1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠳᠥᠴᠢᠨ ᠭᠤᠷᠪᠠ
 ᠵᠣᠯᠢᠭᠴᠢ ᠪᠤᠷᠬᠠᠨ ᠤ ᠡᠨᠡᠷᠢᠯ
1 ᠶᠠᠺᠣᠪ ᠡ᠂ ᠴᠢᠮᠠᠶᠢ ᠪᠦᠲᠦᠭᠡᠭᠰᠡᠨ ᠶᠣᠬᠣᠸᠠ ᠢᠰᠷᠧᠯ ᠡ᠂ ᠴᠢᠮᠠᠶᠢ ᠬᠡᠯᠪᠡᠷᠢᠵᠢᠭᠦᠯᠦᠭᠰᠡᠨ ᠶᠣᠬᠣᠸᠠ ᠣᠳᠣ ᠡᠢᠨ ᠬᠦ ᠠᠢᠯᠠᠳᠴᠤ ᠪᠠᠢᠨ᠎ᠠ᠄ ᠪᠦᠦ ᠠᠶᠤ᠂ ᠪᠢ ᠴᠢᠮᠠᠶᠢ ᠵᠣᠯᠢᠨ ᠠᠪᠤᠭᠰᠠᠨ ᠪᠢ ᠴᠢᠮᠠᠶᠢ ᠨᠡᠷ᠎ᠡ ᠪᠡᠷ ᠴᠢᠨᠢ ᠳᠠᠭᠤᠳᠠᠭᠰᠠᠨ ᠴᠢ ᠮᠢᠨᠦᠬᠢ᠃
2 ᠴᠢ ᠤᠰᠤ ᠪᠠᠷ ᠭᠠᠲᠤᠯᠬᠤ ᠳᠤ ᠪᠢ ᠴᠢᠮ᠎ᠠ ᠲᠠᠢ ᠬᠠᠮᠲᠤ ᠪᠠᠢᠨ᠎ᠠ ᠭᠣᠣᠯ ᠳᠤ ᠴᠢᠮᠠᠶᠢ ᠵᠢᠪᠪᠦᠭᠦᠯᠬᠦ ᠦᠭᠡᠢ ᠴᠢ ᠭᠠᠯ ᠳᠤᠮᠳᠠᠭᠤᠷ ᠶᠠᠪᠤᠬᠤ ᠳᠠᠭᠠᠨ ᠲᠦᠯᠡᠭᠳᠡᠬᠦ ᠦᠭᠡᠢ ᠳᠥᠯᠥ ᠴᠢᠮᠠᠶᠢ ᠰᠢᠲᠠᠭᠠᠬᠤ ᠦᠭᠡᠢ᠃
3 ᠪᠢ ᠪᠣᠯ ᠴᠢᠨᠦ ᠪᠤᠷᠬᠠᠨ ᠶᠣᠬᠣᠸᠠ ᠢᠰᠷᠧᠯ ᠤᠨ ᠠᠷᠢᠭᠤᠨ ᠨᠢᠭᠡᠨ᠂ ᠴᠢᠨᠦ ᠠᠪᠤᠷᠠᠭᠴᠢ᠂ ᠪᠢ ᠶᠧᠵᠢᠫᠲ ᠢ ᠴᠢᠨᠦ ᠵᠣᠯᠢᠶᠠᠰᠤᠨ ᠳᠤ ᠺᠦᠱ ᠪᠠ ᠱᠧᠪᠠ ᠶᠢ ᠴᠢᠨᠦ ᠣᠷᠣᠨ ᠳᠤ ᠥᠭᠪᠡ᠃
