1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠵᠢᠷᠭᠤᠭ᠎ᠠ
 ᠶᠡᠬᠡ ᠦᠶᠡᠷ ᠦᠨ ᠤᠴᠢᠷ

1 ᠭᠠᠵᠠᠷ ᠳᠡᠭᠡᠷ᠎ᠡ ᠬᠥᠮᠦᠨ ᠣᠯᠠᠰᠢᠷᠠᠵᠤ ᠡᠬᠢᠯᠡᠨ ᠲᠡᠳᠡᠨ ᠳᠦ ᠥᠬᠢᠳ ᠲᠥᠷᠥᠵᠦ ᠪᠠᠢᠬᠤ ᠳᠤ᠂ 2 ᠪᠤᠷᠬᠠᠨ ᠤ ᠬᠥᠪᠡᠭᠦᠳ ᠬᠥᠮᠦᠨ ᠦ ᠥᠬᠢᠳ ᠤᠨ ᠭᠤᠸ᠎ᠠ ᠦᠵᠡᠰᠬᠦᠯᠡᠩ ᠢ ᠦᠵᠡᠭᠡᠳ᠂ ᠲᠡᠳᠡᠨ ᠡᠴᠡ ᠰᠣᠩ᠋ᠭᠣᠭᠰᠠᠨ ᠪᠣᠯᠭᠠᠨ ᠢᠶᠠᠨ ᠡᠬᠡᠨᠡᠷ ᠪᠣᠯᠭᠠᠪᠠ᠃ 3 ᠲᠡᠭᠡᠬᠦ ᠳᠦ ᠶᠣᠬᠣᠸᠠ᠄ 《ᠮᠢᠨᠦ ᠰᠦᠨᠡᠰᠦ ᠬᠥᠮᠦᠨ ᠲᠡᠢ ᠮᠥᠩᠬᠡᠳᠡ ᠬᠠᠮᠲᠤ ᠪᠠᠢᠬᠤ ᠪᠢᠰᠢ᠂ ᠤᠴᠢᠷ ᠨᠢ ᠲᠡᠳᠡ ᠮᠢᠬᠠᠨ ᠪᠡᠶ᠎ᠡ ᠶᠤᠮ᠃ ᠲᠡᠳᠡ ᠵᠠᠭᠤ ᠬᠣᠷᠢᠨ ᠵᠢᠯ ᠤᠨ ᠬᠤᠭᠤᠴᠠᠭ᠎ᠠ ᠲᠠᠢ ᠪᠣᠯᠣᠨ᠎ᠠ》 ᠭᠡᠵᠡᠢ᠃ 4 ᠪᠤᠷᠬᠠᠨ ᠤ ᠬᠥᠪᠡᠭᠦᠳ ᠬᠥᠮᠦᠨ ᠦ ᠥᠬᠢᠳ ᠢ ᠠᠪᠤᠭᠰᠠᠨ ᠢᠶᠠᠷ ᠬᠡᠦᠬᠡᠳ ᠲᠡᠢ ᠪᠣᠯᠵᠤ ᠪᠠᠢᠭᠰᠠᠨ ᠦᠶ᠎ᠡ ᠳᠦ ᠨᠧᠹᠢᠯᠢᠮ 12 ᠬᠥᠮᠦᠨ ᠪᠠᠢᠪᠠ᠂ ᠬᠣᠵᠢᠮ ᠨᠢ ᠪᠠᠰᠠ ᠪᠠᠢᠭᠰᠠᠨ᠃ ᠲᠡᠳᠡ ᠪᠣᠯ ᠡᠷᠲᠡ ᠴᠠᠭ ᠤᠨ ᠳᠠᠢᠴᠢᠳ᠂ ᠨᠡᠷ᠎ᠡ ᠠᠯᠳᠠᠷᠲᠤ ᠬᠥᠮᠦᠰ ᠪᠤᠶᠤ᠃

