1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠵᠢᠷᠭᠤᠭ᠎ᠠ
 ᠢᠰᠠᠢᠶ᠎ᠠ ᠳᠠᠭᠤᠳᠠᠭᠳᠠᠪᠠ

1 ᠦᠽᠢᠶ᠎ᠠ ᠬᠠᠭᠠᠨ ᠤ ᠥᠭᠡᠳᠡ ᠪᠣᠯᠣᠭᠰᠠᠨ ᠵᠢᠯ᠂ ᠪᠢ ᠥᠨᠳᠥᠷ ᠲᠦ ᠡᠷᠭᠦᠮᠵᠢᠯᠡᠭᠳᠡᠭᠰᠡᠨ ᠰᠡᠨᠲᠢ ᠳᠤ ᠵᠠᠯᠠᠷᠠᠭᠰᠠᠨ ᠡᠵᠡᠨ ᠢ ᠬᠠᠷᠠᠪᠠ᠃ ᠲᠡᠭᠦᠨ ᠦ ᠬᠣᠷᠮᠣᠢ ᠥᠷᠭᠥᠭᠡ ᠶᠢ ᠳᠦᠭᠦᠷᠭᠡᠭᠰᠡᠨ ᠪᠠᠢᠯ᠎ᠠ᠃ 2 ᠲᠡᠭᠦᠨ ᠦ ᠳᠡᠭᠡᠭᠦᠷ ᠰᠧᠷᠠᠹ 4  ᠤᠳ ᠪᠠᠢᠪᠠ᠂ ᠲᠤᠰ ᠪᠦᠷᠢ ᠵᠢᠷᠭᠤᠭᠠᠨ ᠵᠢᠭᠦᠷ ᠲᠡᠢ᠂ ᠬᠣᠶᠠᠷ ᠢᠶᠠᠷ ᠨᠢ ᠨᠢᠭᠤᠷ ᠢᠶᠠᠨ ᠪᠦᠲᠡᠭᠡᠵᠦ᠂ ᠬᠣᠶᠠᠷ ᠢᠶᠠᠷ ᠨᠢ ᠬᠥᠯ ᠢᠶᠡᠨ ᠪᠦᠲᠡᠭᠡᠨ᠂ ᠬᠣᠶᠠᠷ ᠢᠶᠠᠷ ᠨᠢ ᠨᠢᠰᠴᠦ ᠪᠠᠢᠭ᠎ᠠ ᠪᠥᠭᠡᠳ 3 ᠪᠡᠶ᠎ᠡ ᠪᠡᠶ᠎ᠡ ᠳᠡᠭᠡᠨ ᠥᠨᠳᠥᠷ ᠳᠠᠭᠤᠨ ᠢᠶᠠᠷ᠄ 《ᠠᠷᠢᠭᠤᠨ᠂ ᠠᠷᠢᠭᠤᠨ᠂ ᠠᠷᠢᠭᠤᠨ ᠠᠤᠭ᠎ᠠ ᠬᠦᠴᠦᠲᠦ ᠶᠣᠬᠣᠸᠠ︕ ᠪᠦᠬᠦᠢᠯᠡ ᠭᠠᠵᠠᠷ ᠲᠡᠭᠦᠨ ᠦ ᠠᠯᠳᠠᠷ ᠢᠶᠠᠷ ᠳᠦᠭᠦᠷᠡᠩ ᠪᠠᠢᠨ᠎ᠠ》
ᠭᠡᠵᠦ ᠪᠠᠢᠪᠠ᠃ 4 ᠲᠡᠳᠡᠨ ᠦ ᠳᠠᠭᠤᠨ ᠳᠤ ᠪᠣᠱᠣᠭᠠᠨ ᠤ ᠰᠠᠭᠤᠷᠢ ᠴᠡᠴᠡᠷᠡᠪᠡ᠂ ᠥᠷᠭᠥᠭᠡ ᠳᠦᠭᠦᠷᠡᠩ ᠤᠲᠤᠭ᠎ᠠ ᠪᠣᠯᠣᠭᠰᠠᠨ ᠪᠠᠢᠯ᠎ᠠ᠃ 5 ᠪᠢ᠄ 《ᠭᠠᠰᠠᠯᠠᠩᠲᠠᠶ᠎ᠠ᠂ ᠪᠢ ᠰᠦᠢᠷᠡᠬᠦ ᠪᠣᠯᠣᠯ᠎ᠠ︕ ᠪᠢ ᠥᠪᠡᠷ ᠢᠶᠡᠨ ᠪᠤᠵᠠᠷ ᠠᠮᠠ ᠲᠠᠢ ᠬᠥᠮᠦᠨ᠂ ᠪᠤᠵᠠᠷ ᠠᠮᠠ ᠲᠠᠢ ᠬᠥᠮᠦᠰ ᠦᠨ ᠳᠤᠮᠳᠠ ᠠᠮᠢᠳᠤᠷᠠᠳᠠᠭ ᠠᠲᠠᠯ᠎ᠠ ᠪᠠᠨ ᠠᠤᠭ᠎ᠠ ᠬᠦᠴᠦᠲᠦ ᠶᠣᠬᠣᠸᠠ ᠬᠠᠭᠠᠨ ᠢ ᠨᠢᠳᠦ ᠪᠡᠷ ᠢᠶᠠᠨ ᠬᠠᠷᠠᠯ᠎ᠠ》 ᠭᠡᠬᠦ ᠳᠦ᠂ 6 ᠰᠧᠷᠠᠹ ᠤᠳ ᠤᠨ ᠳᠤᠮᠳᠠ ᠠᠴᠠ ᠨᠢᠭᠡ ᠨᠢ ᠲᠠᠬᠢᠯ ᠤᠨ ᠰᠢᠷᠡᠭᠡᠨ ᠡᠴᠡ ᠴᠢᠮᠬᠢᠭᠦᠷ ᠢᠶᠡᠷ ᠠᠪᠴᠢᠷᠠᠭᠰᠠᠨ ᠰᠢᠲᠠᠵᠤ ᠪᠠᠢᠭ᠎ᠠ ᠨᠡᠭᠦᠷᠡᠰᠦ ᠶᠢ ᠭᠠᠷ ᠲᠠᠭᠠᠨ ᠪᠠᠷᠢᠨ ᠨᠠᠳᠠ ᠤᠷᠤᠭᠤ ᠨᠢᠰᠴᠦ ᠢᠷᠡᠭᠡᠳ 7 ᠠᠮᠠᠨ ᠳᠤ ᠮᠢᠨᠢ ᠬᠦᠷᠭᠡᠵᠦ᠄ 《ᠬᠠᠷᠠ᠂ ᠡᠨᠡ ᠴᠢᠨᠦ ᠣᠷᠣᠭᠤᠯ ᠳᠤ ᠬᠦᠷᠦᠭᠰᠡᠨ ᠢᠶᠡᠷ ᠭᠡᠮ ᠴᠢᠨᠢ ᠠᠷᠢᠯᠵᠤ᠂ ᠨᠢᠭᠦᠯ ᠴᠢᠨᠢ ᠬᠡᠯᠲᠦᠷᠢᠯ᠎ᠡ》 ᠭᠡᠪᠡ᠃ 8 ᠲᠡᠭᠡᠬᠦ ᠳᠦ ᠪᠢ ᠡᠵᠡᠨ ᠦ ᠳᠠᠭᠤ ᠶᠢ ᠰᠣᠨᠣᠰᠣᠯ᠎ᠠ᠃ ᠲᠡᠷᠡ᠄ 《ᠪᠢ ᠬᠡᠨ ᠢ ᠶᠠᠪᠤᠭᠤᠯᠬᠤ ᠪᠤᠢ︖ ᠬᠡᠨ ᠪᠢᠳᠡᠨ ᠦ ᠡᠮᠦᠨ᠎ᠡ ᠡᠴᠡ ᠶᠠᠪᠤᠬᠤ ᠪᠤᠢ︖》 ᠭᠡᠬᠦ ᠳᠦ᠂ ᠪᠢ᠄ 《ᠬᠠᠷᠠ᠂ ᠪᠢ ᠡ᠊ᠨᠳᠡ ᠪᠠᠢᠨ᠎ᠠ᠂ ᠨᠠᠮᠠᠶᠢ ᠶᠠᠪᠤᠭᠤᠯᠤᠭᠠᠴᠢ》 ᠭᠡᠪᠡ᠃ 9 ᠲᠡᠷᠡ᠄ 《ᠶᠠᠪᠤ᠂ ᠡᠨᠡ ᠠᠷᠠᠳ ᠲᠦᠮᠡᠨ ᠳᠦ᠄ 〈ᠲᠠ ᠨᠠᠷ ᠰᠣᠨᠣᠰᠣᠨ ᠰᠣᠨᠣᠰᠪᠠᠴᠤ ᠶᠡᠷᠦ ᠣᠢᠯᠠᠭᠠᠬᠤ ᠦᠭᠡᠢ ᠬᠠᠷᠠᠨ ᠬᠠᠷᠠᠪᠠᠴᠤ ᠶᠡᠷᠦ ᠮᠡᠳᠡᠬᠦ ᠦᠭᠡᠢ〉 ᠭᠡᠵᠦ ᠶᠠᠷᠢ᠃