4 ᠴᠢ ᠮᠢᠨᠦ ᠨᠢᠳᠦᠨ ᠳᠦ ᠦᠨ᠎ᠡ ᠲᠠᠢ᠂ ᠬᠦᠨᠳᠦᠲᠡᠢ ᠪᠢ ᠴᠢᠮ᠎ᠠ ᠳᠤ ᠬᠠᠢᠷᠠᠲᠠᠢ ᠪᠢ ᠴᠢᠨᠦ ᠣᠷᠣᠨ ᠳᠤ ᠬᠥᠮᠦᠨ ᠢ ᠥᠭᠴᠦ ᠠᠮᠢ ᠶᠢᠨ ᠴᠢᠨᠢ ᠣᠷᠣᠨ ᠳᠤ ᠦᠨᠳᠦᠰᠦᠲᠡᠨ ᠨᠦᠭᠦᠳ ᠢ ᠥᠭᠭᠥᠨ᠎ᠡ᠃
5 ᠪᠦᠦ ᠠᠶᠤ᠂ ᠪᠢ ᠴᠢᠮ᠎ᠠ ᠲᠠᠢ ᠬᠠᠮᠲᠤ ᠪᠠᠢᠨ᠎ᠠ ᠪᠢ ᠦᠷ᠎ᠡ ᠤᠳᠤᠮ ᠢ ᠴᠢᠨᠢ ᠳᠣᠷᠣᠨ᠎ᠠ ᠵᠦᠭ ᠡᠴᠡ ᠠᠪᠴᠢᠷᠠᠨ ᠴᠢᠮᠠᠶᠢ ᠥᠷᠥᠨ᠎ᠡ ᠵᠦᠭ ᠡᠴᠡ ᠴᠤᠭᠯᠠᠭᠤᠯᠤᠨ᠎ᠠ᠃
6 ᠪᠢ ᠤᠮᠠᠷᠠᠲᠤ ᠳᠤ᠄ 〈ᠭᠠᠷᠭᠠᠵᠤ ᠥᠭ〉 ᠬᠡᠮᠡᠨ ᠡᠮᠦᠨᠡᠲᠦ ᠲᠤ ᠬᠠᠨᠳᠤᠨ᠄ 〈ᠪᠦᠦ ᠬᠣᠷᠢᠭᠯᠠ〉 ᠭᠡᠵᠦ 〈ᠬᠥᠪᠡᠭᠦᠳ ᠢ ᠮᠢᠨᠢ ᠠᠯᠤᠰ ᠬᠣᠯᠠ ᠠᠴᠠ ᠥᠬᠢᠳ ᠢ ᠮᠢᠨᠢ ᠭᠠᠵᠠᠷ ᠤᠨ ᠬᠢᠵᠠᠭᠠᠷ ᠠᠴᠠ ᠠᠪᠴᠢᠷᠠ
7 ᠮᠢᠨᠦ ᠨᠡᠷ᠎ᠡ ᠪᠡᠷ ᠳᠠᠭᠤᠳᠠᠭᠤᠯᠤᠭᠴᠢ ᠪᠦᠭᠦᠳᠡ ᠶᠢ ᠠᠪᠴᠢᠷᠠ ᠪᠢ ᠲᠡᠳᠡᠨ ᠢ ᠠᠯᠳᠠᠷ ᠤᠨ ᠢᠶᠠᠨ ᠲᠥᠯᠥᠭᠡ ᠪᠦᠲᠦᠭᠡᠭᠰᠡᠨ ᠪᠢ ᠲᠡᠳᠡᠨ ᠢ ᠬᠡᠯᠪᠡᠷᠢᠵᠢᠭᠦᠯᠵᠦ ᠵᠣᠬᠢᠶᠠᠭᠰᠠᠨ〉 ᠭᠡᠬᠦ ᠪᠣᠯᠣᠨ᠎ᠠ᠃》