5 ᠭᠠᠵᠠᠷ ᠳᠡᠯᠡᠬᠡᠢ ᠳᠡᠭᠡᠷᠡᠬᠢ ᠬᠥᠮᠦᠨ ᠦ ᠮᠠᠭᠤ ᠶᠠᠪᠤᠳᠠᠯ ᠦᠯᠡᠮᠵᠢ᠂ ᠵᠢᠷᠦᠬᠡᠨ ᠦ ᠬᠢᠨᠢ ᠪᠣᠳᠣᠯ ᠰᠡᠳᠦᠯ ᠪᠦᠬᠦᠨ ᠢᠮᠠᠭᠲᠠ ᠮᠠᠭᠤ ᠳᠤ ᠯᠠ ᠴᠢᠭᠯᠡᠬᠦ ᠶᠢ ᠶᠣᠬᠣᠸᠠ ᠬᠠᠷᠠᠭᠠᠳ 6 ᠬᠥᠮᠦᠨ ᠢ ᠭᠠᠵᠠᠷ ᠳᠡᠭᠡᠷ᠎ᠡ ᠵᠣᠬᠢᠶᠠᠭᠰᠠᠨ ᠳᠠᠭᠠᠨ ᠬᠠᠷᠠᠮᠰᠠᠨ᠂ ᠵᠢᠷᠦᠬᠡᠨ ᠳᠡᠭᠡᠨ ᠵᠣᠪᠠᠪᠠ᠃ 7 ᠶᠣᠬᠣᠸᠠ᠄ 《ᠪᠦᠲᠦᠭᠡᠭᠰᠡᠨ ᠬᠥᠮᠦᠨ ᠲᠥᠷᠥᠯᠬᠢᠲᠡᠨ ᠢᠶᠡᠨ ᠪᠢ ᠭᠠᠵᠠᠷ ᠤᠨ ᠬᠥᠷᠥᠰᠥᠨ ᠡᠴᠡ ᠠᠷᠴᠢᠨ ᠵᠠᠢᠯᠠᠭᠤᠯᠬᠤ ᠪᠣᠯᠣᠨ᠎ᠠ᠃ ᠬᠥᠮᠦᠨ ᠲᠥᠷᠥᠯᠬᠢᠲᠡᠨ ᠡᠴᠡ ᠠᠪᠤᠭᠠᠳ ᠮᠠᠯ ᠠᠳᠤᠭᠤᠰᠤ᠂ ᠭᠠᠵᠠᠷ ᠢᠶᠠᠷ ᠮᠥᠯᠬᠥᠭᠴᠢᠳ᠂ ᠣᠭᠲᠠᠷᠭᠤᠢ ᠶᠢᠨ ᠰᠢᠪᠠᠭᠤᠳ ᠢ ᠬᠦᠷᠲᠡᠯ᠎ᠡ ᠤᠰᠠᠳᠬᠠᠨ᠎ᠠ᠂ ᠡᠳᠡᠨ ᠢ ᠵᠣᠬᠢᠶᠠᠭᠰᠠᠨ ᠳᠠᠭᠠᠨ ᠪᠢ ᠬᠠᠷᠠᠮᠰᠠᠵᠤ ᠪᠠᠢᠨ᠎ᠠ》 ᠭᠡᠪᠡ᠃ 8 ᠬᠠᠷᠢᠨ ᠨᠣᠶᠠ ᠶᠣᠬᠣᠸᠠ ᠶᠢᠨ ᠮᠡᠯᠮᠡᠢ ᠳᠦ ᠲᠠᠭᠠᠯᠠᠯ ᠢ ᠣᠯᠵᠠᠢ᠃
 ᠪᠤᠷᠬᠠᠨ ᠨᠣᠶᠠ ᠳᠤ ᠮᠡᠳᠡᠭᠳᠡᠪᠡ

