ᠢᠰᠠᠢᠶ᠎ᠠ ᠠᠷᠪᠠᠨ ᠳᠣᠯᠣᠭ᠎ᠠ
ᠳ᠋ᠠᠮᠠᠰᠺᠦ᠋ᠰ ᠤᠨ ᠲᠠᠯ᠎ᠠ ᠪᠠᠷ ᠬᠢ ᠡᠰᠢ ᠦᠵᠡᠭᠦᠯᠦᠯᠭᠡ
1 ᠳ᠋ᠠᠮᠠᠰᠺᠦ᠋ᠰ ᠤᠨ ᠲᠤᠬᠠᠢ ᠰᠡᠷᠡᠮᠵᠢᠯᠡᠭᠦᠯᠦᠯᠭᠡ᠃ ᠬᠠᠷ᠎ᠠ᠂ ᠳ᠋ᠠᠮᠠᠰᠺᠦ᠋ᠰ ᠬᠣᠲᠠ ᠪᠠᠢᠬᠤ ᠪᠠᠨ ᠪᠣᠯᠢᠵᠤ ᠨᠤᠷᠠᠩ᠋ᠬᠠᠢ ᠪᠠᠯᠭᠠᠰᠤ ᠪᠣᠯᠣᠨ᠎ᠠ᠃
2 ᠠᠷᠣᠶᠧᠷ ᠤᠨ ᠬᠣᠲᠠ ᠨᠤᠭᠤᠳ ᠣᠷᠬᠢᠭᠳᠠᠨ ᠠᠶᠤᠯ ᠦᠭᠡᠢ ᠭᠠᠵᠠᠷ᠂ ᠮᠠᠯ ᠤᠨ ᠬᠡᠪᠲᠡᠷᠢ ᠪᠣᠯᠣᠨ᠎ᠠ᠂
3 ᠡᠹᠷᠠᠢᠮ ᠤᠨ ᠪᠡᠬᠢᠯᠡᠯᠲᠡ᠂ ᠳ᠋ᠠᠮᠠᠰᠺᠦ᠋ᠰ ᠤᠨ ᠬᠠᠭᠠᠨ ᠤ ᠮᠡᠳᠡᠯ ᠠᠯᠠᠭ᠎ᠠ ᠪᠣᠯᠵᠤ ᠠᠷᠠᠮ ᠤᠨ ᠦᠯᠡᠳᠡᠭᠰᠡᠳ ᠴᠣᠭ ᠵᠢᠪᠬᠤᠯᠠᠩ ᠨᠢ ᠪᠠᠭᠤᠷᠠᠭᠰᠠᠨ ᠢᠰᠷᠧᠯᠴᠦᠳ ᠲᠡᠢ ᠠᠳᠠᠯᠢ ᠪᠣᠯᠣᠨ᠎ᠠ 10 ᠂ ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃
4 ᠲᠡᠷᠡ ᠡᠳᠦᠷ ᠶᠠᠺᠣᠪ ᠤᠨ ᠴᠣᠭ ᠵᠢᠪᠬᠤᠯᠠᠩ ᠪᠠᠭᠤᠷᠠᠵᠤ ᠲᠠᠷᠭᠤᠨ ᠪᠡᠶ᠎ᠡ ᠨᠢ ᠲᠤᠷᠠᠩ᠋ᠬᠠᠢ ᠪᠣᠯᠣᠨ᠎ᠠ᠃
5 ᠲᠠᠷᠢᠶᠠᠴᠢᠨ ᠲᠠᠷᠢᠶ᠎ᠠ ᠶᠢ ᠬᠤᠷᠢᠶᠠᠭᠰᠠᠨ ᠤ ᠳᠠᠷᠠᠭ᠎ᠠ᠂ ᠭᠠᠷ ᠢᠶᠠᠷ ᠢᠶᠠᠨ ᠲᠦᠷᠦᠭᠦᠦ ᠲᠡᠭᠦᠬᠦ ᠦᠶ᠎ᠡ ᠮᠡᠲᠦ ᠷᠧᠹᠠᠢᠮ ᠤᠨ ᠬᠥᠨᠳᠡᠢ ᠳᠦ ᠦᠯᠡᠳᠡᠭᠰᠡᠨ ᠲᠠᠷᠢᠶᠠᠨ ᠲᠦᠷᠦᠭᠦᠦ ᠶᠢ ᠲᠡᠭᠦᠬᠦ ᠦᠶ᠎ᠡ ᠮᠡᠲᠦ ᠪᠣᠯᠣᠨ᠎ᠠ᠃