8 ᠨᠢᠳᠦ ᠲᠠᠢ ᠪᠣᠯᠪᠠᠴᠤ ᠰᠣᠬᠣᠷ ᠴᠢᠬᠢ ᠲᠠᠢ ᠪᠣᠯᠪᠠᠴᠤ ᠳᠦᠯᠡᠢ ᠠᠷᠠᠳ ᠲᠦᠮᠡᠨ ᠢ ᠭᠠᠷᠭ᠎ᠠ᠃
9 ᠬᠠᠮᠤᠭ ᠦᠨᠳᠦᠰᠦᠲᠡᠨ ᠬᠠᠮᠲᠤ ᠳᠠᠭᠠᠨ ᠬᠤᠷᠠᠵᠤ ᠶᠠᠰᠤᠲᠠᠨ ᠨᠤᠭᠤᠳ ᠴᠤᠭᠯᠠᠷᠠᠭᠰᠠᠨ ᠪᠠᠢᠨ᠎ᠠ ᠲᠡᠳᠡᠨ ᠦ ᠳᠤᠮᠳᠠ ᠠᠴᠠ ᠬᠡᠨ ᠡᠳᠡᠭᠡᠷ ᠢ ᠢᠯᠡᠷᠬᠡᠶᠢᠯᠡᠵᠦ ᠤᠷᠢᠳᠤ ᠶᠢᠨ ᠵᠦᠢᠯᠡᠰ ᠢ ᠪᠢᠳᠡᠨ ᠳᠦ ᠰᠣᠨᠣᠰᠬᠠᠭᠰᠠᠨ ᠪᠤᠢ︖ ᠲᠡᠳᠡ ᠭᠡᠷᠡᠴᠢ ᠨᠦᠭᠦᠳ ᠢᠶᠡᠨ ᠠᠪᠴᠢᠷᠠᠵᠤ ᠵᠥᠪ ᠪᠠᠢᠭ᠎ᠠ ᠪᠠᠨ ᠪᠠᠲᠤᠯᠠᠭ᠂ ᠬᠥᠮᠦᠰ ᠲᠦ ᠰᠣᠨᠣᠰᠬᠠᠨ᠂ ᠲᠡᠳᠡᠨ ᠢᠶᠡᠷ 《ᠦᠨᠡᠨ》 ᠭᠡᠵᠦ ᠬᠡᠯᠡᠭᠦᠯ᠃
10 ᠶᠣᠬᠣᠸᠠ ᠠᠢᠯᠠᠳᠴᠤ ᠪᠠᠢᠨ᠎ᠠ᠂ 《ᠲᠠ ᠨᠠᠷ ᠪᠣᠯ ᠮᠢᠨᠦ ᠭᠡᠷᠡᠴᠢ᠂ ᠮᠢᠨᠦ ᠵᠠᠷᠤᠴᠠ ᠪᠢ ᠲᠠ ᠨᠠᠷ ᠢ ᠰᠣᠩ᠋ᠭᠣᠭᠰᠠᠨ ᠲᠡᠢᠨ ᠬᠦ ᠪᠢ ᠥᠪᠡᠷ ᠢ ᠪᠠᠨ ᠲᠠᠨᠢᠭᠤᠯᠤᠨ᠂ ᠥᠪᠡᠷ ᠲᠡᠭᠡᠨ ᠢᠲᠡᠭᠡᠭᠦᠯᠦᠨ 〈ᠪᠢ ᠪᠣᠯ ᠲᠡᠷᠡ᠂ ᠨᠠᠳᠠ ᠠᠴᠠ ᠡᠮᠦᠨ᠎ᠡ ᠪᠤᠢ ᠪᠣᠯᠣᠭᠰᠠᠨ ᠪᠤᠷᠬᠠᠨ ᠭᠡᠵᠦ ᠦᠭᠡᠢ᠂ ᠮᠢᠨᠦ ᠳᠠᠷᠠᠭ᠎ᠠ ᠴᠤ ᠦᠭᠡᠢ〉 ᠭᠡᠳᠡᠭ ᠢ ᠣᠢᠯᠠᠭᠠᠭᠤᠯᠬᠤ ᠭᠡᠰᠡᠨ᠂
11 ᠪᠢ᠂ ᠵᠥᠪᠬᠡᠨ ᠪᠢ ᠪᠣᠯ ᠶᠣᠬᠣᠸᠠ᠂ ᠨᠠᠳᠠ ᠠᠴᠠ ᠥᠭᠡᠷ᠎ᠡ ᠠᠪᠤᠷᠠᠭᠴᠢ ᠪᠠᠢᠬᠤ ᠦᠭᠡᠢ᠃
12 ᠲᠠ ᠨᠠᠷ ᠤᠨ ᠳᠤᠮᠳᠠᠬᠢ ᠬᠠᠷᠢ ᠶᠢᠨ ᠪᠤᠷᠬᠠᠨ ᠴᠢᠨᠢ ᠪᠢᠰᠢ᠂ ᠬᠠᠷᠢᠨ ᠪᠢ ᠢᠯᠡᠷᠬᠡᠶᠢᠯᠡᠭᠰᠡᠨ᠂ ᠪᠢ ᠠᠪᠤᠷᠠᠭᠰᠠᠨ᠂ ᠪᠢ ᠰᠣᠨᠣᠰᠬᠠᠭᠰᠠᠨ᠂ ᠡᠭᠦᠨ ᠳᠦ ᠲᠠ ᠨᠠᠷ ᠮᠢᠨᠦ ᠭᠡᠷᠡᠴᠢ ᠶᠤᠮ ᠶᠣᠬᠣᠸᠠ ᠠᠢᠯᠠᠳᠴᠤ ᠪᠠᠢᠨ᠎ᠠ ᠪᠢ ᠯᠠ ᠪᠤᠷᠬᠠᠨ᠂
13 ᠥᠨᠥᠳᠥᠷ ᠡᠴᠡ ᠬᠣᠢᠰᠢ ᠴᠤ ᠪᠢ ᠯᠠ ᠲᠡᠷᠡ᠂ ᠮᠢᠨᠦ ᠭᠠᠷ ᠠᠴᠠ ᠪᠤᠯᠢᠶᠠᠭᠴᠢ ᠠᠯᠠᠭ᠎ᠠ ᠪᠢ ᠦᠢᠯᠡᠳᠪᠡᠯ᠂ ᠬᠡᠨ ᠡᠷᠭᠢᠭᠦᠯᠵᠦ ᠴᠢᠳᠠᠬᠤ ᠪᠤᠢ︖》

14 ᠲᠠ ᠨᠠᠷ ᠤᠨ ᠵᠣᠯᠢᠭᠴᠢ᠂ ᠢᠰᠷᠧᠯ ᠤᠨ ᠠᠷᠢᠭᠤᠨ ᠨᠢᠭᠡᠨ᠂ ᠶᠣᠬᠣᠸᠠ ᠡᠢᠨ ᠬᠦ ᠠᠢᠯᠠᠳᠴᠤ ᠪᠠᠢᠨ᠎ᠠ᠄ 《ᠲᠠ ᠨᠠᠷ ᠤᠨ ᠡᠮᠦᠨ᠎ᠡ ᠡᠴᠡ ᠪᠢ ᠪᠠᠪᠢᠯᠣᠨ ᠤᠷᠤᠭᠤ ᠴᠡᠷᠢᠭ ᠢᠯᠡᠭᠡᠵᠦ ᠪᠠᠪᠢᠯᠣᠨᠴᠤᠳ ᠢ ᠪᠦᠭᠦᠳᠡ ᠶᠢ ᠨᠢ ᠳᠦᠷᠪᠡᠭᠰᠡᠳ ᠪᠣᠯᠭᠠᠨ᠎ᠠ ᠲᠡᠳᠡ ᠪᠠᠬᠠᠷᠬᠠᠯ ᠪᠣᠯᠭᠠᠳᠠᠭ ᠣᠩ᠋ᠭᠣᠴᠠ ᠪᠠᠷ ᠢᠶᠠᠨ ᠵᠢᠭᠤᠲᠠᠨ᠎ᠠ᠂