9 ᠨᠣᠶᠠ ᠶᠢᠨ ᠲᠡᠦᠬᠡ ᠡᠢᠮᠦ ᠪᠢᠯᠡ᠄ ᠨᠣᠶᠠ ᠦᠶ᠎ᠡ ᠶᠢᠨ ᠬᠢᠨ ᠤ ᠪᠠᠨ ᠳᠤᠮᠳᠠ ᠵᠥᠪᠲᠦ᠂ ᠴᠢᠭ᠍ᠴᠢ ᠬᠥᠮᠦᠨ ᠪᠠᠢᠪᠠ᠃ ᠨᠣᠶᠠ ᠪᠤᠷᠬᠠᠨ ᠲᠠᠢ ᠬᠠᠮᠲᠤ ᠶᠠᠪᠤᠳᠠᠭ ᠪᠠᠢᠵᠠᠢ᠃ 10 ᠨᠣᠶᠠ ᠳᠤ ᠲᠥᠷᠥᠭᠰᠡᠨ ᠭᠤᠷᠪᠠᠨ ᠬᠦᠦ᠄ ᠱᠧᠮ᠂ ᠾᠠᠮ᠂ ᠶᠠᠹᠧᠲ ᠪᠢᠯᠡ᠃

11 ᠪᠤᠷᠬᠠᠨ ᠤ ᠡᠮᠦᠨ᠎ᠡ ᠭᠠᠵᠠᠷ ᠳᠡᠯᠡᠬᠡᠢ ᠢᠯᠵᠢᠷᠡᠵᠦ᠂ ᠬᠦᠴᠦᠷᠬᠡᠭᠯᠡᠯ ᠢᠶᠡᠷ ᠳᠦᠭᠦᠷᠪᠡ᠃ 12 ᠪᠤᠷᠬᠠᠨ ᠬᠠᠷᠠᠬᠤ ᠳᠤ᠂ ᠭᠠᠵᠠᠷ ᠳᠡᠯᠡᠬᠡᠢ ᠦᠨᠡᠬᠡᠷ ᠢᠯᠵᠢᠷᠡᠭᠰᠡᠨ ᠪᠠᠢᠪᠠ︕ ᠤᠴᠢᠷ ᠨᠢ ᠮᠢᠬᠠᠨ ᠪᠡᠶᠡᠲᠦ ᠪᠦᠬᠦᠨ ᠦ ᠭᠠᠵᠠᠷ ᠳᠡᠭᠡᠷᠡᠬᠢ ᠦᠢᠯᠡ ᠶᠠᠪᠤᠳᠠᠯ ᠢᠯᠵᠢᠷᠡᠵᠡᠢ᠃ 13 ᠪᠤᠷᠬᠠᠨ ᠨᠣᠶᠠ ᠳᠤ᠄ 《ᠮᠢᠬᠠᠨ ᠪᠡᠶᠡᠲᠦ ᠪᠦᠬᠦᠨ ᠦ ᠡᠴᠦᠰ ᠮᠢᠨᠦ ᠡᠮᠦᠨ᠎ᠡ ᠬᠦᠷᠴᠦ ᠢᠷᠡᠯ᠎ᠡ᠃ ᠲᠡᠳᠡᠨ ᠦ ᠤᠯᠠᠮ ᠢᠶᠠᠷ ᠭᠠᠵᠠᠷ ᠳᠡᠯᠡᠬᠡᠢ ᠬᠦᠴᠦᠷᠬᠡᠭᠯᠡᠯ ᠢᠶᠡᠷ ᠳᠦᠭᠦᠷᠦᠭᠰᠡᠨ ᠲᠤᠯᠠ ᠪᠢ ᠥᠪᠡᠷ ᠢᠶᠡᠨ ᠲᠡᠳᠡᠨ ᠢ ᠭᠠᠵᠠᠷ ᠲᠠᠢ ᠬᠠᠮᠲᠤ ᠤᠰᠠᠳᠬᠠᠨ᠎ᠠ᠃ 14 ᠡᠢᠮᠦ ᠡᠴᠡ ᠴᠢ ᠭᠤᠹᠧᠷ 13 ᠮᠣᠳᠣ ᠪᠠᠷ ᠣᠩ᠋ᠭᠣᠴᠠ ᠬᠢᠭᠲᠦᠨ᠂ ᠲᠡᠭᠦᠨ ᠳᠣᠲᠣᠷ᠎ᠠ ᠪᠠᠨ ᠲᠠᠰᠤᠯᠭ᠎ᠠ ᠨᠤᠭᠤᠳ ᠭᠠᠷᠭᠠᠵᠤ ᠳᠣᠲᠣᠷ᠎ᠠ ᠭᠠᠳᠠᠷ ᠦᠭᠡᠢ ᠳᠠᠪᠠᠷᠬᠠᠢ ᠲᠦᠷᠬᠢ᠃ 15 ᠲᠡᠭᠦᠨ ᠢ ᠡᠢᠨ ᠬᠦ ᠬᠢ᠄ ᠤᠷᠲᠤ ᠨᠢ ᠭᠤᠷᠪᠠᠨ ᠵᠠᠭᠤᠨ ᠲᠣᠬᠣᠢ᠂ ᠥᠷᠭᠡᠨ ᠨᠢ ᠲᠠᠪᠢᠨ ᠲᠣᠬᠣᠢ᠂ ᠥᠨᠳᠥᠷ ᠨᠢ ᠭᠤᠴᠢᠨ ᠲᠣᠬᠣᠢ ᠪᠠᠢᠬᠤ ᠶᠣᠰᠣᠲᠠᠢ᠃ 16 ᠣᠷᠣᠢ ᠠᠴᠠ ᠨᠢ ᠨᠢᠭᠡ ᠲᠣᠬᠣᠢ ᠶᠢᠨ ᠵᠠᠢ ᠳᠤ ᠭᠡᠭᠡᠪᠴᠢ ᠬᠢᠵᠦ᠂ ᠣᠩ᠋ᠭᠣᠴᠠᠨ ᠤ ᠬᠠᠵᠠᠭᠤ ᠲᠠᠯ᠎ᠠ ᠳᠤ ᠬᠠᠭᠠᠯᠭ᠎ᠠ ᠭᠠᠷᠭᠠᠨ ᠣᠩ᠋ᠭᠣᠴᠠ ᠶᠢ ᠳᠡᠭᠡᠳᠦ᠂ ᠳᠤᠮᠳᠠ᠂ ᠳᠣᠣᠷᠠᠳᠤ ᠳᠠᠪᠬᠤᠷ ᠲᠠᠢ ᠬᠢ᠃ 17 ᠠᠩ᠋ᠬᠠᠷᠤᠭᠲᠤᠨ᠂ ᠪᠢ ᠤᠳᠠᠯ ᠦᠭᠡᠢ ᠭᠠᠵᠠᠷ ᠳᠡᠯᠡᠬᠡᠢ ᠳᠦ ᠦᠶᠡᠷ ᠪᠠᠭᠤᠯᠭᠠᠵᠤ᠂ ᠲᠩᠷᠢ ᠶᠢᠨ ᠳᠣᠣᠷᠠᠬᠢ ᠠᠮᠢ ᠠᠮᠢᠰᠬᠤᠭ᠎ᠠ ᠲᠠᠢ ᠮᠢᠬᠠᠨ ᠪᠡᠶᠡᠲᠦ ᠪᠦᠬᠦᠨ ᠢ ᠤᠰᠠᠳᠬᠠᠨ᠎ᠠ᠃ ᠭᠠᠵᠠᠷ ᠳᠡᠯᠡᠬᠡᠢ ᠳᠦ ᠪᠠᠢᠭ᠎ᠠ ᠪᠦᠬᠦᠨ ᠰᠥᠨᠥᠨ᠎ᠡ᠃ 18 ᠬᠠᠷᠢᠨ ᠪᠢ ᠴᠢᠮ᠎ᠠ ᠲᠠᠢ ᠭᠡᠷ᠎ᠡ ᠪᠠᠢᠭᠤᠯᠤᠶ᠎ᠠ᠂ ᠴᠢ ᠥᠪᠡᠷ ᠦᠨ ᠢᠶᠠᠨ ᠬᠥᠪᠡᠭᠦᠳ᠂ ᠡᠬᠡᠨᠡᠷ᠂ ᠪᠡᠷᠢᠶᠡᠳ ᠲᠡᠢ ᠬᠠᠮᠲᠤ ᠲᠡᠷᠡ ᠣᠩ᠋ᠭᠣᠴᠠᠨ ᠳᠤ ᠣᠷᠣ᠃ 19 ᠠᠮᠢᠲᠠᠨ ᠪᠦᠬᠦᠨ ᠡᠴᠡ᠂ ᠮᠢᠬᠠᠨ ᠪᠡᠶᠡᠲᠦ ᠪᠣᠯᠭᠠᠨ ᠠᠴᠠ ᠡᠷ᠎ᠡ ᠡᠮ᠎ᠡ ᠬᠣᠣᠰ ᠢ ᠣᠩ᠋ᠭᠣᠴᠠᠨ ᠳᠤ ᠣᠷᠣᠭᠤᠯ᠃ ᠡᠢᠨ ᠬᠦ ᠲᠡᠳᠡᠭᠡᠷ ᠡᠴᠡ ᠲᠥᠷᠥᠯ ᠪᠦᠷᠢ ᠶᠢᠨ ᠡᠷ᠎ᠡ ᠡᠮ᠎ᠡ ᠬᠣᠣᠰ ᠪᠦᠷᠢ ᠥᠪᠡᠷ ᠲᠡᠢ ᠴᠢᠨᠢ ᠬᠠᠮᠲᠤ ᠠᠮᠢᠳᠤ ᠦᠯᠡᠳᠡᠬᠦ ᠪᠣᠯᠣᠨ᠎ᠠ᠃ 20 ᠰᠢᠪᠠᠭᠤᠳ ᠲᠥᠷᠥᠯ ᠲᠥᠷᠥᠯ ᠢᠶᠡᠷ ᠢᠶᠠᠨ᠂ ᠮᠠᠯ ᠠᠳᠤᠭᠤᠰᠤ ᠲᠥᠷᠥᠯ ᠲᠥᠷᠥᠯ ᠢᠶᠡᠷ ᠢᠶᠠᠨ᠂ ᠭᠠᠵᠠᠷ ᠢᠶᠠᠷ ᠮᠥᠯᠬᠥᠭᠴᠢ ᠪᠦᠬᠦᠨ ᠴᠤ ᠲᠥᠷᠥᠯ ᠲᠥᠷᠥᠯ ᠢᠶᠡᠷ ᠢᠶᠠᠨ ᠬᠣᠣᠰ ᠬᠣᠣᠰ ᠢᠶᠠᠷ ᠢᠶᠠᠨ ᠴᠢᠮ᠎ᠠ ᠤᠷᠤᠭᠤ ᠢᠷᠡᠵᠦ ᠠᠮᠢᠳᠤ ᠦᠯᠡᠳᠡᠬᠦ ᠪᠣᠯᠣᠨ᠎ᠠ᠃ 21 ᠬᠠᠷᠢᠨ ᠴᠢ ᠲᠥᠷᠥᠯ ᠪᠦᠷᠢ ᠶᠢᠨ ᠬᠣᠭᠣᠯᠠ ᠲᠠᠵᠢᠭᠡᠯ ᠡᠴᠡ ᠠᠪᠴᠤ ᠥᠪᠡᠷ ᠦᠨ ᠢᠶᠠᠨ ᠪᠣᠯᠣᠨ ᠲᠡᠳᠡᠨ ᠦ ᠢᠳᠡᠬᠦ ᠨᠥᠭᠡᠴᠡ ᠪᠣᠯᠭᠠᠨ ᠬᠠᠳᠠᠭᠠᠯᠠ》 ᠭᠡᠵᠡᠢ᠃ 22 ᠨᠣᠶᠠ ᠲᠡᠢᠨ ᠬᠦ ᠦᠢᠯᠡᠳᠴᠦ᠂ ᠪᠤᠷᠬᠠᠨ ᠤ ᠲᠤᠰᠢᠶᠠᠭᠰᠠᠨ ᠪᠦᠬᠦᠨ ᠢ ᠶᠣᠰᠣᠭᠠᠷ ᠨᠢ ᠭᠦᠢᠴᠡᠳᠬᠡᠵᠡᠢ᠃