10 ᠲᠡᠢᠨ ᠬᠦ ᠴᠢ ᠡᠨᠡ ᠠᠷᠠᠳ ᠲᠦᠮᠡᠨ ᠦ ᠵᠢᠷᠦᠬᠡ ᠶᠢ ᠬᠠᠲᠠᠭᠤᠷᠠᠭᠤᠯᠵᠤ ᠴᠢᠬᠢ ᠶᠢ ᠨᠢ ᠪᠥᠭᠯᠡᠨ᠂ ᠨᠢᠳᠦ ᠶᠢ ᠨᠢ ᠬᠠᠯᠬᠠᠯᠠ ᠲᠡᠳᠡ ᠨᠢᠳᠦ ᠪᠡᠷ ᠢᠶᠠᠨ ᠬᠠᠷᠠᠬᠤ᠂ ᠴᠢᠬᠢ ᠪᠠᠷ ᠢᠶᠠᠨ ᠰᠣᠨᠣᠰᠬᠤ᠂ ᠵᠢᠷᠦᠬᠡ ᠪᠡᠷ ᠢᠶᠠᠨ ᠣᠢᠯᠠᠭᠠᠬᠤ᠂ ᠡᠷᠭᠢᠵᠦ ᠢᠷᠡᠬᠦ᠂ ᠡᠳᠡᠭᠡᠷᠡᠬᠦ ᠤᠴᠢᠷ ᠦᠭᠡᠢ》 ᠭᠡᠵᠡᠢ᠃
11 ᠪᠢ᠄ 《ᠡᠵᠡᠨ ᠮᠢᠨᠢ᠂ ᠬᠡᠳᠦᠢ ᠤᠳᠠᠭᠠᠨ ᠲᠡᠢᠮᠦ ᠪᠣᠯᠬᠤ ᠪᠤᠢ︖》 ᠭᠡᠬᠦ ᠳᠦ᠂ ᠲᠡᠷᠡ᠄ 《ᠬᠣᠲᠠ ᠨᠤᠭᠤᠳ ᠰᠠᠭᠤᠭᠠᠯᠢᠴᠢᠳ ᠦᠭᠡᠢ ᠬᠣᠭᠣᠰᠣᠷᠠᠵᠤ ᠭᠡᠷ ᠤᠳ ᠬᠥᠮᠦᠨ ᠦᠭᠡᠢ ᠪᠣᠯᠵᠤ ᠨᠤᠲᠤᠭ ᠨᠢ ᠡᠵᠡᠭᠦᠢᠷᠡᠨ ᠬᠣᠭᠣᠰᠣᠷᠠᠬᠤ ᠬᠦᠷᠲᠡᠯ᠎ᠡ
12 ᠶᠣᠬᠣᠸᠠ ᠬᠥᠮᠦᠰ ᠢ ᠬᠣᠯᠠᠳᠠᠭᠤᠯᠵᠤ ᠭᠠᠵᠠᠷ ᠨᠤᠲᠤᠭ ᠤᠨ ᠳᠤᠮᠳᠠ ᠠᠴᠠ ᠶᠡᠬᠡᠩᠬᠢ ᠶᠢ ᠨᠢ ᠣᠷᠬᠢᠬᠤ ᠬᠦᠷᠲᠡᠯ᠎ᠡ ᠲᠡᠢᠮᠦ ᠪᠠᠢᠬᠤ ᠪᠣᠯᠣᠨ᠎ᠠ᠂
13 ᠠᠷᠪᠠᠨ ᠤ ᠨᠢᠭᠡ ᠬᠤᠪᠢ ᠨᠢ ᠲᠡᠨᠳᠡ ᠦᠯᠡᠳᠡᠭᠰᠡᠨ ᠴᠤ ᠠᠬᠢᠭᠠᠳ ᠰᠢᠲᠠᠭᠠᠭᠳᠠᠨ᠎ᠠ᠂ ᠭᠡᠪᠡᠴᠦ ᠤᠯᠢᠶᠠᠰᠤ ᠪᠤᠶᠤ ᠴᠠᠷᠠᠰᠤᠨ ᠮᠣᠳᠣ ᠴᠠᠪᠴᠢᠭᠳᠠᠭᠰᠠᠨ ᠴᠤ ᠶᠣᠵᠣᠭᠣᠷ ᠨᠢ ᠦᠯᠡᠳᠡᠬᠦ ᠮᠡᠲᠦ ᠠᠷᠢᠭᠤᠨ ᠦᠷ᠎ᠡ ᠶᠣᠵᠣᠭᠣᠷ ᠲᠠᠢ ᠪᠠᠢᠬᠤ ᠪᠣᠯᠣᠨ᠎ᠠ》 ᠭᠡᠪᠡ᠃