1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠭᠤᠴᠢᠨ ᠨᠠᠢ᠌ᠮᠠ
 ᠶᠦᠳᠠ ᠪᠠ ᠲᠠᠮᠠᠷ

1 ᠲᠡᠷᠡ ᠦᠶ᠎ᠡ ᠳᠦ ᠶᠦᠳᠠ ᠠᠬ᠎ᠠ ᠳᠡᠭᠦᠦ ