ᠢᠰᠠᠢᠶ᠎ᠠ ᠬᠣᠷᠢᠨ ᠨᠢᠭᠡ
ᠪᠠᠪᠢᠯᠣᠨ ᠤ ᠲᠠᠯ᠎ᠠ ᠪᠠᠷ ᠬᠢ ᠡᠰᠢ ᠦᠵᠡᠭᠦᠯᠦᠯᠭᠡ
1 ᠳᠠᠯᠠᠢ ᠶᠢᠨ ᠬᠥᠪᠡᠭᠡᠨ ᠦ ᠵᠡᠯᠢᠭᠦᠳ ᠭᠠᠵᠠᠷ ᠤᠨ ᠲᠤᠬᠠᠢ ᠰᠡᠷᠡᠮᠵᠢᠯᠡᠭᠦᠯᠦᠯᠭᠡ᠄ ᠲᠡᠷᠡ ᠡᠮᠦᠨᠡᠲᠦ ᠶᠢᠨ ᠨᠤᠲᠤᠭ ᠢᠶᠠᠷ ᠥᠩᠭᠡᠷᠡᠬᠦ ᠬᠤᠢ ᠰᠠᠯᠬᠢ ᠰᠢᠭ᠋ ᠴᠥᠯ ᠪᠠ ᠠᠶᠤᠮᠰᠢᠭᠲᠤ ᠭᠠᠵᠠᠷ ᠠᠴᠠ ᠢᠷᠡᠵᠦ ᠪᠠᠢᠨ᠎ᠠ᠃
2 ᠨᠠᠳᠠ ᠳᠤ ᠠᠶᠤᠮᠰᠢᠭᠲᠤ ᠦᠵᠡᠭᠳᠡᠯ ᠦᠵᠡᠭᠳᠡᠪᠡ᠄ ᠤᠷᠪᠠᠭᠴᠢ ᠤᠷᠪᠠᠵᠤ ᠤᠰᠠᠳᠬᠠᠭᠴᠢ ᠤᠰᠠᠳᠬᠠᠵᠤ ᠪᠠᠢᠨ᠎ᠠ ᠡᠯᠠᠮ ᠡ᠂ ᠳᠠᠪᠰᠢ᠂ ᠮᠧᠳᠢᠶᠠ ᠡ᠂ ᠪᠦᠰᠡᠯᠡ︕ ᠲᠡᠭᠦᠨ ᠦ ᠤᠴᠠᠷᠠᠭᠤᠯᠵᠤ ᠪᠠᠢᠭ᠎ᠠ ᠪᠦᠬᠦ ᠤᠢ ᠭᠠᠰᠢᠭᠤ ᠶᠢ ᠪᠢ ᠡᠴᠦᠰᠯᠡᠭᠦᠯᠦᠨ᠎ᠡ᠃
3 ᠡᠭᠦᠨ ᠡᠴᠡ ᠪᠣᠯᠵᠤ ᠥᠪᠴᠢ ᠪᠡᠶ᠎ᠡ ᠮᠢᠨᠢ ᠡᠪᠡᠳᠪᠡ ᠨᠢᠷᠠᠢᠯᠠᠬᠤ ᠡᠮᠡᠭᠲᠡᠢ ᠶᠢᠨ ᠡᠪᠡᠳᠦᠯᠲᠡ ᠮᠡᠲᠦ ᠡᠪᠡᠳᠦᠯᠲᠡ ᠳᠦ ᠪᠢ ᠠᠪᠲᠠᠭᠳᠠᠪᠠ ᠰᠣᠨᠣᠰᠣᠭᠠᠳ ᠪᠢ ᠤᠢᠮᠤᠷᠠᠪᠠ ᠦᠵᠡᠭᠡᠳ ᠪᠢ ᠰᠦᠷᠳᠡᠪᠡ᠃
