠᠳ ᠦᠵᠡ᠂ ᠪᠤᠲᠠ ᠴᠣᠬᠢᠭᠳᠠᠨ᠎ᠠ
10 ᠵᠥᠪᠯᠡᠨ ᠵᠥᠪᠯᠡᠭᠰᠡᠨ ᠴᠤ ᠪᠦᠲᠦᠬᠦ ᠦᠭᠡᠢ ᠶᠠᠷᠢᠨ ᠶᠠᠷᠢᠭᠰᠠᠨ ᠴᠤ ᠪᠡᠶᠡᠯᠡᠭᠳᠡᠬᠦ ᠦᠭᠡᠢ ᠤᠴᠢᠷ ᠨᠢ ᠪᠤᠷᠬᠠᠨ ᠪᠢᠳᠡᠨ ᠲᠡᠢ ᠬᠠᠮᠲᠤ ᠪᠠᠢᠳᠠᠭ᠃

11 ᠲᠡᠢᠨ ᠬᠦ ᠶᠣᠬᠣᠸᠠ ᠨᠠᠳᠠ ᠳᠤ ᠠᠢᠯᠠᠳᠴᠤ᠄ 《ᠬᠦᠴᠦᠲᠦ ᠮᠤᠲᠤᠷ ᠠᠴᠠ ᠮᠢᠨᠢ ᠵᠢᠭᠤᠷᠠ᠂ ᠡᠨᠡ ᠠᠷᠠᠳ ᠲᠦᠮᠡᠨ ᠦ ᠵᠠᠮ ᠢᠶᠠᠷ ᠪᠦᠦ ᠶᠠᠪᠤ》 ᠭᠡᠵᠦ ᠰᠠᠨᠠᠭᠤᠯᠪᠠ᠃ ᠲᠡᠷᠡ ᠠᠢᠯᠠᠳᠪᠠ᠄
12 《ᠡᠨᠡ ᠠᠷᠠᠳ ᠲᠦᠮᠡᠨ ᠦ ᠬᠤᠤᠪᠢᠯᠳᠤᠭᠠᠨ ᠭᠡᠵᠦ ᠦᠵᠡᠵᠦ ᠪᠠᠢᠭ᠎ᠠ ᠪᠦᠬᠦᠨ ᠢ ᠲᠠ ᠨᠠᠷ ᠬᠤᠤᠪᠢᠯᠳᠤᠭᠠᠨ ᠭᠡᠵᠦ ᠪᠦᠦ ᠦᠵᠡ᠂ ᠲᠡᠳᠡᠨ ᠦ ᠠᠶᠤᠵᠤ ᠪᠠᠢᠭ᠎ᠠ ᠶᠠᠭᠤᠮᠠᠨ ᠠᠴᠠ ᠪᠦᠦ ᠠᠶᠤ᠂ ᠪᠦᠦ ᠰᠦᠷᠳᠡ᠂
13 ᠠᠤᠭ᠎ᠠ ᠬᠦᠴᠦᠲᠦ ᠶᠣᠬᠣᠸᠠ ᠶᠢ ᠯᠠ ᠠᠷᠢᠭᠤᠨ ᠭᠡᠵᠦ ᠦᠵᠡ᠂ ᠲᠡᠭᠦᠨ ᠡᠴᠡ ᠯᠠ ᠠᠶᠤ ᠲᠡᠭᠦᠨ ᠡᠴᠡ ᠯᠠ ᠰᠦᠷᠳᠡ᠂