15 ᠪᠢ ᠪᠣᠯ ᠶᠣᠬᠣᠸᠠ ᠲᠠ ᠨᠠᠷ ᠤᠨ ᠠᠷᠢᠭᠤᠨ ᠨᠢᠭᠡᠨ ᠢᠰᠷᠧᠯ ᠢ ᠪᠤᠢ ᠪᠣᠯᠭᠠᠭᠴᠢ ᠲᠠ ᠨᠠᠷ ᠤᠨ ᠬᠠᠭᠠᠨ᠃》
16 ᠲᠠᠩᠭᠢᠰ ᠤᠨ ᠳᠤᠮᠳᠠᠭᠤᠷ ᠵᠠᠮ ᠨᠡᠭᠡᠭᠡᠵᠦ ᠬᠦᠴᠦᠲᠦ ᠤᠷᠤᠰᠬᠠᠯ ᠳᠤᠮᠳᠠᠭᠤᠷ ᠬᠠᠷᠭᠤᠢ ᠭᠠᠷᠭᠠᠭᠰᠠᠨ ᠶᠣᠬᠣᠸᠠ
17 ᠲᠡᠷᠭᠡ ᠪᠠ ᠮᠣᠷᠢᠳ ᠴᠡᠷᠢᠭ ᠪᠠ ᠬᠦᠴᠦᠲᠡᠳ ᠢ ᠭᠠᠷᠭᠠᠨ ᠠᠪᠴᠢᠷᠠᠵᠤ ᠲᠡᠳᠡᠨ ᠢ ᠳᠠᠬᠢᠨ ᠪᠣᠰᠬᠤ ᠦᠭᠡᠢ ᠬᠡᠪᠲᠡᠭᠴᠢᠳ᠂ ᠪᠥᠬᠥᠵᠦ ᠤᠨᠲᠠᠷᠠᠭᠰᠠᠨ ᠵᠤᠯᠠ ᠮᠡᠲᠦ ᠪᠣᠯᠭᠠᠭᠰᠠᠨ ᠶᠣᠬᠣᠸᠠ ᠡᠢᠨ ᠬᠦ ᠠᠢᠯᠠᠳᠴᠤ ᠪᠠᠢᠨ᠎ᠠ᠃
18 《ᠤᠷᠢᠳᠤ ᠶᠢᠨ ᠵᠦᠢᠯᠡᠰ ᠢ ᠪᠦᠦ ᠳᠤᠷᠠᠰ ᠡᠷᠲᠡᠨ ᠦ ᠵᠦᠢᠯᠡᠰ ᠢ ᠪᠦᠦ ᠪᠣᠳᠣ᠃
19 ᠬᠠᠷᠠ᠂ ᠪᠢ ᠰᠢᠨ᠎ᠡ ᠵᠦᠢᠯ ᠢ ᠦᠢᠯᠡᠳᠦᠨ᠎ᠡ᠂ ᠣᠳᠣ ᠲᠡᠷᠡ ᠨᠠᠬᠢᠶᠠᠯᠠᠨ᠎ᠠ ᠡᠭᠦᠨ ᠢ ᠲᠠ ᠨᠠᠷ ᠮᠡᠳᠡᠭᠡ ᠦᠭᠡᠢ ᠭᠡᠵᠢ ᠤᠤ︖ ᠪᠢ ᠵᠡᠯᠢᠭᠦᠳ ᠭᠠᠵᠠᠷ ᠲᠤ ᠵᠠᠮ ᠭᠠᠷᠭᠠᠵᠤ᠂ ᠴᠥᠯ ᠳᠤ ᠭᠣᠣᠯ ᠤᠷᠤᠰᠬᠠᠨ᠎ᠠ᠃
