1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠨᠢᠭᠡ
 ᠲᠩᠷᠢ ᠭᠠᠵᠠᠷ ᠤᠨ ᠡᠭᠦᠰᠦᠯ

1 ᠡᠬᠢᠨ ᠳᠤ ᠪᠤᠷᠬᠠᠨ ᠲᠩᠷᠢ ᠭᠠᠵᠠᠷ ᠢ ᠪᠦᠲᠦᠭᠡᠵᠡᠢ᠃ 2 ᠭᠠᠵᠠᠷ ᠨᠢ ᠬᠡᠯᠪᠡᠷᠢ ᠦᠭᠡᠢ᠂ ᠬᠣᠭᠣᠰᠣᠨ᠂ ᠭᠦᠨ ᠦ ᠭᠠᠳᠠᠷᠭᠤ ᠳᠡᠭᠡᠭᠦᠷ ᠬᠠᠷᠠᠩ᠋ᠭᠤᠢ ᠪᠦᠷᠬᠦᠵᠦ᠂ ᠪᠤᠷᠬᠠᠨ ᠤ ᠰᠦᠨᠡᠰᠦ ᠤᠰᠤᠨ ᠤ ᠮᠠᠨᠳᠠᠯ ᠳᠡᠭᠡᠭᠦᠷ ᠡᠯᠢᠨ ᠬᠠᠯᠢᠵᠤ ᠪᠠᠢᠯ᠎ᠠ᠃ 3 ᠪᠤᠷᠬᠠᠨ᠄ 《ᠭᠡᠷᠡᠯ ᠪᠤᠢ ᠪᠣᠯ︕》 ᠭᠡᠬᠦ ᠳᠦ᠂ ᠭᠡᠷᠡᠯ ᠪᠤᠢ ᠪᠣᠯᠪᠠ᠃ 4 ᠪᠤᠷᠬᠠᠨ ᠬᠠᠷᠠᠬᠤ ᠳᠤ᠂ ᠲᠡᠷᠡ ᠭᠡᠷᠡᠯ ᠰᠠᠢᠨ ᠪᠠᠢᠯ᠎ᠠ᠃ ᠪᠤᠷᠬᠠᠨ ᠭᠡᠷᠡᠯ ᠢ ᠬᠠᠷᠠᠩ᠋ᠭᠤᠢ ᠠᠴᠠ ᠰᠠᠯᠭᠠᠵᠠᠢ᠃ 5 ᠪᠤᠷᠬᠠᠨ ᠭᠡᠷᠡᠯ ᠢ ᠡᠳᠦᠷ᠂ ᠬᠠᠷᠠᠩ᠋ᠭᠤᠢ ᠶᠢ ᠰᠥᠨᠢ ᠭᠡᠵᠡᠢ᠃ ᠦᠳᠡᠰᠢ ᠪᠣᠯᠵᠤ ᠥᠷᠯᠥᠭᠡ ᠪᠣᠯᠪᠠ᠃ ᠡᠨᠡ ᠨᠢ ᠠᠩ᠋ᠬᠠᠨ ᠤ ᠡᠳᠦᠷ᠃

