ᠢᠰᠠᠢᠶ᠎ᠠ ᠭᠤᠴᠢᠨ ᠳᠥᠷᠪᠡ
ᠦᠨᠳᠦᠰᠦᠲᠡᠨ ᠨᠦᠭᠦᠳ ᠲᠦ ᠪᠠᠭᠤᠬᠤ ᠰᠢᠳᠬᠡᠯ
1 ᠦᠨᠳᠦᠰᠦᠲᠡᠨ ᠨᠦᠭᠦᠳ ᠡ᠂ ᠣᠢᠷᠠᠲᠤᠵᠤ ᠢᠷᠡᠭᠡᠳ ᠰᠣᠨᠣᠰ ᠶᠠᠰᠤᠲᠠᠨ ᠨᠤᠭᠤᠳ ᠡ᠂ ᠠᠩ᠋ᠬᠠᠷᠤᠭᠲᠤᠨ᠂ ᠭᠠᠵᠠᠷ ᠪᠠ ᠲᠡᠭᠦᠨ ᠢ ᠳᠦᠭᠦᠷᠭᠡᠭᠴᠢ ᠪᠦᠬᠦᠨ ᠶᠢᠷᠲᠢᠨᠴᠦ ᠪᠠ ᠲᠡᠭᠦᠨ ᠡᠴᠡ ᠭᠠᠷᠳᠠᠭ ᠪᠦᠬᠦᠨ ᠰᠣᠨᠣᠰ᠃
2 ᠶᠣᠬᠣᠸᠠ ᠪᠦᠬᠦ ᠦᠨᠳᠦᠰᠦᠲᠡᠨ ᠳᠦ ᠠᠭᠤᠷᠯᠠᠵᠠᠢ ᠪᠦᠬᠦ ᠴᠡᠷᠢᠭ ᠲᠤᠨᠢ ᠬᠢᠯᠢᠩᠨᠡᠵᠡᠢ ᠶᠣᠬᠣᠸᠠ ᠪᠦᠷᠢᠮᠦᠰᠦᠨ ᠤᠰᠠᠳᠬᠠᠬᠤ ᠪᠠᠷ ᠲᠡᠳᠡᠨ ᠢ ᠠᠯᠠᠯᠭᠠᠨ ᠳᠤ ᠲᠤᠰᠢᠶᠠᠨ᠎ᠠ᠃
3 ᠠᠯᠠᠭᠳᠠᠭᠰᠠᠳ ᠨᠢ ᠬᠠᠶᠠᠭᠳᠠᠵᠤ ᠬᠡᠭᠦᠷ ᠨᠢ ᠥᠮᠡᠬᠡᠢᠷᠡᠵᠦ ᠠᠭᠤᠯᠠᠰ ᠴᠢᠰᠤᠨ ᠳᠤᠨᠢ ᠠᠭᠤᠰᠤᠨ᠎ᠠ᠃
4 ᠲᠩᠷᠢ ᠶᠢᠨ ᠡᠷᠬᠡᠰ ᠪᠦᠭᠦᠳᠡ ᠢᠯᠵᠠᠷᠠᠨ ᠲᠩᠷᠢ ᠬᠤᠢᠯᠠᠮᠠᠯ ᠮᠡᠲᠦ ᠬᠤᠢᠯᠠᠭᠳᠠᠨᠠ ᠦᠵᠦᠮ ᠦᠨ ᠮᠣᠳᠣᠨ ᠤ ᠨᠠᠪᠴᠢ᠂ ᠢᠨᠵᠢᠷ ᠤᠨ ᠮᠣᠳᠣᠨ ᠤ ᠢᠨᠵᠢᠷ ᠤᠨᠠᠬᠤ ᠮᠡᠲᠦ ᠣᠳᠣᠳ ᠪᠦᠭᠦᠳᠡᠭᠡᠷ ᠢᠶᠡᠨ ᠤᠨᠠᠨ᠎ᠠ᠃