20 ᠰᠣᠩ᠋ᠭᠣᠭᠰᠠᠨ ᠠᠷᠠᠳ ᠲᠦᠮᠡᠨ ᠢᠶᠡᠨ ᠤᠮᠳᠠᠯᠠᠬᠤ ᠪᠠᠷ ᠵᠡᠯᠢᠭᠦᠳ ᠭᠠᠵᠠᠷ ᠲᠤ ᠤᠰᠤ ᠬᠠᠩ᠋ᠭᠠᠵᠤ ᠴᠥᠯ ᠢᠶᠡᠷ ᠭᠣᠣᠯ ᠤᠷᠤᠰᠬᠠᠬᠤ ᠳᠤ ᠮᠢᠨᠢ ᠵᠡᠷᠯᠢᠭ ᠠᠮᠢᠲᠠᠨ᠂ ᠴᠢᠨᠣ᠎ᠠ᠂ ᠬᠢᠷᠭᠤᠤᠯ ᠴᠤ ᠨᠠᠮᠠᠶᠢ ᠬᠦᠨᠳᠦᠳᠬᠡᠨ᠎ᠡ
21 ᠪᠢ ᠥᠪᠡᠷ ᠦᠨ ᠢᠶᠠᠨ ᠲᠥᠯᠥᠭᠡ ᠪᠤᠢ ᠪᠣᠯᠭᠠᠭᠰᠠᠨ ᠡᠨᠡ ᠠᠷᠠᠳ ᠲᠦᠮᠡᠨ ᠢ ᠤᠮᠳᠠᠯᠠᠨ᠎ᠠ᠃ ᠲᠡᠳᠡ ᠮᠢᠨᠦ ᠠᠯᠳᠠᠷ ᠢ ᠤᠯᠠᠮᠵᠢᠯᠠᠨ᠎ᠠ᠃
 ᠢᠲᠡᠭᠡᠯ ᠦᠭᠡᠢ ᠳᠦ ᠬᠢᠯᠢᠩᠨᠡᠪᠡ
22 ᠬᠠᠷᠢᠨ ᠶᠠᠺᠣᠪ ᠡ᠂ ᠴᠢ ᠨᠠᠮᠠᠶᠢ ᠳᠠᠭᠤᠳᠠᠭᠰᠠᠨ ᠦᠭᠡᠢ ᠢᠰᠷᠧᠯ ᠡ᠂ ᠴᠢ ᠨᠠᠳᠠ ᠠᠴᠠ ᠬᠠᠰᠢᠷᠠᠵᠠᠢ᠃
23 ᠴᠢ ᠰᠢᠲᠠᠭᠠᠯᠭᠠᠲᠤ ᠲᠠᠬᠢᠯ ᠤᠨ ᠢᠶᠠᠨ ᠪᠣᠭ ᠮᠠᠯ ᠢ ᠨᠠᠳᠠ ᠳᠤ ᠠᠪᠴᠢᠷᠠᠭ᠎ᠠ ᠦᠭᠡᠢ ᠲᠠᠬᠢᠯ ᠢᠶᠠᠷ ᠢᠶᠠᠨ ᠨᠠᠮᠠᠶᠢ ᠬᠦᠨᠳᠦᠳᠬᠡᠭᠡ ᠦᠭᠡᠢ ᠪᠢ ᠡᠷᠭᠦᠯ ᠢ ᠴᠢᠮ᠎ᠠ ᠳᠤ ᠳᠠᠷᠤᠭᠠᠰᠤ ᠪᠣᠯᠭᠠᠭ᠎ᠠ ᠦᠭᠡᠢ ᠤᠲᠤᠯᠭ᠎ᠠ ᠪᠠᠷ ᠬᠠᠰᠢᠷᠠᠭᠠᠭ᠎ᠠ ᠦᠭᠡᠢ᠃
