1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠭᠤᠴᠢᠨ ᠳᠣᠯᠣᠭ᠎ᠠ
 ᠡᠳᠡᠭᠡᠷᠡᠭᠰᠡᠨ ᠬᠠᠭᠠᠨ ᠤ ᠮᠠᠭᠲᠠᠭᠠᠯ

1 ᠲᠡᠷᠡ ᠡᠳᠦᠷ ᠤᠳ ᠲᠤ ᠾᠧᠽᠧᠺᠢᠶ᠎ᠠ ᠡᠪᠡᠳᠴᠢᠯᠡᠵᠦ ᠦᠬᠦᠬᠦ ᠣᠢᠷᠠᠲᠤᠵᠠᠢ᠃ ᠠᠮᠣᠽ ᠤᠨ ᠬᠦᠦ ᠡᠰᠢ ᠦᠵᠡᠭᠦᠯᠦᠭᠴᠢ ᠢᠰᠠᠢᠶ᠎ᠠ ᠲᠡᠭᠦᠨ ᠤᠷᠤᠭᠤ ᠢᠷᠡᠭᠡᠳ᠄ 《ᠶᠣᠬᠣᠸᠠ ᠡᠢᠨ ᠬᠦ ᠠᠢᠯᠠᠳᠴᠤ ᠪᠠᠢᠨ᠎ᠠ᠄ 〈ᠭᠡᠷ ᠦᠨ ᠬᠢᠨ ᠳᠡᠭᠡᠨ ᠭᠡᠷᠢᠶᠡᠰ ᠦᠯᠡᠳᠡᠭᠡ᠃ ᠴᠢ ᠡᠳᠡᠭᠡᠷᠡᠬᠦ ᠦᠭᠡᠢ᠂ ᠦᠬᠦᠨ᠎ᠡ〉》 ᠭᠡᠪᠡ᠃ 2 ᠾᠧᠽᠧᠺᠢᠶ᠎ᠠ ᠨᠢᠭᠤᠷ ᠢᠶᠠᠨ ᠬᠠᠨ᠎ᠠ ᠤᠷᠤᠭᠤ ᠬᠠᠷᠠᠭᠤᠯᠵᠤ ᠶᠣᠬᠣᠸᠠ ᠳᠤ ᠳᠠᠭᠠᠳᠬᠠᠨ᠄ 3 《ᠲᠠᠨ ᠠᠴᠠ ᠭᠤᠶᠤᠶ᠎ᠠ᠂ ᠶᠣᠬᠣᠸᠠ ᠡ᠂ ᠪᠢ ᠲᠠᠨ ᠤ ᠡᠮᠦᠨ᠎ᠡ ᠦᠨᠡᠨ ᠢᠶᠡᠷ᠂ ᠴᠢᠩ ᠰᠡᠳᠬᠢᠯ ᠢᠶᠠᠷ ᠢᠶᠠᠨ ᠠᠮᠢᠳᠤᠷᠠᠵᠤ᠂ ᠲᠠᠨ ᠤ ᠮᠡᠯᠮᠡᠢ ᠳᠦ ᠰᠠᠢᠨ ᠢ ᠦᠢᠯᠡᠳᠴᠦ ᠪᠠᠢᠭᠰᠠᠨ ᠢ ᠣᠳᠣ ᠰᠠᠨᠠᠭᠠᠴᠢ》 ᠭᠡᠵᠦ ᠬᠡᠯᠡᠭᠡᠳ ᠴᠤᠷᠬᠢᠷᠠᠨ ᠤᠬᠢᠯᠠᠪᠠ᠃

4 ᠲᠡᠭᠡᠲᠡᠯ᠎ᠡ ᠶᠣᠬᠣᠸᠠ ᠶᠢᠨ ᠦᠭᠡ ᠢᠰᠠᠢᠶ᠎ᠠ ᠳᠤ ᠢᠷᠡᠵᠦ᠄ 5 《ᠴᠢ ᠾᠧᠽᠧᠺᠢᠶ᠎ᠠ ᠤᠷᠤᠭᠤ ᠪᠤᠴᠠᠭᠠᠳ ᠶᠠᠷᠢ᠄ ᠴᠢᠨᠦ ᠡᠪᠦᠭᠡ ᠡᠴᠢᠭᠡ ᠳ᠋ᠠᠸᠢᠳ᠋ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ 〈ᠪᠢ ᠴᠢᠨᠦ ᠳᠠᠭᠠᠳᠬᠠᠯ ᠢ ᠰᠣᠨᠣᠰᠴᠤ᠂ ᠴᠢᠨᠦ ᠨᠢᠯᠪᠤᠰᠤ ᠶᠢ ᠬᠠᠷᠠᠯ᠎ᠠ᠃ ᠬᠠᠷᠠ᠂ ᠪᠢ ᠴᠢᠨᠦ ᠡᠳᠦᠷ ᠤᠳ ᠳᠡᠭᠡᠷ᠎ᠡ ᠠᠷᠪᠠᠨ ᠲᠠᠪᠤᠨ ᠵᠢᠯ ᠨᠡᠮᠡᠵᠦ ᠥᠭᠭᠥᠶ᠎ᠡ᠂ 6 ᠪᠢ ᠴᠢᠮᠠᠶᠢ ᠪᠣᠯᠣᠨ ᠡᠨᠡ ᠬᠣᠲᠠ ᠶᠢ ᠠᠰᠢᠷᠢᠶ᠎ᠠ ᠶᠢᠨ ᠬᠠᠭᠠᠨ ᠤ ᠭᠠᠷ ᠠᠴᠠ ᠠᠪᠤᠷᠠᠵᠤ᠂ ᠡᠨᠡ ᠬᠣᠲᠠ ᠶᠢ ᠬᠠᠮᠠᠭᠠᠯᠠᠨ᠎ᠠ᠃

7 ᠶᠣᠬᠣᠸᠠ ᠠᠮᠠᠯᠠᠭᠰᠠᠨ ᠢᠶᠠᠨ ᠪᠡᠶᠡᠯᠡᠭᠦᠯᠦᠨ᠎ᠡ᠂ ᠶᠣᠬᠣᠸᠠ ᠶᠢᠨ ᠲᠠᠨ ᠳᠤ ᠦᠵᠡᠭᠦᠯᠬᠦ ᠲᠡᠮᠳᠡᠭ ᠨᠢ ᠡᠨᠡ᠄ 8 ᠬᠠᠷᠠ᠂ ᠪᠢ ᠠᠬᠠᠽ ᠤᠨ ᠱᠠᠲᠤᠨ ᠳᠡᠭᠡᠷ᠎ᠡ ᠲᠤᠰᠬᠤ ᠰᠡᠭᠦᠳᠡᠷ 16  ᠢ ᠠᠷᠪᠠᠨ ᠠᠯᠬᠤᠮ ᠤᠬᠤᠷᠢᠭᠤᠯᠤᠨ᠎ᠠ〉 ᠭᠡᠵᠦ ᠬᠡᠯᠡ》 ᠭᠡᠯ᠎ᠡ᠃ ᠢᠩᠭᠢᠭᠡᠳ ᠱᠠᠲᠤᠨ ᠳᠡᠭᠡᠷ᠎ᠡ ᠲᠤᠰᠤᠭᠰᠠᠨ ᠰᠡᠭᠦᠳᠡᠷ ᠠᠷᠪᠠᠨ ᠠᠯᠬᠤᠮ ᠢᠶᠠᠷ ᠤᠬᠤᠷᠢᠪᠠ᠃

9 ᠶᠦᠳᠠ ᠶᠢᠨ ᠬᠠᠭᠠᠨ ᠾᠧᠽᠧᠺᠢᠶ᠎ᠠ ᠡᠪᠡᠳᠴᠢᠨ ᠨᠢ ᠢᠯᠠᠷᠢᠰᠢᠭᠰᠠᠨ ᠤ ᠳᠠᠷᠠᠭ᠎ᠠ ᠡᠢᠨ ᠬᠦ ᠪᠢᠴᠢᠪᠡ᠄
10 《ᠪᠢ ᠠᠮᠢᠳᠤᠷᠠᠯ ᠤᠨ ᠢᠶᠠᠨ ᠢᠳᠡ ᠦᠶ᠎ᠡ ᠳᠡᠭᠡᠨ ᠦᠬᠦᠭᠰᠡᠳ ᠦᠨ ᠣᠷᠣᠨ ᠤ ᠬᠠᠭᠠᠯᠭ᠎ᠠ ᠪᠠᠷ ᠣᠷᠣᠵᠤ ᠦᠯᠡᠳᠡᠭᠰᠡᠨ ᠣᠨ ᠵᠢᠯ ᠤᠳ ᠢᠶᠠᠨ ᠪᠤᠯᠢᠶᠠᠭᠳᠠᠬᠤ ᠪᠣᠯᠣᠯ᠎ᠠ》 ᠭᠡᠵᠦ ᠪᠣᠳᠣᠪᠠ᠂
11 《ᠶᠣᠬᠣᠸᠠ ᠶᠢ ᠳᠠᠬᠢᠨ ᠬᠠᠷᠠᠬᠤ ᠦᠭᠡᠢ᠂ ᠶᠣᠬᠣᠸᠠ ᠶᠢ ᠠᠮᠢᠳᠤ ᠶᠢᠨ ᠭᠠᠵᠠᠷ ᠲᠤ ᠬᠠᠷᠠᠬᠤ ᠦᠭᠡᠢ ᠶᠢᠷᠲᠢᠨᠴᠦ ᠳᠦ ᠰᠠᠭᠤᠵᠤ ᠪᠤᠢ ᠬᠥᠮᠦᠨ ᠢ ᠪᠢ ᠦᠵᠡᠬᠦ ᠦᠭᠡᠢ ᠪᠣᠯᠣᠯ᠎ᠠ》 ᠭᠡᠵᠦ ᠪᠣᠳᠣᠪᠠ᠃
12 《ᠮᠢᠨᠦ ᠣᠷᠣᠮᠵᠢ ᠬᠣᠨᠢᠴᠢᠨ ᠤ ᠮᠠᠢᠬᠠᠨ ᠮᠡᠲᠦ ᠨᠤᠷᠠᠭᠠᠭᠳᠠᠨ ᠠᠪᠠᠴᠢᠭᠳᠠᠬᠤ ᠪᠣᠯᠪᠠ ᠪᠢ ᠠᠮᠢᠳᠤᠷᠠᠯ ᠢᠶᠠᠨ ᠨᠡᠬᠡᠮᠡᠯᠴᠢᠨ ᠰᠢᠭ ᠬᠤᠢᠯᠠᠵᠤ ᠲᠡᠷᠡ ᠨᠠᠮᠠᠶᠢ ᠨᠡᠬᠡᠮᠡᠯ ᠦᠨ ᠰᠠᠤᠷᠢ ᠡᠴᠡ ᠬᠠᠢᠴᠢᠯᠠᠬᠤ ᠪᠣᠯᠪᠠ ᠡᠳᠦᠷ ᠰᠥᠨᠢ ᠶᠢᠨ ᠠᠯᠢ ᠨᠢᠭᠡᠨ ᠳᠦ ᠲᠠ ᠨᠠᠮᠠᠶᠢ ᠡᠴᠦᠰᠯᠡᠭᠦᠯᠬᠦ ᠭᠡᠪᠡ᠃
13 ᠪᠢ ᠥᠷᠯᠥᠭᠡ ᠪᠣᠯᠲᠠᠯ᠎ᠠ ᠲᠡᠰᠪᠦᠷᠢᠯᠡᠬᠦ ᠳᠦ ᠲᠡᠷᠡ ᠠᠷᠰᠯᠠᠨ ᠮᠡᠲᠦ ᠪᠦᠬᠦ ᠶᠠᠰᠤ ᠶᠢ ᠮᠢᠨᠢ ᠬᠡᠮᠬᠡᠴᠢᠪᠡ ᠡᠳᠦᠷ ᠰᠥᠨᠢ ᠶᠢᠨ ᠠᠯᠢ ᠨᠢᠭᠡᠨ ᠳᠦ ᠲᠠ ᠨᠠᠮᠠᠶᠢ ᠡᠴᠦᠰᠯᠡᠭᠦᠯᠬᠦ ᠭᠡᠪᠡ᠃