5 ᠢᠯᠳᠦ ᠮᠢᠨᠢ ᠲᠩᠷᠢ ᠳᠡᠭᠡᠷ᠎ᠡ ᠬᠠᠨᠲᠠᠯ᠎ᠠ ᠤᠤᠭᠤᠭᠠᠳ ᠡᠳᠣᠮ ᠤᠨ ᠳᠡᠭᠡᠷ᠎ᠡ᠂ ᠮᠢᠨᠦ ᠤᠰᠠᠳᠬᠠᠬᠤ ᠦᠨᠳᠦᠰᠦᠲᠡᠨ ᠳᠡᠭᠡᠷ᠎ᠡ ᠰᠢᠭᠦᠬᠦ ᠪᠡᠷ ᠪᠠᠭᠤᠨ᠎ᠠ᠃
6 ᠶᠣᠬᠣᠸᠠ ᠶᠢᠨ ᠢᠯᠳᠦ ᠴᠢᠰᠤᠨ ᠳᠤ ᠬᠠᠨᠤᠭᠰᠠᠨ ᠪᠠᠢᠨ᠎ᠠ ᠬᠤᠷᠠᠭ᠎ᠠ ᠢᠮᠠᠭᠠᠨ ᠤ ᠴᠢᠰᠤᠨ ᠳᠤ ᠬᠤᠴᠠ ᠶᠢᠨ ᠪᠥᠭᠡᠷᠡᠨ ᠦ ᠥᠭᠡᠬᠦᠨ ᠳᠦ ᠴᠠᠳᠤᠭᠰᠠᠨ ᠪᠠᠢᠨ᠎ᠠ᠂ ᠪᠣᠽᠷᠠ ᠳᠤ ᠶᠣᠬᠣᠸᠠ ᠶᠢᠨ ᠲᠥᠯᠥᠭᠡᠬᠢ ᠲᠠᠬᠢᠯ ᠪᠠᠢᠨ᠎ᠠ ᠡᠳᠣᠮ ᠤᠨ ᠨᠤᠲᠤᠭ ᠲᠤ ᠶᠡᠬᠡ ᠬᠢᠳᠤᠯᠭ᠎ᠠ ᠪᠠᠢᠨ᠎ᠠ᠃
7 ᠲᠡᠳᠡᠨ ᠲᠡᠢ ᠬᠠᠮᠲᠤ ᠵᠡᠷᠯᠢᠭ ᠱᠠᠷ ᠪᠠ ᠵᠠᠯᠠᠭᠤ ᠪᠤᠬ᠎ᠠ᠂ ᠬᠦᠴᠦᠲᠦ ᠪᠤᠬ᠎ᠠ ᠤᠨᠠᠨ᠎ᠠ ᠨᠤᠲᠤᠭ ᠨᠢ ᠴᠢᠰᠤᠨ ᠳᠤ ᠰᠣᠭᠲᠣᠵᠤ ᠰᠢᠷᠣᠢ ᠨᠢ ᠥᠭᠡᠬᠦᠨ ᠳᠦ ᠪᠢᠯᠠᠭᠤᠷᠠᠨᠠ᠃
8 ᠶᠣᠬᠣᠸᠠ ᠶᠢᠨ ᠥᠰᠢᠶ᠎ᠡ ᠠᠪᠤᠯᠲᠠ ᠶᠢᠨ ᠡᠳᠦᠷ ᠡᠨᠡ ᠽᠢᠶᠣᠨ ᠤ ᠡᠮᠦᠨ᠎ᠡ ᠡᠴᠡ ᠬᠠᠷᠢᠭᠤ ᠠᠪᠬᠤ ᠵᠢᠯ ᠡᠨᠡ᠃
9 ᠡᠳᠣᠮ ᠤᠨ ᠤᠷᠤᠰᠬᠠᠯ ᠤᠳ ᠨᠢ ᠳᠠᠪᠠᠷᠬᠠᠢ ᠬᠥᠷᠥᠰᠥ ᠨᠢ ᠬᠦᠬᠦᠷ ᠭᠠᠵᠠᠷ ᠨᠢ ᠭᠠᠯᠲᠤ ᠳᠠᠪᠠᠷᠬᠠᠢ ᠪᠣᠯᠣᠨ ᠬᠤᠪᠢᠷᠠᠵᠤ
10 ᠡᠳᠦᠷᠵᠢᠨ ᠰᠥᠨᠢᠵᠢᠨ ᠦᠯᠦ ᠤᠨᠲᠠᠷᠠᠨ ᠤᠲᠤᠭ᠎ᠠ ᠨᠢ ᠮᠥᠩᠬᠡᠳᠡ ᠰᠤᠭᠤᠨᠠᠭᠯᠠᠨ᠎ᠠ ᠦᠶ᠎ᠡ ᠶᠢᠨ ᠦᠶ᠎ᠡ ᠳᠦ ᠡᠵᠡᠭᠦᠢᠷᠡᠨ ᠡᠭᠦᠷᠢᠳᠡ ᠮᠥᠩᠬᠡᠳᠡ ᠲᠡᠷᠡᠭᠦᠷ ᠥᠩᠭᠡᠷᠡᠬᠦ ᠬᠥᠮᠦᠨ ᠦᠭᠡᠢ ᠪᠣᠯᠣᠨ᠎ᠠ᠃
11 ᠲᠡᠷᠡ ᠭᠠᠵᠠᠷ ᠢ ᠴᠥᠯ ᠦᠨ ᠣᠭᠣᠯᠢ ᠪᠣᠯᠣᠨ ᠰᠢᠷ᠎ᠠ ᠰᠢᠪᠠᠭᠤ ᠡᠵᠡᠮᠰᠢᠵᠦ ᠲᠡᠨᠳᠡ ᠲᠣᠮᠣ ᠣᠭᠣᠯᠢ ᠪᠠ ᠬᠡᠷᠢᠶ᠎ᠡ ᠡᠭᠦᠷᠯᠡᠨ᠎ᠡ ᠶᠣᠬᠣᠸᠠ ᠡᠳᠣᠮ ᠤᠨ ᠳᠡᠭᠡᠭᠦᠷ ᠬᠣᠭᠣᠰᠣᠷᠠᠯ ᠤᠨ ᠬᠡᠮᠵᠢᠭᠦᠷ᠂ ᠡᠵᠡᠭᠦᠢᠷᠡᠯ ᠦᠨ ᠲᠡᠭᠰᠢᠯᠡᠭᠦᠷ ᠢ ᠲᠠᠲᠠᠨ᠎ᠠ᠂
12 ᠬᠠᠭᠠᠨᠴᠢᠯᠠᠯ ᠤᠨ ᠨᠣᠶᠠᠳ ᠢ ᠨᠢ ᠳᠠᠭᠤᠳᠠᠬᠤ ᠳᠤ ᠴᠤ ᠬᠡᠨ ᠴᠤ ᠦᠭᠡᠢ᠂ ᠬᠠᠮᠤᠭ ᠤᠳᠤᠷᠢᠳᠤᠭᠴᠢ ᠨᠢ ᠠᠯᠠᠭ᠎ᠠ ᠪᠣᠯᠣᠨ᠎ᠠ᠃
13 ᠣᠷᠳᠣᠨ ᠬᠠᠷᠰᠢ ᠳᠤᠨᠢ ᠥᠷᠭᠡᠰᠦᠲᠦ ᠬᠠᠯᠠᠭᠠᠢ ᠪᠡᠬᠢᠯᠡᠯᠲᠡ ᠨᠦᠭᠦᠳ ᠲᠤᠨᠢ ᠦᠭᠦᠷᠭᠡᠨ᠎ᠡ ᠶᠢᠨ ᠪᠤᠲᠠ ᠤᠷᠭᠤᠵᠤ ᠴᠢᠨᠣ᠎ᠠ ᠶᠢᠨ ᠡᠭᠦᠷ᠂ ᠬᠢᠷᠭᠤᠤᠯ ᠤᠨ ᠣᠷᠣᠮᠵᠢ ᠪᠣᠯᠣᠨ᠎ᠠ᠃