6 ᠪᠤᠷᠬᠠᠨ᠄ 《ᠤᠰᠤᠨ ᠤ ᠳᠤᠮᠳᠠ ᠣᠭᠲᠠᠷᠭᠤᠢ ᠶᠢᠨ ᠮᠠᠨᠳᠠᠯ ᠪᠤᠢ ᠪᠣᠯ᠂ ᠤᠰᠤ ᠶᠢ ᠤᠰᠤᠨ ᠠᠴᠠ ᠰᠠᠯᠭ᠎ᠠ︕》 ᠭᠡᠪᠡ᠃ 7 ᠪᠤᠷᠬᠠᠨ ᠣᠭᠲᠠᠷᠭᠤᠢ ᠶᠢᠨ ᠮᠠᠨᠳᠠᠯ ᠢ ᠡᠢᠨ ᠬᠦ ᠵᠣᠬᠢᠶᠠᠵᠤ᠂ ᠣᠭᠲᠠᠷᠭᠤᠢ ᠶᠢᠨ ᠮᠠᠨᠳᠠᠯ ᠳᠡᠭᠡᠷᠡᠬᠢ ᠤᠰᠤᠨ ᠠᠴᠠ ᠣᠭᠲᠠᠷᠭᠤᠢ ᠶᠢᠨ ᠮᠠᠨᠳᠠᠯ ᠳᠣᠣᠷᠠᠬᠢ ᠤᠰᠤ ᠶᠢ ᠰᠠᠯᠭᠠᠭᠰᠠᠨ ᠳᠤ ᠶᠣᠰᠣᠭᠠᠷ ᠨᠢ ᠪᠣᠯᠵᠠᠢ᠃ 8 ᠪᠤᠷᠬᠠᠨ ᠣᠭᠲᠠᠷᠭᠤᠢ ᠶᠢᠨ ᠮᠠᠨᠳᠠᠯ ᠢ ᠲᠩᠷᠢ ᠭᠡᠪᠡ᠃ ᠦᠳᠡᠰᠢ ᠪᠣᠯᠵᠤ ᠥᠷᠯᠥᠭᠡ ᠪᠣᠯᠪᠠ᠃ ᠡᠨᠡ ᠨᠢ ᠬᠣᠶᠠᠳᠠᠬᠢ ᠡᠳᠦᠷ᠃

9 ᠪᠤᠷᠬᠠᠨ᠄ 《ᠲᠩᠷᠢ ᠶᠢᠨ ᠳᠣᠣᠷᠠᠬᠢ ᠤᠰᠤ ᠨᠢᠭᠡ ᠳᠣᠣᠷ᠎ᠠ ᠬᠤᠷᠠᠮᠳᠤ᠂ ᠬᠠᠭᠤᠷᠠᠢ ᠭᠠᠵᠠᠷ ᠢᠯᠡ ᠭᠠᠷ︕》 ᠭᠡᠬᠦ ᠳᠦ ᠶᠣᠰᠣᠭᠠᠷ ᠨᠢ ᠪᠣᠯᠵᠠᠢ᠃ 10 ᠪᠤᠷᠬᠠᠨ ᠬᠠᠭᠤᠷᠠᠢ ᠶᠢ ᠨᠢ ᠡᠬᠡ ᠭᠠᠵᠠᠷ᠂ ᠬᠤᠷᠠᠮᠳᠤᠭᠰᠠᠨ ᠤᠰᠤ ᠶᠢ ᠨᠢ ᠳᠠᠯᠠᠢ ᠭᠡᠪᠡ᠃ ᠪᠤᠷᠬᠠᠨ ᠬᠠᠷᠠᠬᠤ ᠳᠤ᠂ ᠰᠠᠢᠨ ᠪᠠᠢᠯ᠎ᠠ᠃ 11 ᠪᠤᠷᠬᠠᠨ᠄ 《ᠭᠠᠵᠠᠷ ᠳᠡᠯᠡᠬᠡᠢ ᠤᠷᠭᠤᠮᠠᠯ᠂ ᠦᠷᠡᠲᠦ ᠡᠪᠡᠰᠦ ᠬᠢᠭᠡᠳ ᠦᠷ᠎ᠡ ᠲᠠᠢ ᠵᠢᠮᠢᠰ ᠰᠠᠭᠤᠯᠭᠠᠳᠠᠭ ᠵᠢᠮᠢᠰ ᠤᠨ ᠮᠣᠳᠣ ᠶᠢ ᠲᠥᠷᠥᠯ ᠲᠥᠷᠥᠯ ᠢᠶᠡᠷ ᠨᠢ ᠤᠷᠭᠤᠭᠤᠯ︕》 