4 ᠵᠢᠷᠦᠬᠡ ᠮᠢᠨᠢ ᠲᠦᠭᠰᠢᠨ᠂ ᠠᠢᠳᠠᠰ ᠨᠠᠮᠠᠶᠢ ᠨᠥᠮᠥᠷᠪᠡ ᠬᠦᠯᠢᠶᠡᠵᠦ ᠪᠠᠢᠭᠰᠠᠨ ᠦᠳᠡᠰᠢ ᠮᠢᠨᠢ ᠠᠶᠤᠮᠰᠢᠭ ᠪᠣᠯᠣᠨ ᠬᠤᠪᠢᠷᠠᠪᠠ᠃
5 ᠲᠡᠳᠡ ᠬᠠᠷᠢᠨ ᠰᠢᠷᠡᠭᠡ ᠵᠠᠰᠠᠵᠤ ᠬᠡᠪᠢᠰ ᠳᠡᠪᠢᠰᠦᠭᠡᠳ᠂ ᠢᠳᠡᠵᠦ ᠤᠤᠭᠤᠨ᠎ᠠ ᠭᠡᠵᠢ︖ ᠪᠣᠰᠴᠠᠭ᠎ᠠ᠂ ᠨᠣᠶᠠᠳ ᠡ ᠪᠠᠮᠪᠠᠢ ᠪᠠᠨ ᠲᠣᠰᠣᠯ᠎ᠠ᠂
6 ᠡᠵᠡᠨ ᠨᠠᠳᠠ ᠳᠤ ᠡᠢᠨ ᠬᠦ ᠠᠢᠯᠠᠳᠪᠠ᠄ 《ᠶᠠᠪᠤᠵᠤ᠂ ᠬᠠᠷᠠᠭᠤᠯ ᠲᠠᠯᠪᠢ᠂ ᠬᠠᠷᠠᠬᠤ ᠶᠠᠭᠤᠮ᠎ᠠ ᠶᠢ ᠨᠢ ᠶᠠᠷᠢᠭᠤᠯ᠃》
7 ᠢᠩᠭᠢᠭᠡᠳ ᠬᠠᠷᠠᠭᠤᠯ ᠬᠣᠣᠰ ᠮᠣᠷᠢ ᠲᠠᠢ ᠲᠡᠷᠭᠡ ᠨᠦᠭᠦᠳ᠂ ᠡᠯᠵᠢᠭᠡ ᠪᠠ ᠲᠡᠮᠡᠭᠡᠨ ᠴᠤᠪᠤᠭ᠎ᠠ ᠶᠢ ᠬᠠᠷᠠᠵᠤ᠂ ᠶᠡᠬᠡ ᠠᠩ᠋ᠬᠠᠷᠤᠯ ᠲᠠᠢ ᠠᠩ᠋ᠬᠠᠷᠤᠨ ᠠᠩ᠋ᠬᠠᠷᠤᠭᠠᠳ᠄
8 ᠴᠢᠩᠭ᠍᠎ᠠ ᠳᠠᠭᠤ ᠪᠠᠷ᠄ 《ᠡᠵᠡᠨ ᠡ᠂ ᠡᠳᠦᠷ ᠢᠶᠡᠷ ᠪᠢ ᠦᠷᠭᠦᠯᠵᠢ ᠴᠠᠮᠬᠠᠭ ᠳᠡᠭᠡᠷ᠎ᠡ ᠵᠣᠭᠰᠣᠨ ᠰᠥᠨᠢᠵᠢᠨ ᠬᠠᠷᠠᠭᠤᠯ ᠤᠨ ᠪᠠᠢᠷᠢ ᠳᠠᠭᠠᠨ ᠪᠠᠢᠵᠤ ᠪᠠᠢᠭᠰᠠᠨ