14 ᠲᠡᠨᠳᠡ ᠴᠥᠯ ᠦᠨ ᠠᠷᠢᠶᠠᠲᠠᠳ ᠰᠢᠷᠠᠨᠤᠳ ᠲᠠᠢ ᠲᠠᠭᠠᠷᠠᠯᠳᠤᠵᠤ ᠶᠠᠩᠭᠢᠷ ᠢᠵᠢᠯᠢ ᠪᠠᠨ ᠡᠷᠢᠨ ᠮᠠᠢᠯᠠᠯᠳᠤᠵᠤ ᠰᠥᠨᠢ ᠶᠢᠨ ᠠᠮᠢᠲᠠᠳ ᠲᠡᠨᠳᠡ ᠰᠠᠭᠤᠷᠢᠰᠢᠵᠤ ᠠᠮᠠᠷᠠᠬᠤ ᠭᠠᠵᠠᠷ ᠢᠶᠠᠨ ᠣᠯᠣᠨ᠎ᠠ᠃
15 ᠲᠡᠨᠳᠡ ᠰᠢᠷ᠎ᠠ ᠰᠢᠪᠠᠭᠤ ᠡᠭᠦᠷᠯᠡᠵᠦ᠂ ᠰᠠᠭᠤᠨ᠂ ᠥᠨᠳᠡᠭᠡ ᠪᠡᠨ ᠳᠠᠷᠤᠵᠤ᠂ ᠵᠤᠯᠵᠠᠭ᠎ᠠ ᠪᠠᠨ ᠰᠡᠭᠦᠳᠡᠷ ᠳᠣᠣᠷ᠎ᠠ ᠪᠠᠨ ᠴᠤᠭᠯᠠᠭᠤᠯᠤᠨ᠎ᠠ ᠲᠡᠨᠳᠡ ᠲᠠᠰ ᠴᠤ ᠬᠠᠨᠢᠲᠠᠳ ᠲᠠᠢ ᠪᠠᠨ ᠬᠠᠮᠲᠤ ᠴᠤᠭᠯᠠᠷᠠᠨ᠎ᠠ᠃
16 ᠲᠠ ᠨᠠᠷ ᠶᠣᠬᠣᠸᠠ ᠶᠢᠨ ᠨᠣᠮ ᠢ ᠰᠤᠳᠤᠯᠤᠨ ᠤᠩ᠋ᠰᠢ ᠲᠡᠳᠡᠭᠡᠷ ᠦᠨ ᠭᠠᠭᠴᠠ ᠨᠢ ᠴᠤ ᠣᠷᠬᠢᠭᠳᠠᠬᠤ ᠦᠭᠡᠢ ᠨᠢᠭᠡ ᠨᠢ ᠴᠤ ᠢᠵᠢᠯᠢ ᠪᠠᠨ ᠠᠯᠳᠠᠬᠤ ᠦᠭᠡᠢ ᠤᠴᠢᠷ ᠨᠢ ᠲᠡᠭᠦᠨ ᠦ ᠠᠮᠠ ᠠᠢᠯᠠᠳᠴᠤ ᠲᠡᠭᠦᠨ ᠦ ᠰᠦᠨᠡᠰᠦ ᠲᠡᠳᠡᠨ ᠢ ᠴᠤᠭᠯᠠᠭᠤᠯᠤᠭᠰᠠᠨ ᠶᠤᠮ᠃
17 ᠶᠣᠬᠣᠸᠠ ᠬᠤᠪᠢ ᠶᠢ ᠨᠢ ᠬᠤᠪᠢᠶᠠᠭᠰᠠᠨ ᠮᠤᠲᠤᠷ ᠢᠶᠠᠷ ᠢᠶᠠᠨ ᠲᠡᠳᠡᠭᠡᠷ ᠢ ᠬᠡᠮᠵᠢᠵᠦ ᠲᠦᠭᠡᠭᠡᠭᠰᠡᠨ ᠲᠡᠳᠡ ᠮᠥᠩᠬᠡᠳᠡ ᠡᠵᠡᠮᠰᠢᠵᠦ ᠦᠶ᠎ᠡ ᠶᠢᠨ ᠦᠶ᠎ᠡ ᠳᠦ ᠲᠡᠨᠳᠡ ᠰᠠᠭᠤᠨ᠎ᠠ᠃