ᠭᠡᠬᠦ ᠳᠦ᠂ ᠶᠣᠰᠣᠭᠠᠷ ᠨᠢ ᠪᠣᠯᠵᠠᠢ᠃ 12 ᠭᠠᠵᠠᠷ ᠳᠡᠯᠡᠬᠡᠢ ᠡᠢᠨ ᠬᠦ ᠤᠷᠭᠤᠮᠠᠯ᠂ ᠦᠷᠡᠲᠦ ᠡᠪᠡᠰᠦ ᠶᠢ ᠲᠥᠷᠥᠯ ᠲᠥᠷᠥᠯ ᠢᠶᠡᠷ ᠨᠢ᠂ ᠦᠷ᠎ᠡ ᠲᠠᠢ ᠵᠢᠮᠢᠰ ᠰᠠᠭᠤᠯᠭᠠᠬᠤ ᠮᠣᠳᠣ ᠶᠢ ᠲᠥᠷᠥᠯ ᠲᠥᠷᠥᠯ ᠢᠶᠡᠷ ᠨᠢ ᠤᠷᠭᠤᠭᠤᠯᠪᠠ᠃ ᠪᠤᠷᠬᠠᠨ ᠬᠠᠷᠠᠬᠤ ᠳᠤ᠂ ᠰᠠᠢᠨ ᠪᠠᠢᠯ᠎ᠠ᠃ 13 ᠦᠳᠡᠰᠢ ᠪᠣᠯᠵᠤ ᠥᠷᠯᠥᠭᠡ ᠪᠣᠯᠪᠠ᠃ ᠲᠡᠷᠡ ᠨᠢ ᠭᠤᠷᠪᠠᠳᠠᠬᠢ ᠡᠳᠦᠷ᠃

14 ᠪᠤᠷᠬᠠᠨ᠄ 《ᠣᠭᠲᠠᠷᠭᠤᠢ ᠶᠢᠨ ᠮᠠᠨᠳᠠᠯ ᠳᠤ ᠭᠡᠷᠡᠯᠲᠦᠭᠦᠯᠦᠭᠴᠢᠳ ᠪᠤᠢ ᠪᠣᠯᠵᠤ᠂ ᠡᠳᠡᠭᠡᠷ ᠨᠢ ᠡᠳᠦᠷ ᠢ ᠰᠥᠨᠢ ᠡᠴᠡ ᠰᠠᠯᠭᠠᠨ᠂ ᠲᠡᠮᠳᠡᠭ᠂ ᠤᠯᠠᠷᠢᠯ᠂ ᠡᠳᠦᠷ᠂ ᠵᠢᠯ ᠤᠨ ᠲᠥᠯᠥᠭᠡ ᠪᠠᠢᠭ᠂ 15 ᠲᠩᠷᠢ ᠣᠭᠲᠠᠷᠭᠤᠢ ᠶᠢᠨ ᠭᠡᠷᠡᠯᠲᠦᠭᠦᠯᠦᠭᠴᠢᠳ ᠭᠠᠵᠠᠷ ᠳᠡᠯᠡᠬᠡᠢ ᠶᠢ ᠭᠡᠶᠢᠭᠦᠯᠦᠭ︕》 ᠭᠡᠵᠦ ᠠᠢᠯᠠᠳᠤᠭᠰᠠᠨ ᠳᠤ᠂ ᠶᠣᠰᠣᠭᠠᠷ ᠨᠢ ᠪᠣᠯᠵᠠᠢ᠃ 16 ᠪᠤᠷᠬᠠᠨ ᠬᠣᠶᠠᠷ ᠲᠣᠮᠣ ᠭᠡᠷᠡᠯᠲᠦᠭᠦᠯᠦᠭᠴᠢ ᠶᠢ ᠵᠣᠬᠢᠶᠠᠵᠤ᠂ ᠲᠡᠷᠡ ᠬᠣᠶᠠᠷ ᠤᠨ ᠲᠣᠮᠣ ᠪᠠᠷ ᠨᠢ ᠡᠳᠦᠷ ᠢ᠂ ᠵᠢᠵᠢᠭ ᠢᠶᠠᠷ ᠨᠢ ᠰᠥᠨᠢ ᠶᠢ ᠵᠠᠬᠢᠷᠤᠭᠤᠯᠪᠠ᠃ ᠲᠡᠷᠡ ᠣᠳᠣᠳ ᠢ ᠴᠤ ᠵᠣᠬᠢᠶᠠᠪᠠ᠃ 17 ᠪᠤᠷᠬᠠᠨ ᠡᠳᠡᠭᠡᠷ ᠢ ᠭᠠᠵᠠᠷ ᠳᠡᠯᠡᠬᠡᠢ ᠶᠢ ᠭᠡᠷᠡᠯᠲᠦᠭᠦᠯᠬᠦ ᠪᠡᠷ ᠲᠩᠷᠢ ᠣᠭᠲᠠᠷᠭᠤᠢ ᠳᠤ ᠪᠠᠢᠷᠢᠯᠠᠭᠤᠯᠤᠭᠠᠳ 18 ᠡᠳᠡ ᠨᠠᠷ ᠢᠶᠠᠷ ᠡᠳᠦᠷ ᠰᠥᠨᠢ ᠬᠣᠶᠠᠷ ᠢ ᠵᠠᠬᠢᠷᠤᠭᠤᠯᠵᠤ᠂ ᠭᠡᠷᠡᠯ ᠢ ᠬᠠᠷᠠᠩ᠋ᠭᠤᠢ ᠠᠴᠠ ᠰᠠᠯᠭᠠᠪᠠ᠃ ᠪᠤᠷᠬᠠᠨ ᠬᠠᠷᠠᠬᠤ ᠳᠤ᠂ ᠰᠠᠢᠨ ᠪᠠᠢᠯ᠎ᠠ᠃ 19 ᠦᠳᠡᠰᠢ ᠪᠣᠯᠵᠤ᠂ ᠥᠷᠯᠥᠭᠡ ᠪᠣᠯᠪᠠ᠃ ᠲᠡᠷᠡ ᠨᠢ ᠳᠥᠷᠪᠡᠳᠡᠬᠢ ᠡᠳᠦᠷ᠃

20 ᠪᠤᠷᠬᠠᠨ᠄ 《ᠤᠰᠤᠨ ᠳᠤ ᠠᠮᠢ ᠲᠠᠢ ᠪᠦᠬᠦᠨ ᠪᠢᠯᠬᠠᠨ ᠬᠥᠳᠡᠯᠦᠭ᠃ ᠪᠠᠰᠠ ᠭᠠᠵᠠᠷ ᠤᠨ ᠬᠥᠷᠥᠰᠥᠨ ᠳᠡᠭᠡᠭᠦᠷ ᠲᠩᠷᠢ᠂ ᠣᠭᠲᠠᠷᠭᠤᠢ ᠳᠣᠣᠭᠤᠷ ᠰᠢᠪᠠᠭᠤᠳ ᠨᠢᠰᠦᠭ》 ᠭᠡᠪᠡ᠃ 21 ᠡᠢᠨ ᠬᠦ ᠪᠤᠷᠬᠠᠨ ᠳᠠᠯᠠᠢ ᠲᠠᠩᠭᠢᠰ ᠤᠨ ᠠᠪᠤᠷᠭᠤ ᠲᠣᠮᠣ ᠠᠮᠢᠲᠠᠳ ᠢ᠂ ᠤᠰᠤ ᠶᠢ ᠪᠢᠯᠬᠠᠭᠠᠨ ᠬᠥᠳᠡᠯᠦᠭᠴᠢ ᠮᠥᠯᠬᠥᠭᠴᠢ ᠠᠮᠢ ᠲᠠᠢ ᠪᠦᠬᠦᠨ ᠢ ᠲᠥᠷᠥᠯ ᠲᠥᠷᠥᠯ ᠢᠶᠡᠷ ᠨᠢ ᠪᠦᠲᠦᠭᠡᠵᠡᠢ᠃ ᠪᠠᠰᠠ ᠠᠯᠢᠪᠠ ᠵᠢᠭᠦᠷᠲᠡᠨ ᠰᠢᠪᠠᠭᠤᠳ ᠢ ᠲᠥᠷᠥᠯ ᠲᠥᠷᠥᠯ ᠢᠶᠡᠷ ᠨᠢ ᠪᠤᠢ ᠪᠣᠯᠭᠠᠵᠠᠢ᠃ ᠪᠤᠷᠬᠠᠨ ᠬᠠᠷᠠᠬᠤ ᠳᠤ᠂ ᠰᠠᠢᠨ ᠪᠠᠢᠯ᠎ᠠ᠃ 22 ᠪᠤᠷᠬᠠᠨ ᠲᠡᠳᠡᠨ ᠢ ᠢᠷᠥᠭᠡᠵᠦ᠄ 《ᠦᠷᠡᠵᠢᠨ ᠣᠯᠠᠰᠢᠷᠠᠵᠤ᠂ ᠳᠠᠯᠠᠢ ᠲᠠᠩᠭᠢᠰ ᠤᠨ ᠤᠰᠤᠨ ᠳᠤ ᠳᠦᠭᠦᠷ᠃ ᠰᠢᠪᠠᠭᠤᠳ ᠴᠤ ᠭᠠᠵᠠᠷ ᠳᠡᠯᠡᠬᠡᠢ ᠳᠦ ᠣᠯᠠᠰᠢᠷᠠᠭ》 ᠭᠡᠪᠡ᠃ 23 ᠦᠳᠡᠰᠢ ᠪᠣᠯᠵᠤ ᠥᠷᠯᠥᠭᠡ ᠪᠣᠯᠪᠠ᠃ ᠲᠡᠷᠡ ᠨᠢ ᠲᠠᠪᠤᠳᠠᠬᠢ ᠡᠳᠦᠷ᠃

24 ᠪᠤᠷᠬᠠᠨ᠄ 《ᠭᠠᠵᠠᠷ ᠳᠡᠯᠡᠬᠡᠢ ᠠᠮᠢ ᠲᠠᠢ ᠪᠦᠬᠦᠨ ᠢ ᠲᠥᠷᠥᠯ ᠲᠥᠷᠥᠯ ᠢᠶᠡᠷ ᠨᠢ᠂ ᠮᠠᠯ ᠠᠳᠤᠭᠤᠰᠤ᠂ ᠮᠥᠯᠬᠥᠭᠴᠢᠳ᠂ ᠭᠠᠵᠠᠷ ᠤᠨ ᠵᠡᠷᠯᠢᠭ ᠠᠮᠢᠲᠠᠨ ᠪᠦᠭᠦᠳᠡ ᠶᠢ ᠲᠥᠷᠥᠯ ᠲᠥᠷᠥᠯ ᠢᠶᠡᠷ ᠨᠢ ᠭᠠᠷᠭ᠎ᠠ》 ᠭᠡᠬᠦ ᠳᠦ᠂ ᠶᠣᠰᠣᠭᠠᠷ ᠨᠢ ᠪᠣᠯᠵᠠᠢ᠃ 25 ᠪᠤᠷᠬᠠᠨ ᠡᠢᠨ ᠬᠦ ᠭᠠᠵᠠᠷ ᠳᠡᠯᠡᠬᠡᠢ ᠶᠢᠨ ᠵᠡᠷᠯᠢᠭ ᠠᠮᠢᠲᠠᠨ ᠢ ᠲᠥᠷᠥᠯ ᠲᠥᠷᠥᠯ ᠢᠶᠡᠷ ᠨᠢ᠂ ᠮᠠᠯ ᠠᠳᠤᠭᠤᠰᠤ ᠶᠢ ᠲᠥᠷᠥᠯ ᠲᠥᠷᠥᠯ ᠢᠶᠡᠷ ᠨᠢ᠂ ᠭᠠᠵᠠᠷ ᠢᠶᠠᠷ ᠮᠥᠯᠬᠥᠭᠴᠢ ᠪᠦᠭᠦᠳᠡ ᠶᠢ ᠲᠥᠷᠥᠯ ᠲᠥᠷᠥᠯ ᠢᠶᠡᠷ ᠨᠢ ᠵᠣᠬᠢᠶᠠᠪᠠ᠃ ᠪᠤᠷᠬᠠᠨ ᠬᠠᠷᠠᠬᠤ ᠳᠤ᠂ ᠰᠠᠢᠨ ᠪᠠᠢᠯ᠎ᠠ᠃