9 ᠬᠠᠷᠠᠭᠠᠴᠢ᠂ ᠣᠳᠣ ᠬᠣᠣᠰ ᠮᠣᠷᠢ ᠲᠠᠢ ᠲᠡᠷᠭᠡ ᠢᠷᠡᠵᠦ ᠪᠠᠢᠨ᠎ᠠ》 ᠭᠡᠳ ᠳᠠᠬᠢᠨ 《ᠪᠠᠪᠢᠯᠣᠨ ᠨᠤᠷᠠᠵᠠᠢ᠂ ᠪᠠᠪᠢᠯᠣᠨ ᠨᠤᠷᠠᠵᠠᠢ ᠪᠤᠷᠬᠠᠳ ᠤᠨ ᠬᠢᠨᠢ ᠬᠥᠷᠥᠭ ᠤᠳ ᠪᠦᠭᠦᠳᠡᠭᠡᠷ ᠭᠠᠵᠠᠷ ᠲᠤ ᠪᠤᠲᠠᠷᠠᠵᠠᠢ》 ᠭᠡᠨ᠎ᠡ᠃
10 《ᠮᠢᠨᠦ ᠴᠣᠬᠢᠭᠰᠠᠨ᠂ ᠦᠲᠦᠷᠮ᠎ᠡ ᠳᠡᠭᠡᠷᠡᠬᠢ ᠦᠷ᠎ᠡ ᠲᠠᠷᠢᠶ᠎ᠠ ᠮᠢᠨᠢ︕》 ᠢᠰᠷᠧᠯ ᠤᠨ ᠪᠤᠷᠬᠠᠨ᠂ ᠠᠤᠭ᠎ᠠ ᠬᠦᠴᠦᠲᠦ ᠶᠣᠬᠣᠸᠠ ᠠᠴᠠ ᠶᠠᠭᠤ ᠰᠣᠨᠣᠰᠣᠭᠰᠠᠨ ᠢᠶᠠᠨ ᠪᠢ ᠲᠠ ᠨᠠᠷ ᠲᠤ ᠮᠡᠳᠡᠭᠦᠯᠦᠯ᠎ᠡ᠃
ᠡᠳᠣᠮ ᠤᠨ ᠲᠠᠯ᠎ᠠ ᠪᠠᠷ ᠬᠢ ᠡᠰᠢ ᠦᠵᠡᠭᠦᠯᠦᠯᠭᠡ
11 ᠳ᠋ᠦᠮᠠ 11 ᠶᠢᠨ ᠲᠤᠬᠠᠢ ᠰᠡᠷᠡᠮᠵᠢᠯᠡᠭᠦᠯᠦᠯᠭᠡ᠄ ᠰᠧᠷ ᠡᠴᠡ ᠨᠢᠭᠡᠨ ᠬᠥᠮᠦᠨ ᠨᠠᠮᠠᠶᠢ ᠳᠠᠭᠤᠳᠠᠵᠤ᠄ 《ᠮᠠᠨᠠᠭᠠᠴᠢ ᠡ᠂ ᠰᠥᠨᠢ ᠬᠡᠳᠦᠢ ᠥᠩᠭᠡᠷᠡᠵᠦ ᠪᠠᠢᠨ᠎ᠠ ᠪᠤᠢ︖ ᠮᠠᠨᠠᠭᠠᠴᠢ ᠡ᠂ ᠰᠥᠨᠢ ᠬᠡᠳᠦᠢ ᠥᠩᠭᠡᠷᠡᠵᠦ ᠪᠠᠢᠨ᠎ᠠ ᠪᠤᠢ︖》 ᠭᠡᠵᠦ ᠪᠠᠢᠨ᠎ᠠ᠃
12 ᠮᠠᠨᠠᠭᠠᠴᠢ ᠬᠠᠷᠢᠭᠤᠯᠵᠤ᠄ 《ᠥᠷᠯᠥᠭᠡ ᠪᠣᠯᠵᠤ ᠪᠠᠢᠨ᠎ᠠ᠂ ᠪᠠᠰᠠ ᠰᠥᠨᠢ ᠪᠣᠯᠣᠨ᠎ᠠ ᠠᠰᠠᠭᠤᠶ᠎ᠠ ᠭᠡᠪᠡᠯ ᠠᠰᠠᠭᠤ ᠳᠠ᠂ ᠪᠤᠴᠠᠭᠠᠳ ᠢᠷᠡᠭᠰᠡᠨ ᠴᠤ ᠪᠣᠯᠣᠨ᠎ᠠ》 ᠭᠡᠪᠡ᠃