14 ᠲᠡᠭᠡᠪᠡᠯ ᠲᠡᠷᠡ ᠠᠷᠢᠭᠤᠨ ᠭᠠᠵᠠᠷ ᠪᠣᠯᠣᠨ᠎ᠠ ᠬᠠᠷᠢᠨ ᠢᠰᠷᠧᠯ ᠤᠨ ᠬᠣᠶᠠᠷ ᠭᠡᠷ ᠲᠦ ᠲᠡᠷᠡ ᠪᠦᠳᠦᠷᠢᠭᠦᠯᠬᠦ ᠴᠢᠯᠠᠭᠤ᠂ ᠣᠢᠴᠢᠭᠤᠯᠬᠤ ᠬᠠᠳᠠ ᠪᠣᠯᠵᠤ ᠶᠧᠷᠦ᠋ᠰᠠᠯᠧᠮ ᠤᠨ ᠰᠠᠭᠤᠭᠠᠯᠢᠴᠢᠳ ᠲᠤ ᠲᠡᠷᠡ ᠤᠷᠠᠬ᠎ᠠ ᠪᠠ ᠴᠠᠯᠮ᠎ᠠ ᠪᠣᠯᠣᠨ᠎ᠠ᠃
15 ᠣᠯᠠᠨ ᠨᠢ ᠲᠡᠭᠦᠨ ᠳᠦ ᠪᠦᠳᠦᠷᠢᠨ᠎ᠡ ᠲᠡᠳᠡ ᠤᠨᠠᠵᠤ ᠬᠡᠮᠬᠡᠷᠡᠨ᠎ᠡ ᠲᠡᠳᠡ ᠤᠷᠠᠬ᠎ᠠ ᠳᠤ ᠣᠷᠣᠵᠤ᠂ ᠪᠠᠷᠢᠭᠳᠠᠨ᠎ᠠ᠃》

16 《ᠴᠢ ᠱᠠᠪᠢ ᠨᠠᠷ ᠤᠨ ᠮᠢᠨᠢ ᠳᠤᠮᠳᠠ ᠡᠨᠡ ᠭᠡᠷᠡᠴᠢᠯᠡᠯ ᠢ ᠪᠣᠭᠣᠵᠤ᠂ ᠡᠨᠡ ᠰᠤᠷᠭᠠᠯ ᠢ ᠪᠢᠲᠡᠭᠦᠮᠵᠢᠯᠡ᠃》 17 ᠶᠠᠺᠣᠪ ᠤᠨ ᠭᠡᠷ ᠡᠴᠡ ᠨᠢᠭᠤᠷ ᠢᠶᠠᠨ ᠨᠢᠭᠤᠭᠰᠠᠨ ᠶᠣᠬᠣᠸᠠ ᠶᠢ ᠪᠢ ᠬᠦᠯᠢᠶᠡᠨ᠎ᠡ᠂ ᠪᠢ ᠲᠡᠭᠦᠨ ᠳᠦ ᠨᠠᠢᠳᠠᠨ᠎ᠠ᠃ 18 ᠬᠠᠷᠠ᠂ ᠪᠢ ᠶᠣᠬᠣᠸᠠ ᠶᠢᠨ ᠨᠠᠳᠠ ᠳᠤ ᠥᠭᠭᠥᠭᠰᠡᠨ ᠬᠡᠦᠬᠡᠳ ᠤᠳ ᠲᠠᠢ ᠬᠠᠮᠲᠤ ᠪᠠᠢᠨ᠎ᠠ᠃ ᠪᠢᠳᠡ ᠪᠣᠯ ᠽᠢᠶᠣᠨ ᠠᠭᠤᠯᠠᠨ ᠳᠡᠭᠡᠷ᠎ᠡ ᠣᠷᠣᠰᠢᠭᠴᠢ ᠠᠤᠭ᠎ᠠ ᠬᠦᠴᠦᠲᠦ ᠶᠣᠬᠣᠸᠠ ᠶᠢᠨ ᠢᠰᠷᠧᠯ ᠳᠤ ᠢᠯᠡᠭᠡᠭᠰᠡᠨ ᠳᠣᠬᠢᠶ᠎ᠠ ᠪᠠ ᠲᠡᠮᠳᠡᠭ ᠮᠥᠨ᠃ 19 ᠬᠡᠷᠪᠡ ᠬᠥᠮᠦᠰ ᠲᠠ ᠨᠠᠷ ᠢ ᠰᠢᠪᠰᠢᠨ ᠴᠠᠯᠴᠢᠳᠠᠭ ᠰᠦᠨᠡᠰᠦ ᠳᠠᠭᠤᠳᠠᠭᠴᠢᠳ ᠪᠣᠯᠣᠨ ᠶᠢᠯᠸᠢᠴᠢᠳ ᠲᠠᠢ ᠵᠥᠪᠯᠡᠯᠳᠦᠭᠦᠯᠬᠦ ᠭᠡᠪᠡᠯ᠂ ᠲᠡᠳᠡᠨ ᠳᠦ᠄ 《ᠠᠷᠠᠳ ᠲᠦᠮᠡᠨ ᠥᠪᠡᠷᠰᠡᠳ ᠦᠨ ᠢᠶᠠᠨ ᠪᠤᠷᠬᠠᠨ ᠲᠠᠢ ᠵᠥᠪᠯᠡᠯᠳᠦᠬᠦ ᠶᠣᠰᠣᠲᠠᠢ ᠪᠢᠰᠢ ᠤᠤ︖ ᠶᠠᠭᠤᠨ ᠳᠤ ᠠᠮᠢᠳᠤᠷᠠᠭᠰᠠᠳ ᠤᠨ ᠡᠮᠦᠨ᠎ᠡ ᠡᠴᠡ ᠦᠬᠦᠭᠰᠡᠳ ᠲᠡᠢ ᠵᠥᠪᠯᠡᠯᠳᠦᠨ᠎ᠡ ᠪᠤᠢ︖》 ᠭᠡᠵᠦ ᠬᠡᠯᠡ᠃ 20 ᠰᠤᠷᠭᠠᠯ ᠬᠢᠭᠡᠳ ᠭᠡᠷᠡᠴᠢᠯᠡᠯ ᠢ ᠠᠩ᠋ᠬᠠᠷ᠃ ᠬᠡᠷᠪᠡ ᠲᠡᠳᠡ ᠡᠨᠡ ᠦᠭᠡᠨ ᠦ ᠳᠠᠭᠠᠤ ᠶᠠᠷᠢᠬᠤ ᠦᠭᠡᠢ ᠪᠣᠯ᠂ ᠲᠡᠳᠡᠨ ᠳᠦ ᠭᠡᠭᠡ ᠪᠠᠢᠬᠤ ᠦᠭᠡᠢ᠃ 21 ᠲᠡᠳᠡ ᠭᠠᠴᠢᠭᠳᠠᠨ ᠥᠯᠥᠰᠴᠦ ᠭᠠᠵᠠᠷ ᠳᠠᠶᠠᠭᠠᠷ ᠲᠡᠨᠦᠬᠦ ᠪᠣᠯᠣᠨ᠎ᠠ᠂ ᠲᠡᠳᠡ ᠥᠯᠥᠰᠪᠡᠯ ᠠᠭᠤᠷᠯᠠᠵᠤ ᠥᠪᠡᠷᠰᠡᠳ ᠦᠨ ᠢᠶᠠᠨ ᠬᠠᠭᠠᠨ᠂ ᠥᠪᠡᠷᠰᠡᠳ ᠦᠨ ᠢᠶᠠᠨ ᠪᠤᠷᠬᠠᠨ ᠢ ᠬᠠᠷᠢᠶᠠᠨ᠎ᠠ᠂ ᠳᠡᠭᠡᠭᠰᠢ ᠪᠠᠨ ᠬᠠᠷᠠᠭᠰᠠᠨ ᠴᠤ᠂ 22 ᠭᠠᠵᠠᠷ ᠢ ᠬᠠᠷᠠᠭᠰᠠᠨ ᠴᠤ ᠭᠠᠮᠰᠢᠭ ᠪᠠ ᠬᠠᠷᠠᠩ᠋ᠭᠤᠢ᠂ ᠵᠣᠪᠠᠯᠠᠩ ᠤᠨ ᠰᠡᠭᠦᠳᠡᠷ ᠢ ᠯᠠ ᠬᠠᠷᠠᠨ᠎ᠠ᠃ ᠲᠡᠢᠨ ᠬᠦ ᠲᠡᠳᠡ ᠬᠠᠷᠠᠩ᠋ᠭᠤᠢ ᠤᠷᠤᠭᠤ ᠬᠥᠭᠡᠭᠡᠭᠳᠡᠨ᠎ᠡ᠃