1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50 51 52 53 54 55 56 57 58 59 60 61 62 63 64 65 66


ᠢᠰᠠᠢᠶ᠎ᠠ ᠵᠢᠷᠠᠨ ᠳᠥᠷᠪᠡ
1 ᠲᠠ ᠲᠩᠷᠢ ᠶᠢ ᠢᠷᠠᠨ᠂ ᠪᠠᠭᠤᠵᠤ ᠢᠷᠡᠭᠰᠡᠨ ᠴᠤ ᠪᠣᠯᠣᠭᠠᠰᠠᠢ ᠲᠠᠨ ᠤ ᠣᠷᠣᠰᠢᠬᠤᠢ ᠳᠤ ᠠᠭᠤᠯᠠᠰ ᠳᠣᠷᠭᠢᠨ ᠴᠡᠴᠡᠷᠡᠬᠦ ᠪᠣᠯᠣᠨ᠎ᠠ᠂
2 ᠭᠠᠯ ᠰᠢᠷᠢᠩᠭᠢ ᠪᠤᠲᠠ ᠶᠢ ᠰᠢᠲᠠᠭᠠᠳᠠᠭ ᠮᠡᠲᠦ ᠭᠠᠯ ᠤᠰᠤ ᠶᠢ ᠪᠤᠴᠠᠯᠭᠠᠳᠠᠭ ᠮᠡᠲᠦ ᠲᠠ ᠥᠰᠢᠶᠡᠲᠡᠳ ᠲᠡᠭᠡᠨ ᠠᠯᠳᠠᠷ ᠨᠡᠷ᠎ᠡ ᠪᠡᠨ ᠮᠡᠳᠡᠭᠦᠯᠵᠦ ᠦᠨᠳᠦᠰᠦᠲᠡᠨ ᠨᠦᠭᠦᠳ ᠢ ᠥᠪᠡᠷ ᠦᠨ ᠢᠶᠠᠨ ᠡᠮᠦᠨ᠎ᠡ ᠴᠡᠴᠡᠷᠡᠭᠦᠯᠬᠦ ᠴᠤ ᠪᠣᠯᠣᠭᠠᠰᠠᠢ᠂
3 ᠲᠠ ᠪᠢᠳᠡᠨ ᠦ ᠰᠠᠨᠠᠵᠤ ᠪᠠᠢᠭ᠎ᠠ ᠦᠭᠡᠢ ᠠᠶᠤᠮᠰᠢᠭᠲᠤ ᠵᠦᠢᠯᠡᠰ ᠢ ᠦᠢᠯᠡᠳᠴᠦ᠂ ᠪᠠᠭᠤᠨ ᠢᠷᠡᠬᠦ ᠳᠦ ᠠᠭᠤᠯᠠᠰ ᠲᠠᠨ ᠤ ᠡᠮᠦᠨ᠎ᠡ ᠳᠣᠷᠭᠢᠭᠰᠠᠨ ᠪᠢᠯᠡ᠃
4 ᠥᠪᠡᠷ ᠲᠤᠨᠢ ᠨᠠᠢᠳᠠᠭᠴᠢ ᠶᠢᠨ ᠢᠶᠠᠨ ᠲᠥᠯᠥᠭᠡ ᠲᠠᠨ ᠰᠢᠭ᠋ ᠦᠢᠯᠡᠳᠳᠡᠭ ᠥᠭᠡᠷ᠎ᠡ ᠪᠤᠷᠬᠠᠨ ᠢ ᠥᠨᠢ ᠡᠷᠲᠡᠨ ᠡᠴᠡ ᠨᠠᠰᠢ ᠬᠡᠨ ᠴᠤ ᠲᠤᠭᠤᠯᠤᠭ᠎ᠠ ᠦᠭᠡᠢ ᠰᠣᠨᠣᠰᠣᠭᠰᠠᠨ ᠴᠢᠬᠢ ᠠᠯᠠᠭ᠎ᠠ᠂ ᠦᠵᠡᠭᠰᠡᠨ ᠨᠢᠳᠦ ᠠᠯᠠᠭ᠎ᠠ᠃
