1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠬᠣᠷᠢ
 ᠠᠪᠷᠠᠬᠠᠮ ᠬᠢᠭᠡᠳ ᠠᠪᠢᠮᠧᠯᠧᠺ

1 ᠠᠪᠷᠠᠬᠠᠮ ᠲᠡᠨᠳᠡ ᠡᠴᠡ ᠨᠧᠭᠧᠪ ᠤᠨ ᠨᠤᠲᠤᠭ ᠤᠷᠤᠭᠤ ᠨᠡᠭᠦᠵᠦ᠂ ᠺᠠᠳᠧᠱ᠂ ᠱᠦᠷ ᠬᠣᠶᠠᠷ ᠤᠨ ᠬᠣᠭᠣᠷᠣᠨᠳᠣ ᠰᠠᠭᠤᠷᠢᠰᠢᠨ᠂ ᠳᠠᠷᠠᠭ᠎ᠠ ᠨᠢ ᠭᠧᠷᠠᠷ ᠲᠤ ᠲᠦᠷ ᠵᠠᠭᠤᠷ᠎ᠠ ᠰᠠᠭᠤᠪᠠ᠃ 2 ᠲᠡᠨᠳᠡ ᠠᠪᠷᠠᠬᠠᠮ ᠡᠬᠡᠨᠡᠷ ᠰᠠᠷᠠᠾ ᠢᠶᠠᠨ ᠮᠢᠨᠦ ᠥᠬᠢᠨ ᠳᠡᠭᠦᠦ ᠭᠡᠵᠦ ᠬᠡᠯᠡᠭᠰᠡᠨ ᠤᠴᠢᠷ ᠭᠧᠷᠠᠷ ᠤᠨ ᠬᠠᠭᠠᠨ ᠠᠪᠢᠮᠧᠯᠧᠺ ᠬᠥᠮᠦᠨ ᠢᠯᠡᠭᠡᠵᠦ᠂ ᠰᠠᠷᠠᠾ ᠢ ᠠᠪᠴᠠᠢ᠃ 3 ᠭᠡᠲᠡᠯ᠎ᠡ ᠪᠤᠷᠬᠠᠨ ᠠᠪᠢᠮᠧᠯᠧᠺ ᠳᠡᠭᠡᠷ᠎ᠡ ᠰᠥᠨᠢ ᠶᠢᠨ ᠵᠡᠭᠦᠳᠦᠨ ᠳᠦᠨᠢ ᠬᠦᠷᠴᠦ ᠢᠷᠡᠭᠡᠳ᠂ ᠲᠡᠭᠦᠨ ᠳᠦ᠄ 《ᠴᠢ ᠠᠪᠤᠭᠰᠠᠨ ᠡᠨᠡ ᠡᠮᠡᠭᠲᠡᠢ ᠡᠴᠡ ᠪᠡᠨ ᠪᠣᠯᠵᠤ ᠦᠬᠦᠬᠦ ᠪᠣᠯᠣᠨ᠎ᠠ︕ ᠲᠡᠷᠡ ᠪᠣᠯ ᠭᠡᠷᠯᠡᠭᠰᠡᠨ ᠡᠮᠡᠭᠲᠡᠢ ᠶᠤᠮ︕》 ᠭᠡᠪᠡ᠃ 4 ᠠᠪᠢᠮᠧᠯᠧᠺ ᠲᠡᠷᠡ ᠡᠮᠡᠭᠲᠡᠢ ᠲᠡᠢ ᠣᠢᠷᠠᠲᠤᠭ᠎ᠠ ᠦᠭᠡᠢ ᠪᠠᠢᠭᠰᠠᠨ ᠲᠤᠯᠠ᠄ 《ᠡᠵᠡᠨ ᠮᠢᠨᠢ ᠡ︕ ᠲᠠ ᠭᠡᠮ ᠦᠭᠡᠢ ᠦᠨᠳᠦᠰᠦᠲᠡᠨ ᠢ ᠬᠦᠷᠲᠡᠯ᠎ᠡ ᠤᠰᠠᠳᠬᠠᠨ᠎ᠠ ᠭᠡᠵᠢ ᠤᠤ︖ 5 ᠲᠡᠷᠡ ᠬᠥᠮᠦᠨ ᠨᠠᠳᠠ ᠳᠤ 〈ᠡᠨᠡ ᠮᠢᠨᠦ ᠥᠬᠢᠨ ᠳᠡᠭᠦᠦ〉 ᠭᠡᠵᠦ ᠬᠡᠯᠡᠭᠰᠡᠨ ᠪᠢᠰᠢ ᠤᠤ︖ ᠡᠨᠡ ᠡᠮᠡᠭᠲᠡᠢ ᠴᠤ ᠪᠠᠰᠠ ᠲᠡᠷᠡ ᠬᠥᠮᠦᠨ ᠢ 〈ᠮᠢᠨᠦ ᠠᠬ᠎ᠠ〉 ᠭᠡᠵᠦ ᠬᠡᠯᠡᠭᠰᠡᠨ ᠶᠤᠮ᠃ ᠪᠢ ᠡᠭᠦᠨ ᠢ ᠭᠡᠮ ᠦᠭᠡᠢ ᠰᠡᠳᠬᠢᠯ᠂ ᠴᠡᠪᠡᠷ ᠭᠠᠷ ᠢᠶᠠᠷ ᠦᠢᠯᠡᠳᠦᠭᠰᠡᠨ ᠪᠢᠯᠡ》 ᠭᠡᠪᠡ᠃ 6 ᠪᠤᠷᠬᠠᠨ ᠲᠡᠭᠦᠨ ᠦ ᠵᠡᠭᠦᠳᠦᠨ ᠳᠦᠨᠢ᠄ 《ᠲᠡᠢᠮᠦ ᠡ᠂ ᠡᠭᠦᠨ ᠢ ᠭᠡᠮ ᠦᠭᠡᠢ ᠰᠡᠳᠬᠢᠯ ᠢᠶᠠᠷ ᠦᠢᠯᠡᠳᠦᠭᠰᠡᠨ ᠢ ᠴᠢᠨᠢ ᠪᠢ ᠴᠤ ᠮᠡᠳᠡᠭᠡᠳ ᠴᠢᠮᠠᠶᠢ ᠥᠪᠡᠷ ᠦᠨ ᠡᠰᠡᠷᠭᠦ ᠭᠡᠮ ᠬᠢᠯᠭᠡᠭᠡ ᠦᠭᠡᠢ ᠶᠤᠮ᠃ ᠲᠡᠭᠦᠨ ᠳᠦ ᠭᠠᠷ ᠬᠦᠷᠬᠦ ᠶᠢ ᠴᠢᠨᠢ ᠴᠤ ᠵᠥᠪᠰᠢᠶᠡᠷᠡᠭᠡ ᠦᠭᠡᠢ ᠶᠤᠮ᠃ 7 ᠣᠳᠣ ᠴᠢ ᠲᠡᠷᠡ ᠬᠥᠮᠦᠨ ᠦ ᠡᠬᠡᠨᠡᠷ ᠢ ᠪᠤᠴᠠᠭ᠎ᠠ᠃ ᠲᠡᠷᠡ ᠪᠣᠯ ᠡᠰᠢ ᠦᠵᠡᠭᠦᠯᠦᠭᠴᠢ ᠶᠤᠮ᠃ ᠲᠡᠷᠡ ᠪᠡᠷ ᠴᠢᠨᠦ ᠲᠥᠯᠥᠭᠡ ᠭᠤᠶᠤᠪᠠᠯ ᠴᠢ ᠠᠮᠢᠳᠤ ᠦᠯᠡᠳᠡᠬᠦ ᠪᠣᠯᠣᠨ᠎ᠠ᠃ ᠬᠡᠷᠪᠡ ᠲᠡᠭᠦᠨ ᠢ ᠪᠤᠴᠠᠭᠠᠬᠤ ᠦᠭᠡᠢ ᠪᠣᠯ ᠴᠢᠮ᠎ᠠ ᠪᠠᠷ ᠪᠠᠷᠠᠬᠤ ᠦᠭᠡᠢ᠂ ᠲᠠᠨ ᠤ ᠬᠢᠨ ᠪᠦᠭᠦᠳᠡᠭᠡᠷ ᠵᠠᠢᠯᠠᠰᠢ ᠦᠭᠡᠢ ᠦᠬᠦᠬᠦ ᠪᠣᠯᠣᠨ᠎ᠠ ᠭᠡᠳᠡᠭ ᠢ ᠴᠢ ᠮᠡᠳᠡᠵᠦ ᠠᠪ》 ᠭᠡᠪᠡ᠃

8 ᠠᠪᠢᠮᠧᠯᠧᠺ ᠥᠷᠯᠥᠭᠡ ᠡᠷᠲᠡ ᠪᠣᠰᠣᠭᠠᠳ ᠬᠠᠮᠤᠭ ᠲᠦᠰᠢᠮᠡᠳ ᠢᠶᠡᠨ ᠳᠠᠭᠤᠳᠠᠵᠤ᠂ ᠡᠨᠡ ᠪᠦᠭᠦᠳᠡ ᠶᠢ ᠲᠡᠳᠡᠨ ᠦ ᠰᠣᠨᠣᠷ ᠲᠤ ᠬᠦᠷᠭᠡᠭᠰᠡᠨ ᠳᠦ᠂ ᠲᠡᠳᠡ ᠶᠡᠬᠡᠳᠡ ᠠᠶᠤᠪᠠ᠃ 9 ᠠᠪᠢᠮᠧᠯᠧᠺ ᠠᠪᠷᠠᠬᠠᠮ ᠢ ᠳᠠᠭᠤᠳᠠᠵᠤ᠄ 《ᠴᠢ ᠪᠢᠳᠡᠨ ᠳᠦ ᠶᠠᠭᠤ ᠬᠢᠴᠢᠬᠡᠪᠡ ᠡ︖ ᠴᠢᠮ᠎ᠠ ᠳᠤ ᠪᠢ ᠶᠠᠮᠠᠷ ᠪᠤᠷᠤᠭᠤ ᠶᠢ ᠬᠢᠭᠰᠡᠨ ᠡᠴᠡ ᠪᠣᠯᠵᠤ ᠴᠢ ᠨᠠᠮᠠᠶᠢ ᠪᠣᠯᠣᠨ ᠮᠢᠨᠦ ᠢᠷᠭᠡᠳ ᠢ ᠶᠡᠬᠡ ᠪᠤᠷᠤᠭᠤ ᠳᠤ ᠤᠨᠠᠭᠠᠬᠤ ᠭᠡᠰᠡᠨ ᠶᠤᠮ ᠪᠤᠢ︖ ᠴᠢ ᠬᠢᠬᠦ ᠶᠣᠰᠣ ᠦᠭᠡᠢ ᠶᠠᠭᠤᠮ᠎ᠠ ᠶᠢ ᠨᠠᠳᠠ ᠳᠤ ᠬᠢᠯ᠎ᠡ》 ᠭᠡᠪᠡ᠃ 10 ᠠᠪᠢᠮᠧᠯᠧᠺ ᠠᠪᠷᠠᠬᠠᠮ ᠠᠴᠠ᠄ 《ᠴᠢ ᠶᠠᠮᠠᠷ ᠰᠠᠨᠠᠭ᠎ᠠ ᠪᠠᠷ ᠢᠩᠭᠢᠭᠰᠡᠨ ᠪᠤᠢ︖》 ᠭᠡᠬᠦ ᠳᠦ᠂ 11 ᠠᠪᠷᠠᠬᠠᠮ᠄ 《ᠤᠤᠯ ᠨᠢ ᠪᠢ 〈ᠡᠨᠡ ᠨᠤᠲᠤᠭ ᠲᠤ ᠪᠤᠷᠬᠠᠨ ᠠᠴᠠ ᠠᠶᠤᠵᠤ ᠡᠮᠢᠶᠡᠨ᠎ᠡ ᠭᠡᠵᠦ ᠪᠠᠢᠬᠤ ᠦᠭᠡᠢ ᠶᠤᠮ ᠪᠠᠢᠨ᠎ᠠ᠂ ᠡᠬᠡᠨᠡᠷ ᠡᠴᠡ ᠮᠢᠨᠢ ᠪᠣᠯᠵᠤ ᠬᠥᠮᠦᠰ ᠨᠠᠮᠠᠶᠢ ᠠᠯᠠᠬᠤ ᠨᠢ ᠡ〉 ᠭᠡᠵᠦ ᠪᠣᠳᠣᠭᠰᠠᠨ ᠶᠤᠮ᠃ 12 ᠰᠠᠷᠠᠾ ᠮᠢᠨᠦ ᠥᠬᠢᠨ ᠳᠡᠭᠦᠦ ᠭᠡᠳᠡᠭ ᠨᠢ ᠦᠨᠡᠨ᠂ ᠲᠡᠷᠡ ᠮᠢᠨᠦ ᠡᠴᠢᠭᠡ ᠶᠢᠨ ᠥᠬᠢᠨ᠂ ᠬᠠᠷᠢᠨ ᠮᠢᠨᠦ ᠡᠵᠢ ᠡᠴᠡ ᠲᠥᠷᠥᠭᠡ ᠦᠭᠡᠢ᠂ ᠲᠡᠭᠡᠭᠡᠳ ᠮᠢᠨᠦ ᠡᠬᠡᠨᠡᠷ ᠪᠣᠯᠣᠭᠰᠠᠨ᠃ 13 ᠪᠤᠷᠬᠠᠨ ᠨᠠᠮᠠᠶᠢ ᠲᠡᠨᠦᠭᠦᠯ ᠪᠣᠯᠭᠠᠬᠤ ᠪᠠᠷ ᠡᠴᠢᠭᠡ ᠶᠢᠨ ᠮᠢᠨᠢ ᠭᠡᠷ ᠡᠴᠡ ᠭᠠᠷᠭᠠᠬᠤ ᠳᠤ᠂ ᠪᠢ ᠰᠠᠷᠠᠾ ᠳᠤ᠄ 〈ᠪᠢᠳᠡᠨ ᠦ ᠣᠴᠢᠬᠤ ᠭᠠᠵᠠᠷ ᠪᠦᠷᠢ ᠳᠤ ᠴᠢ ᠨᠠᠮᠠᠶᠢ ᠠᠬ᠎ᠠ ᠪᠠᠨ ᠭᠡᠵᠦ ᠬᠡᠯᠡᠭᠡᠷᠡᠢ᠃ ᠡᠢᠨ ᠬᠦ ᠴᠢ ᠨᠠᠳᠠ ᠳᠤ ᠬᠠᠢᠷ᠎ᠠ ᠪᠠᠨ ᠢᠯᠡᠷᠬᠡᠶᠢᠯᠡᠬᠦ ᠪᠣᠯᠣᠨ᠎ᠠ〉 ᠭᠡᠵᠦ ᠬᠡᠯᠡᠭᠰᠡᠨ ᠶᠤᠮ》 ᠭᠡᠪᠡ᠃ 14 ᠠᠪᠢᠮᠧᠯᠧᠺ ᠪᠣᠭ ᠮᠠᠯ᠂ ᠦᠬᠡᠷ ᠦᠨ ᠰᠦᠷᠦᠭ᠂ ᠡᠷᠡᠭᠲᠡᠢ ᠡᠮᠡᠭᠲᠡᠢ ᠵᠠᠷᠤᠴᠠ ᠨᠠᠷ ᠢ ᠠᠪᠷᠠᠬᠠᠮ ᠳᠤ ᠥᠭᠴᠦ᠂ ᠲᠡᠭᠦᠨ ᠦ ᠡᠬᠡᠨᠡᠷ ᠰᠠᠷᠠᠾ ᠢ ᠴᠤ ᠪᠤᠴᠠᠭᠠᠨ ᠶᠠᠪᠤᠭᠤᠯᠵᠠᠢ᠃ 15 ᠠᠪᠢᠮᠧᠯᠧᠺ᠄ 《ᠬᠠᠷᠠ᠂ ᠭᠠᠵᠠᠷ ᠨᠤᠲᠤᠭ ᠮᠢᠨᠢ ᠴᠢᠨᠦ ᠡᠮᠦᠨ᠎ᠡ ᠪᠠᠢᠨ᠎ᠠ᠃ ᠴᠢ ᠳᠤᠷᠠᠲᠠᠢ ᠭᠠᠵᠠᠷ ᠲᠠᠭᠠᠨ ᠰᠠᠭᠤᠷᠢᠰᠢ》 ᠭᠡᠳ 16 ᠪᠠᠰᠠ ᠰᠠᠷᠠᠾ ᠳᠤ᠄ 《ᠬᠠᠷᠠ᠂ ᠪᠢ ᠠᠬ᠎ᠠ ᠳᠤ ᠴᠢᠨᠢ ᠮᠢᠩ᠋ᠭᠠᠨ ᠱᠧᠺᠧᠯ 35 ᠮᠥᠩᠭᠥ ᠥᠭᠭᠥᠯ᠎ᠡ᠃ ᠡᠭᠦᠪᠡᠷ ᠪᠢᠳᠡ ᠴᠢᠮ᠎ᠠ ᠲᠠᠢ ᠬᠠᠮᠲᠤ ᠪᠠᠢᠭ᠎ᠠ ᠪᠦᠬᠦ ᠬᠥᠮᠦᠨ ᠦ ᠡᠮᠦᠨ᠎ᠡ ᠴᠢᠨᠦ ᠭᠡᠮ ᠦᠭᠡᠢ ᠭᠡᠳᠡᠭ ᠦᠨ ᠲᠡᠮᠳᠡᠭ ᠪᠣᠯᠭᠠᠶ᠎ᠠ᠂ ᠡᠢᠨ ᠬᠦ ᠴᠢᠨᠦ ᠭᠡᠮ ᠦᠭᠡᠢ ᠪᠠᠢᠳᠠᠯ ᠪᠠᠲᠤᠯᠠᠭᠳᠠᠬᠤ ᠪᠣᠯᠲᠤᠭᠠᠢ》 ᠭᠡᠪᠡ᠃ 17 ᠠᠪᠷᠠᠬᠠᠮ ᠪᠤᠷᠬᠠᠨ ᠳᠤ ᠭᠤᠶᠤᠭᠰᠠᠨ ᠳᠤ᠂ ᠪᠤᠷᠬᠠᠨ ᠠᠪᠢᠮᠧᠯᠧᠺ ᠪᠣᠯᠣᠨ ᠲᠡᠭᠦᠨ ᠦ ᠡᠬᠡᠨᠡᠷ᠂ ᠰᠢᠪᠡᠭᠴᠢᠳ ᠢ ᠡᠳᠡᠭᠡᠭᠡᠵᠦ᠂ ᠲᠡᠳᠡ ᠬᠡᠦᠬᠡᠳ ᠲᠥᠷᠥᠭᠦᠯᠵᠦ ᠪᠣᠯᠬᠤ ᠪᠣᠯᠵᠠᠢ᠃ 18 ᠤᠤᠯ ᠨᠢ ᠶᠣᠬᠣᠸᠠ ᠠᠪᠷᠠᠬᠠᠮ ᠤᠨ ᠡᠬᠡᠨᠡᠷ ᠰᠠᠷᠠᠾ ᠢ ᠠᠪᠤᠭᠰᠠᠨ ᠠᠪᠢᠮᠧᠯᠧᠺ ᠤᠨ ᠭᠡᠷ ᠪᠦᠯᠢ ᠶᠢᠨ ᠬᠢᠨ ᠤ ᠪᠦᠬᠦ ᠤᠮᠠᠢ ᠶᠢ ᠬᠠᠭᠠᠭᠰᠠᠨ ᠪᠠᠢᠯ᠎ᠠ᠃