14 ᠪᠢ ᠬᠠᠷᠢᠶᠠᠴᠠᠢ ᠮᠡᠲᠦ᠂ ᠲᠣᠭᠣᠷᠤᠤ ᠮᠡᠲᠦ ᠱᠤᠯᠤᠭᠠᠨᠠᠨ ᠲᠠᠭᠲᠠᠭ᠎ᠠ ᠮᠡᠲᠦ ᠭᠦᠭᠦᠭᠯᠡᠵᠦ ᠪᠠᠢᠨ᠎ᠠ ᠨᠢᠳᠦ ᠮᠢᠨᠢ ᠳᠡᠭᠡᠭᠰᠢ ᠪᠠᠨ ᠬᠠᠷᠠᠭᠰᠠᠭᠠᠷ ᠴᠢᠯᠡᠵᠦ ᠪᠠᠢᠨ᠎ᠠ ᠶᠣᠬᠣᠸᠠ ᠡ᠂ ᠪᠢ ᠳᠠᠷᠤᠮᠲᠠᠯᠠᠭᠳᠠᠵᠤ ᠪᠠᠢᠨ᠎ᠠ ᠮᠢᠨᠦ ᠲᠦᠰᠢᠭ ᠲᠤᠯᠭᠠᠭᠤᠷᠢ ᠪᠣᠯᠣᠭᠠᠴᠢ᠃
15 ᠪᠢ ᠶᠠᠭᠤ ᠬᠡᠯᠡᠬᠦ ᠪᠢᠯᠡ︖ ᠲᠡᠷᠡ ᠠᠢᠯᠠᠳᠤᠭᠰᠠᠨ᠂ ᠥᠪᠡᠷ ᠢᠶᠡᠨ ᠪᠡᠶᠡᠯᠡᠭᠦᠯᠦᠭᠰᠡᠨ ᠪᠢ ᠠᠮᠰᠠᠭᠰᠠᠨ ᠵᠣᠪᠠᠯᠠᠩ ᠢᠶᠠᠨ ᠰᠠᠨᠠᠨ ᠪᠦᠬᠦ ᠵᠢᠯ ᠤᠳ ᠲᠡᠭᠡᠨ ᠳᠠᠷᠤᠤ ᠠᠮᠢᠳᠤᠷᠠᠨ᠎ᠠ
16 ᠡᠵᠡᠨ ᠡ᠂ ᠬᠥᠮᠦᠨ ᠡᠳᠡᠭᠡᠷ ᠢᠶᠡᠷ ᠠᠮᠢᠳᠤᠷᠠᠨ᠎ᠠ ᠡᠨᠡ ᠪᠦᠬᠦᠨ ᠳᠦ ᠠᠮᠢ᠂ ᠰᠦᠨᠡᠰᠦ ᠮᠢᠨᠢ ᠪᠠᠢᠨ᠎ᠠ ᠲᠠ ᠨᠠᠮᠠᠶᠢ ᠡᠳᠡᠭᠡᠭᠡᠵᠦ᠂ ᠠᠮᠢᠳᠤᠷᠠᠭᠤᠯᠤᠭᠰᠠᠨ᠃
17 ᠬᠠᠷᠠᠭᠠᠴᠢ᠂ ᠵᠢᠷᠭᠠᠯ ᠤᠨ ᠲᠥᠯᠥᠭᠡ ᠨᠠᠳᠠ ᠳᠤ ᠭᠠᠰᠢᠭᠤᠨ ᠵᠣᠪᠠᠯᠠᠩ ᠪᠠᠢᠵᠠᠢ ᠲᠠ ᠠᠮᠢ ᠶᠢ ᠮᠢᠨᠢ ᠬᠠᠢᠷᠠᠯᠠᠵᠤ ᠮᠥᠬᠥᠯ ᠦᠨ ᠨᠦᠬᠡᠨ ᠡᠴᠡ ᠬᠠᠮᠠᠭᠠᠯᠠᠭᠰᠠᠨ ᠲᠠ ᠪᠦᠬᠦ ᠨᠢᠭᠦᠯ ᠢ ᠮᠢᠨᠢ ᠠᠷᠤ ᠳᠠᠭᠠᠨ ᠬᠠᠶᠠᠭᠰᠠᠨ᠃