5 ᠵᠥᠪ ᠢ ᠪᠠᠶᠠᠷ ᠲᠠᠢ ᠪᠠᠷ ᠦᠢᠯᠡᠳᠦᠭᠴᠢ ᠵᠠᠮ ᠢ ᠲᠠᠨᠢ ᠳᠠᠭᠠᠨ ᠲᠠᠨ ᠢ ᠰᠠᠨᠠᠭᠴᠢ ᠬᠥᠮᠦᠨ ᠢ ᠲᠠ ᠬᠦᠯᠢᠶᠡᠨ ᠠᠪᠳᠠᠭ ᠬᠠᠷᠢᠨ ᠪᠢᠳᠡ ᠨᠢᠭᠦᠯ ᠦᠢᠯᠡᠳᠳᠡᠭ ᠬᠡᠪ ᠢᠶᠡᠷ ᠢᠶᠠᠨ ᠤᠳᠠᠭᠰᠠᠨ᠂ ᠬᠠᠷᠠᠭᠠᠴᠢ᠂ ᠲᠠ ᠠᠭᠤᠷ ᠲᠠᠢ ᠪᠠᠢᠨ᠎ᠠ︕ ᠪᠢᠳᠡ ᠶᠠᠭᠠᠬᠢᠨ ᠠᠪᠤᠷᠠᠭᠳᠠᠬᠤ ᠪᠢᠯᠡ︖
6 ᠪᠢᠳᠡ ᠪᠦᠭᠦᠳᠡ ᠪᠤᠵᠠᠷ ᠮᠡᠲᠦ ᠪᠣᠯᠣᠯ᠎ᠠ᠂ ᠪᠢᠳᠡᠨ ᠦ ᠵᠥᠪ ᠦᠢᠯᠡᠰ ᠴᠤ ᠪᠦᠭᠦᠳᠡ ᠪᠣᠬᠢᠷ ᠬᠤᠪᠴᠠᠰᠤ ᠮᠡᠲᠦ ᠪᠢᠳᠡ ᠪᠦᠭᠦᠳᠡ ᠨᠠᠪᠴᠢ ᠮᠡᠲᠦ ᠬᠣᠷᠪᠣᠢᠵᠤ ᠪᠢᠳᠡᠨ ᠦ ᠭᠡᠮ ᠨᠢᠭᠦᠯ ᠪᠢᠳᠡᠨ ᠢ ᠰᠠᠯᠬᠢ ᠮᠡᠲᠦ ᠬᠡᠶᠢᠰᠭᠡᠵᠦ ᠪᠠᠢᠨ᠎ᠠ᠂
7 ᠲᠠᠨ ᠤ ᠨᠡᠷ᠎ᠡ ᠶᠢ ᠳᠠᠭᠤᠳᠠᠭᠴᠢ ᠲᠠᠨ ᠠᠴᠠ ᠵᠢᠭᠤᠷᠠᠬᠤ ᠪᠠᠷ ᠵᠢᠳᠬᠦᠭᠴᠢ ᠠᠯᠠᠭ᠎ᠠ ᠲᠠ ᠪᠢᠳᠡᠨ ᠡᠴᠡ ᠨᠢᠭᠤᠷ ᠢᠶᠠᠨ ᠨᠢᠭᠤᠵᠤ ᠪᠢᠳᠡᠨ ᠢ ᠥᠪᠡᠷᠰᠡᠳ ᠦᠨ ᠮᠢᠨᠢ ᠨᠢᠭᠦᠯ ᠳᠦ ᠬᠠᠢᠯᠤᠭᠤᠯᠤᠭᠰᠠᠨ ᠶᠤᠮ᠃