24 ᠴᠢ ᠮᠥᠩᠭᠥ ᠪᠡᠷ ᠢᠶᠠᠨ ᠨᠠᠳᠠ ᠳᠤ ᠠᠩᠬᠢᠯᠤᠭᠤᠨ ᠦᠨᠦᠷᠲᠡᠨ ᠠᠪᠤᠭ᠎ᠠ ᠦᠭᠡᠢ ᠲᠠᠬᠢᠯ ᠤᠨ ᠥᠭᠡᠬᠦ ᠪᠡᠷ ᠨᠠᠮᠠᠶᠢ ᠬᠠᠨᠤᠭᠠᠭ᠎ᠠ ᠦᠭᠡᠢ ᠬᠠᠷᠢᠨ ᠨᠢᠭᠦᠯ ᠢᠶᠡᠷ ᠢᠶᠠᠨ ᠨᠠᠳᠠ ᠳᠤ ᠳᠠᠷᠤᠭᠠᠰᠤ ᠪᠣᠯᠵᠤ ᠭᠡᠮ ᠪᠤᠷᠤᠭᠤ ᠪᠠᠷ ᠢᠶᠠᠨ ᠨᠠᠮᠠᠶᠢ ᠬᠠᠰᠢᠷᠠᠭᠠᠪᠠ᠃

25 ᠭᠡᠪᠡᠴᠦ ᠪᠢ ᠥᠪᠡᠷ ᠢᠶᠡᠨ ᠠᠯᠳᠠᠭ᠎ᠠ ᠶᠢ ᠴᠢᠨᠢ ᠥᠪᠡᠷ ᠦᠨ ᠢᠶᠠᠨ ᠲᠥᠯᠥᠭᠡ ᠠᠷᠢᠯᠭᠠᠬᠤ ᠭᠡᠵᠦ ᠪᠠᠢᠨ᠎ᠠ ᠪᠢ ᠨᠢᠭᠦᠯ ᠤᠳ ᠢ ᠴᠢᠨᠢ ᠰᠠᠨᠠᠬᠤ ᠦᠭᠡᠢ᠂
26 ᠨᠠᠳᠠ ᠳᠤ ᠰᠠᠨᠠᠭᠤᠯᠤᠭᠲᠤᠨ ᠪᠢᠳᠡ ᠬᠠᠮᠲᠤ ᠳᠠᠭᠠᠨ ᠶᠠᠷᠢᠯᠴᠠᠶ᠎ᠠ ᠴᠢ ᠥᠴᠢᠭ ᠢᠶᠠᠨ ᠥᠭᠴᠦ ᠵᠥᠪ ᠭᠡᠳᠡᠭ ᠢᠶᠡᠨ ᠭᠡᠷᠡᠴᠢᠯᠡ᠂
27 ᠠᠩ᠋ᠬᠠᠨ ᠤ ᠡᠪᠦᠭᠡ ᠴᠢᠨᠢ ᠨᠢᠭᠦᠯ ᠦᠢᠯᠡᠳᠪᠡ ᠤᠳᠤᠷᠢᠳᠤᠭᠴᠢᠳ ᠴᠢᠨᠢ ᠴᠤ ᠨᠠᠳᠠ ᠠᠴᠠ ᠤᠷᠪᠠᠪᠠ᠂
28 ᠲᠡᠢᠮᠦ ᠡᠴᠡ ᠪᠢ ᠠᠷᠢᠭᠤᠨ ᠭᠠᠵᠠᠷ ᠤᠨ ᠴᠢᠨᠢ ᠲᠡᠷᠢᠭᠦᠨ ᠨᠦᠭᠦᠳ ᠢ ᠰᠢᠪᠰᠢᠭ ᠪᠣᠯᠭᠠᠨ ᠶᠠᠺᠣᠪ ᠢ ᠰᠦᠢᠳᠬᠡᠭᠴᠢᠳ ᠲᠤ᠂ ᠢᠰᠷᠧᠯ ᠢ ᠱᠣᠣᠯᠠᠭᠴᠢᠳ ᠲᠤ ᠥᠭᠭᠥᠨ᠎ᠡ᠃》