ᠠᠷᠠᠪ ᠤᠨ ᠲᠠᠯ᠎ᠠ ᠪᠠᠷ ᠬᠢ ᠡᠰᠢ ᠦᠵᠡᠭᠦᠯᠦᠯᠭᠡ
13 ᠠᠷᠠᠪ ᠤᠨ ᠲᠤᠬᠠᠢ ᠰᠡᠷᠡᠮᠵᠢᠯᠡᠭᠦᠯᠦᠯᠭᠡ᠄ ᠳ᠋ᠧᠳᠠᠨ ᠤ ᠵᠢᠩᠴᠢᠳ ᠡ︕ ᠲᠠ ᠨᠠᠷ ᠠᠷᠠᠪ ᠤᠨ ᠣᠢ ᠳᠤ ᠬᠣᠨᠣᠭᠯᠠᠬᠤ ᠪᠣᠯᠣᠯ᠎ᠠ᠃
14 ᠲᠧᠮᠠ ᠶᠢᠨ ᠰᠠᠭᠤᠭᠠᠯᠢᠴᠢᠳ ᠡ ᠠᠩ᠋ᠭᠠᠭᠴᠢᠳ ᠲᠤᠨᠢ ᠤᠰᠤ ᠠᠪᠴᠢᠷᠠᠵᠤ᠂ ᠣᠷᠭᠣᠳᠤᠤᠯ ᠤᠳ ᠢ ᠨᠢ ᠬᠣᠭᠣᠯᠠ ᠲᠠᠢ ᠤᠭᠲᠤᠭᠲᠤᠨ᠃
15 ᠲᠡᠳᠡ ᠢᠯᠳᠦ᠂ ᠰᠤᠭᠤᠯᠤᠭᠰᠠᠨ ᠢᠯᠳᠦ᠂ ᠲᠠᠲᠠᠭᠰᠠᠨ ᠨᠤᠮᠤ᠂ ᠳᠠᠢᠨ ᠤ ᠳᠠᠷᠤᠮᠲᠠ ᠠᠴᠠ ᠤᠷᠭᠤᠭᠰᠠᠨ ᠶᠤᠮ᠃
16 ᠡᠵᠡᠨ ᠨᠠᠳᠠ ᠳᠤ ᠡᠢᠨ ᠬᠦ ᠠᠢᠯᠠᠳᠪᠠ᠄ 《ᠬᠥᠯᠥᠰᠥᠨ ᠦ ᠠᠵᠢᠯᠴᠢᠨ ᠵᠢᠯ ᠢᠶᠠᠨ ᠲᠣᠭᠠᠯᠠᠳᠠᠭ ᠤᠨ ᠠᠳᠠᠯᠢ ᠶᠠᠭ ᠨᠢᠭᠡ ᠵᠢᠯ ᠤᠨ ᠳᠣᠲᠣᠷ᠎ᠠ ᠺᠧᠳᠠᠷ ᠤᠨ ᠪᠦᠬᠦ ᠢᠷᠠᠭᠤ ᠠᠯᠳᠠᠷ ᠳᠠᠭᠤᠰᠤᠨ᠎ᠠ᠂ 17 ᠺᠧᠳᠠᠷᠴᠤᠳ ᠤᠨ ᠬᠦᠴᠦᠲᠦ ᠡᠷᠡᠰ ᠪᠠ ᠬᠠᠷᠪᠤᠭᠠᠴᠢᠳ ᠠᠴᠠ ᠴᠥᠭᠡᠨ ᠨᠢ ᠯᠠ ᠠᠮᠢᠳᠤ ᠦᠯᠡᠳᠡᠨ᠎ᠡ᠃》 ᠢᠰᠷᠧᠯ ᠤᠨ ᠪᠤᠷᠬᠠᠨ ᠶᠣᠬᠣᠸᠠ ᠠᠢᠯᠠᠳᠤᠯ᠎ᠠ᠃