8 ᠬᠠᠷᠢᠨ ᠣᠳᠣ ᠴᠤ ᠶᠣᠬᠣᠸᠠ ᠡ᠂ ᠪᠢᠳᠡᠨ ᠦ ᠡᠴᠢᠭᠡ ᠪᠣᠯ ᠲᠠ ᠪᠢᠯᠡ ᠪᠢᠳᠡ ᠰᠢᠪᠠᠷ᠂ ᠲᠠ ᠪᠣᠯ ᠪᠢᠳᠡᠨ ᠦ ᠸᠠᠭᠠᠷᠴᠢᠨ ᠪᠢᠳᠡ ᠪᠦᠭᠦᠳᠡ ᠲᠠᠨ ᠤ ᠮᠤᠲᠤᠷ ᠤᠨ ᠪᠦᠲᠦᠭᠡᠯ ᠶᠤᠮ᠃
9 ᠶᠣᠬᠣᠸᠠ ᠡ᠂ ᠪᠦᠦ ᠶᠡᠬᠡᠳᠡ ᠬᠢᠯᠢᠩᠨᠡᠭᠡᠴᠢ ᠭᠡᠮ ᠪᠤᠷᠤᠭᠤ ᠶᠢ ᠮᠠᠨᠢ ᠪᠦᠦ ᠪᠠᠢᠩ᠋ᠭᠤ ᠳᠤᠷᠠᠰᠤᠭᠠᠴᠢ ᠥ᠂ ᠬᠠᠷᠠᠭᠠᠴᠢ᠂ ᠪᠢᠳᠡ ᠪᠦᠭᠦᠳᠡ ᠲᠠᠨ ᠤ ᠠᠷᠠᠳ ᠲᠦᠮᠡᠨ ᠶᠤᠮ᠃
10 ᠬᠠᠷᠢᠨ ᠲᠠᠨ ᠤ ᠠᠷᠢᠭᠤᠨ ᠬᠣᠲᠠ ᠨᠤᠭᠤᠳ ᠴᠥᠯ ᠪᠣᠯᠣᠭᠰᠠᠨ᠂ ᠽᠢᠶᠣᠨ ᠴᠥᠯ ᠪᠣᠯᠵᠤ᠂ ᠶᠧᠷᠦ᠋ᠰᠠᠯᠧᠮ ᠵᠡᠯᠢᠭᠦᠳ ᠭᠠᠵᠠᠷ ᠪᠣᠯᠵᠤ
11 ᠡᠴᠢᠭᠡ ᠡᠪᠦᠭᠡᠳ ᠦᠨ ᠮᠠᠨᠢ ᠲᠠᠨ ᠢ ᠮᠠᠭᠲᠠᠵᠤ ᠪᠠᠢᠭᠰᠠᠨ ᠠᠷᠢᠭᠤᠨ ᠵᠢᠪᠬᠤᠯᠠᠩᠲᠤ ᠥᠷᠭᠥᠭᠡ ᠮᠠᠨᠢ ᠭᠠᠯ ᠳᠤ ᠰᠢᠲᠠᠭᠰᠠᠨ ᠪᠢᠳᠡᠨ ᠦ ᠨᠠᠨᠳᠢᠩᠨᠠᠭᠰᠠᠨ ᠪᠦᠬᠦᠨ ᠪᠠᠯᠭᠠᠰᠤ ᠪᠣᠯᠣᠭᠰᠠᠨ ᠶᠤᠮ᠃
12 ᠶᠣᠬᠣᠸᠠ ᠡ᠂ ᠡᠳᠡᠭᠡᠷ ᠦᠨ ᠲᠠᠯ᠎ᠠ ᠪᠠᠷ ᠲᠠ ᠬᠠᠮᠢᠶᠠᠷᠬᠤ ᠦᠭᠡᠢ ᠪᠠᠢᠭᠰᠠᠭᠠᠷ ᠪᠠᠢᠬᠤ ᠤᠤ︖ ᠲᠠ ᠳᠠᠭᠤ ᠦᠭᠡᠢ ᠪᠠᠢᠭᠰᠠᠭᠠᠷ᠂ ᠪᠢᠳᠡᠨ ᠢ ᠶᠡᠬᠡᠳᠡ ᠵᠣᠪᠠᠭᠠᠬᠤ ᠨᠢ ᠤᠤ︖