6 ᠴᠢᠳᠦᠨ ᠮᠣᠳᠣ ᠶᠢ ᠰᠡᠭᠰᠦᠷᠦᠭᠰᠡᠨ ᠴᠤ ᠬᠠᠮᠤᠭ ᠤᠨ ᠥᠨᠳᠥᠷ ᠮᠥᠴᠢᠷ ᠲᠤ ᠬᠣᠶᠠᠷ ᠭᠤᠷᠪᠠ ᠬᠠᠮᠤᠭ ᠤᠨ ᠵᠢᠮᠢᠰ ᠲᠠᠢ ᠰᠠᠯᠠᠭᠠᠨ ᠳᠤ ᠳᠥᠷᠪᠡ ᠲᠠᠪᠤᠨ ᠴᠢᠳᠦᠨ ᠦᠯᠡᠳᠡᠳᠡᠭ ᠦᠨ ᠠᠳᠠᠯᠢ ᠲᠡᠨᠳᠡ ᠲᠡᠭᠦᠬᠦ ᠦᠵᠦᠮ ᠦᠯᠡᠳᠡᠨ᠎ᠡ᠂ ᠢᠰᠷᠧᠯ ᠤᠨ ᠪᠤᠷᠬᠠᠨ᠂ ᠶᠣᠬᠣᠸᠠ ᠠᠢᠯᠠᠳᠴᠤ ᠪᠠᠢᠨ᠎ᠠ᠃
7 ᠲᠡᠷᠡ ᠡᠳᠦᠷ ᠬᠥᠮᠦᠨ ᠥᠪᠡᠷ ᠦᠨ ᠢᠶᠠᠨ ᠪᠦᠲᠦᠭᠡᠭᠴᠢ ᠥᠭᠡᠳᠡ ᠬᠠᠨᠳᠤᠨ᠎ᠠ ᠲᠡᠭᠦᠨ ᠦ ᠨᠢᠳᠦ ᠢᠰᠷᠧᠯ ᠤᠨ ᠠᠷᠢᠭᠤᠨ ᠨᠢᠭᠡᠨ ᠲᠡᠰᠢ ᠬᠠᠷᠠᠨ᠎ᠠ᠃
8 ᠬᠥᠮᠦᠨ ᠭᠠᠷ ᠤᠨ ᠪᠦᠲᠦᠭᠡᠯ ᠪᠣᠯᠬᠤ ᠲᠠᠬᠢᠯ ᠤᠨ ᠰᠢᠷᠡᠭᠡ ᠤᠷᠤᠭᠤ ᠬᠠᠨᠳᠤᠬᠤ ᠦᠭᠡᠢ ᠬᠤᠷᠤᠭᠤ ᠪᠠᠷ ᠢᠶᠠᠨ ᠬᠢᠭᠰᠡᠨ ᠠᠱᠧᠷᠠ ᠶᠢᠨ ᠱᠣᠩ ᠪᠤᠶᠤ ᠤᠲᠤᠯᠭ᠎ᠠ ᠶᠢᠨ ᠰᠢᠷᠡᠭᠡ ᠲᠡᠰᠢ ᠬᠠᠷᠠᠬᠤ ᠦᠭᠡᠢ᠃
9 ᠲᠡᠷᠡ ᠡᠳᠦᠷ ᠬᠦᠴᠦᠷᠬᠡᠭ ᠬᠣᠲᠠ ᠨᠤᠭᠤᠳ ᠨᠢ ᠢᠰᠷᠧᠯᠴᠦᠳ ᠦᠨ ᠤᠯᠠᠮ ᠢᠶᠠᠷ ᠾᠧᠢᠴᠤᠳ ᠪᠤᠶᠤ ᠠᠮᠣᠷᠢᠴᠤᠳ ᠤᠨ ᠬᠠᠶᠠᠭᠰᠠᠨ ᠭᠠᠵᠠᠷ ᠤᠳ ᠲᠠᠢ ᠠᠳᠠᠯᠢ ᠪᠣᠯᠵᠤ᠂ ᠬᠣᠭᠣᠰᠣᠷᠠᠬᠤ ᠪᠣᠯᠣᠨ᠎ᠠ᠃
10 ᠤᠴᠢᠷ ᠨᠢ ᠴᠢ ᠥᠪᠡᠷ ᠢ ᠴᠢᠨᠢ ᠠᠪᠤᠷᠠᠭᠴᠢ ᠪᠤᠷᠬᠠᠨ ᠢ ᠤᠮᠠᠷᠲᠠᠪᠠ ᠥᠪᠡᠷ ᠦᠨ ᠬᠣᠷᠭᠣᠳᠠᠬᠤ ᠭᠠᠵᠠᠷ ᠪᠣᠯᠬᠤ ᠬᠠᠳᠠ ᠶᠢ ᠡᠰᠡ ᠰᠠᠨᠠᠪᠠ ᠡᠢᠮᠦ ᠡᠴᠡ ᠴᠢ ᠬᠡᠳᠦᠢᠪᠡᠷ ᠳᠤᠷ᠎ᠠ ᠪᠤᠯᠢᠶᠠᠮ᠎ᠠ ᠤᠷᠭᠤᠮᠠᠯ ᠤᠳ ᠢ ᠲᠠᠷᠢᠨ ᠬᠠᠷᠢ ᠶᠢᠨ ᠦᠵᠦᠮ ᠦᠨ ᠨᠠᠬᠢᠶ᠎ᠠ ᠶᠢ ᠰᠠᠭᠤᠯᠭᠠᠭᠰᠠᠨ ᠴᠤ᠂