18 ᠦᠬᠦᠭᠰᠡᠳ ᠦᠨ ᠣᠷᠣᠨ ᠲᠠᠨ ᠳᠤ ᠲᠠᠯᠠᠷᠬᠠᠵᠤ ᠴᠢᠳᠠᠬᠤ ᠦᠭᠡᠢ ᠦᠬᠦᠯ ᠲᠠᠨ ᠢ ᠮᠠᠭᠲᠠᠵᠤ ᠴᠢᠳᠠᠬᠤ ᠦᠭᠡᠢ ᠨᠦᠬᠡᠨ ᠳᠦ ᠣᠷᠣᠭᠰᠠᠳ ᠲᠠᠨ ᠤ ᠢᠲᠡᠭᠡᠮᠵᠢᠲᠦ ᠪᠠᠢᠳᠠᠯ ᠳᠤ ᠨᠠᠢᠳᠠᠵᠤ ᠴᠢᠳᠠᠬᠤ ᠦᠭᠡᠢ᠃
19 ᠠᠮᠢᠳᠤ ᠨᠢ᠂ ᠠᠮᠢᠳᠤ ᠨᠢ ᠯᠠ ᠥᠨᠥᠳᠥᠷ ᠮᠢᠨᠦ ᠠᠳᠠᠯᠢ ᠲᠠᠨ ᠢ ᠮᠠᠭᠲᠠᠨ᠎ᠠ ᠡᠴᠢᠭᠡ ᠨᠢ ᠬᠥᠪᠡᠭᠦᠳ ᠲᠡᠭᠡᠨ ᠲᠠᠨ ᠤ ᠢᠲᠡᠭᠡᠮᠵᠢᠲᠦ ᠪᠠᠢᠳᠠᠯ ᠢ ᠮᠡᠳᠡᠭᠦᠯᠦᠨ᠎ᠡ᠃
20 ᠶᠣᠬᠣᠸᠠ ᠨᠠᠮᠠᠶᠢ ᠠᠪᠤᠷᠠᠨ᠎ᠠ ᠪᠢᠳᠡ ᠪᠦᠬᠦ ᠠᠮᠢᠳᠤᠷᠠᠯ ᠤᠨ ᠢᠶᠠᠨ ᠡᠳᠦᠷ ᠤᠳ ᠲᠤ ᠶᠣᠬᠣᠸᠠ ᠶᠢᠨ ᠥᠷᠭᠥᠭᠡᠨ ᠳᠦ ᠬᠤᠭᠤᠷ ᠲᠣᠭᠯᠠᠨ ᠳᠠᠭᠤᠤ ᠳᠠᠭᠤᠯᠠᠨ᠎ᠠ᠃》

21 ᠤᠤᠯ ᠨᠢ ᠢᠰᠠᠢᠶ᠎ᠠ᠄ 《ᠢᠨᠵᠢᠷ ᠤᠨ ᠬᠠᠲᠠᠭᠠᠮᠠᠯ ᠢ ᠠᠪᠴᠢᠷᠠᠵᠤ᠂ ᠬᠠᠲᠠᠭᠢ ᠳᠡᠭᠡᠷ᠎ᠡ ᠨᠠᠭᠠᠪᠠᠯ ᠡᠳᠡᠭᠡᠨ᠎ᠡ》 ᠭᠡᠵᠦ᠂ 22 ᠾᠧᠽᠧᠺᠢᠶ᠎ᠠ᠄ 《ᠶᠣᠬᠣᠸᠠ ᠶᠢᠨ ᠥᠷᠭᠥᠭᠡ ᠥᠭᠡᠳᠡ ᠣᠴᠢᠬᠤ ᠶᠢᠨ ᠮᠢᠨᠢ ᠲᠡᠮᠳᠡᠭ ᠶᠠᠭᠤ ᠪᠤᠢ︖》 ᠭᠡᠵᠦ ᠠᠰᠠᠭᠤᠭᠰᠠᠨ ᠪᠠᠢᠵᠠᠢ᠃