26 ᠪᠤᠷᠬᠠᠨ᠄ 《ᠪᠢᠳᠡ ᠥᠪᠡᠷᠰᠡᠳ ᠦᠨ ᠢᠶᠠᠨ ᠳᠦᠷᠢ ᠲᠥᠷᠬᠥ ᠪᠡᠷ᠂ ᠥᠪᠡᠷᠰᠡᠳ ᠲᠡᠢ ᠪᠡᠨ ᠠᠳᠠᠯᠢᠬᠠᠨ ᠬᠥᠮᠦᠨ ᠢ ᠵᠣᠬᠢᠶᠠᠶ᠎ᠠ᠂ ᠲᠡᠳᠡᠨ ᠢᠶᠡᠷ ᠳᠠᠯᠠᠢ ᠶᠢᠨ ᠵᠢᠭᠠᠰᠤ᠂ ᠣᠭᠲᠠᠷᠭᠤᠢ ᠶᠢᠨ ᠰᠢᠪᠠᠭᠤᠳ᠂ ᠮᠠᠯ ᠠᠳᠤᠭᠤᠰᠤ᠂ ᠪᠦᠬᠦ ᠭᠠᠵᠠᠷ ᠳᠡᠯᠡᠬᠡᠢ᠂ ᠭᠠᠵᠠᠷ ᠢᠶᠠᠷ ᠮᠥᠯᠬᠥᠳᠡᠭ ᠮᠥᠯᠬᠥᠭᠴᠢ ᠪᠦᠭᠦᠳᠡ ᠶᠢ ᠵᠠᠬᠢᠷᠤᠭᠤᠯᠤᠶ᠎ᠠ》 ᠭᠡᠪᠡ᠃ 27 ᠡᠢᠨ ᠬᠦ ᠪᠤᠷᠬᠠᠨ ᠥᠪᠡᠷ ᠦᠨ ᠢᠶᠠᠨ ᠳᠦᠷᠢ ᠲᠥᠷᠬᠥ ᠪᠡᠷ ᠬᠥᠮᠦᠨ ᠢ ᠪᠦᠲᠦᠭᠡᠪᠡ᠂ ᠪᠤᠷᠬᠠᠨ ᠤ ᠳᠦᠷᠢ ᠲᠥᠷᠬᠥ ᠪᠡᠷ ᠪᠦᠲᠦᠭᠡᠪᠡ᠂ ᠡᠷᠡᠭᠲᠡᠢ ᠡᠮᠡᠭᠲᠡᠢ ᠬᠥᠮᠦᠨ ᠢ ᠪᠦᠲᠦᠭᠡᠪᠡ᠃ 28 ᠪᠤᠷᠬᠠᠨ ᠲᠡᠳᠡᠨ ᠢ ᠢᠷᠦᠭᠡᠨ ᠲᠡᠳᠡᠨ ᠳᠦ᠄ 《ᠦᠷᠡᠵᠢᠨ ᠣᠯᠠᠰᠢᠷᠠᠵᠤ᠂ ᠭᠠᠵᠠᠷ ᠳᠡᠯᠡᠬᠡᠢ ᠶᠢ ᠳᠦᠭᠦᠷᠭᠡᠨ ᠲᠡᠭᠦᠨ ᠢ ᠡᠷᠬᠡᠰᠢᠶᠡᠵᠦ᠂ ᠳᠠᠯᠠᠢ ᠶᠢᠨ ᠵᠢᠭᠠᠰᠤ᠂ ᠣᠭᠲᠠᠷᠭᠤᠢ ᠶᠢᠨ ᠰᠢᠪᠠᠭᠤᠳ ᠬᠢᠭᠡᠳ ᠭᠠᠵᠠᠷ ᠳᠡᠭᠡᠷ᠎ᠡ ᠬᠥᠳᠡᠯᠳᠡᠭ ᠬᠠᠮᠤᠭ ᠠᠮᠢᠲᠠᠨ ᠢ ᠵᠠᠬᠢᠷᠤᠭᠲᠤᠨ》 ᠭᠡᠪᠡ᠃ 29 ᠪᠤᠷᠬᠠᠨ᠄ 《ᠬᠠᠷᠠᠭᠲᠤᠨ᠂ ᠭᠠᠵᠠᠷ ᠳᠡᠯᠡᠬᠡᠢ ᠳᠡᠭᠡᠷᠡᠬᠢ ᠦᠷᠡᠲᠦ ᠡᠪᠡᠰᠦ ᠪᠦᠭᠦᠳᠡ ᠶᠢ᠂ ᠦᠷᠡᠲᠦ ᠵᠢᠮᠢᠰ ᠰᠠᠭᠤᠯᠭᠠᠬᠤ ᠮᠣᠳᠣ ᠪᠦᠭᠦᠳᠡ ᠶᠢ ᠪᠢ ᠲᠠ ᠨᠠᠷ ᠲᠤ ᠥᠭᠭᠥᠨ᠎ᠡ᠃ ᠲᠡᠷᠡ ᠪᠦᠬᠦᠨ ᠨᠢ ᠲᠠ ᠨᠠᠷ ᠤᠨ ᠬᠣᠭᠣᠯᠠ ᠬᠦᠨᠡᠰᠦ ᠪᠣᠯᠣᠨ᠎ᠠ᠃ 30 ᠭᠠᠵᠠᠷ ᠳᠡᠯᠡᠬᠡᠢ ᠶᠢᠨ ᠬᠠᠮᠤᠭ ᠵᠡᠷᠯᠢᠭ ᠠᠮᠢᠲᠠᠨ᠂ ᠣᠭᠲᠠᠷᠭᠤᠢ ᠶᠢᠨ ᠬᠠᠮᠤᠭ ᠰᠢᠪᠠᠭᠤ᠂ ᠭᠠᠵᠠᠷ ᠤᠨ ᠬᠠᠮᠤᠭ ᠮᠥᠯᠬᠥᠭᠴᠢ᠂ ᠲᠤᠬᠠᠢᠯᠠᠪᠠᠯ ᠠᠮᠢ ᠠᠮᠢᠰᠬᠤᠯ ᠲᠠᠢ ᠪᠦᠬᠦᠨ ᠳᠦ ᠪᠠᠰᠠ ᠬᠠᠮᠤᠭ ᠡᠪᠡᠰᠦ ᠨᠣᠭᠣᠭ᠎ᠠ ᠶᠢ ᠬᠣᠭᠣᠯᠠ ᠬᠦᠨᠡᠰᠦ ᠪᠣᠯᠭᠠᠨ ᠥᠭᠭᠥᠨ᠎ᠡ》 ᠭᠡᠬᠦ ᠳᠦ᠂ ᠶᠣᠰᠣᠭᠠᠷ ᠨᠢ ᠪᠣᠯᠵᠠᠢ᠃ 31 ᠪᠤᠷᠬᠠᠨ ᠵᠣᠬᠢᠶᠠᠭᠰᠠᠨ ᠪᠦᠬᠦᠨ ᠢᠶᠡᠨ ᠬᠠᠷᠠᠬᠤ ᠳᠤ᠂ ᠦᠨᠡᠬᠡᠷ ᠰᠠᠢᠨ ᠪᠠᠢᠪᠠ᠃ ᠦᠳᠡᠰᠢ ᠪᠣᠯᠵᠤ ᠥᠷᠯᠥᠭᠡ ᠪᠣᠯᠪᠠ᠃ ᠲᠡᠷᠡ ᠨᠢ ᠵᠢᠷᠭᠤᠳᠠᠬᠢ ᠡᠳᠦᠷ᠃