11 ᠲᠠᠷᠢᠭᠰᠠᠨ ᠡᠳᠦᠷ ᠲᠡᠭᠡᠨ ᠥᠰᠭᠡᠨ᠂ ᠦᠷ᠎ᠡ ᠰᠠᠴᠤᠭᠰᠠᠨ ᠥᠷᠯᠥᠭᠡ ᠳᠡᠭᠡᠨ ᠳᠡᠯᠭᠡᠷᠡᠭᠦᠯᠦᠭᠰᠡᠨ ᠴᠤ ᠤᠢ ᠭᠠᠰᠢᠭᠤ ᠲᠠᠢ᠂ ᠡᠳᠡᠭᠡᠷᠡᠰᠢ ᠦᠭᠡᠢ ᠡᠪᠡᠳᠴᠢᠨ ᠲᠡᠢ ᠡᠳᠦᠷ ᠬᠤᠷᠢᠶᠠᠯᠲᠠ ᠴᠢᠨᠢ ᠵᠠᠮᠬᠠᠷᠠᠬᠤ ᠪᠣᠯᠣᠨ᠎ᠠ᠃
12 ᠥ᠂ ᠣᠯᠠᠨ ᠦᠨᠳᠦᠰᠦᠲᠡᠨ ᠦ ᠱᠤᠤᠭᠢᠶᠠᠨ ᠳᠠᠯᠠᠢ ᠶᠢᠨ ᠱᠤᠤᠭᠢᠶᠠᠨ ᠮᠡᠲᠦ ᠱᠤᠤᠭᠢᠵᠤ ᠪᠠᠢᠨ᠎ᠠ ᠭᠦᠷᠦᠨ ᠨᠦᠭᠦᠳ ᠦᠨ ᠬᠦᠷᠬᠢᠷᠡᠭᠡᠨ ᠶᠡᠬᠡ ᠤᠰᠤᠨ ᠤ ᠬᠦᠷᠬᠢᠷᠡᠭᠡᠨ ᠮᠡᠲᠦ ᠬᠦᠷᠬᠢᠷᠡᠵᠦ ᠪᠠᠢᠨ᠎ᠠ᠃
13 ᠭᠦᠷᠦᠨ ᠨᠦᠭᠦᠳ ᠶᠡᠬᠡ ᠤᠰᠤᠨ ᠤ ᠬᠦᠷᠬᠢᠷᠡᠭᠡᠨ ᠮᠡᠲᠦ ᠬᠦᠷᠬᠢᠷᠡᠬᠦ ᠪᠣᠯᠪᠠᠴᠤ ᠪᠤᠷᠬᠠᠨ ᠵᠢᠮᠡᠯᠡᠬᠦ ᠳᠦ ᠲᠡᠳᠡ ᠬᠣᠯᠠ ᠵᠢᠭᠤᠲᠠᠨ᠎ᠠ ᠰᠠᠯᠬᠢᠨ ᠳᠤ ᠬᠡᠶᠢᠰᠦᠭᠰᠡᠨ ᠠᠭᠤᠯᠠᠨ ᠳᠠᠬᠢ ᠬᠡᠪᠡᠭ ᠪᠤᠶᠤ ᠰᠢᠭᠤᠷᠭᠠᠨ ᠳᠤ ᠪᠥᠮᠪᠥᠷᠢᠭᠰᠡᠨ ᠬᠠᠮᠬᠤᠤᠯ ᠮᠡᠲᠦ ᠪᠣᠯᠣᠨ᠎ᠠ᠃
14 ᠬᠠᠷ᠎ᠠ᠂ ᠦᠳᠡᠰᠢ ᠶᠢᠨ ᠴᠠᠭ ᠲᠤ ᠠᠢᠳᠠᠰ ᠪᠠᠢᠨ᠎ᠠ ᠬᠠᠷᠢᠨ ᠥᠷᠯᠥᠭᠡ ᠪᠣᠯᠬᠤ ᠠᠴᠠ ᠡᠮᠦᠨ᠎ᠡ ᠠᠯᠠᠭ᠎ᠠ ᠪᠣᠯᠣᠨ᠎ᠠ ᠪᠢᠳᠡᠨ ᠢ ᠳᠡᠭᠡᠷᠡᠮᠳᠡᠭᠴᠢᠳ ᠤᠨ ᠬᠤᠪᠢ ᠪᠢᠳᠡᠨ ᠢ ᠲᠣᠨᠣᠭᠴᠢᠳ ᠤᠨ ᠨᠣᠭᠳᠠᠯ ᠡᠨᠡ ᠪᠠᠢᠨ᠎ᠠ᠃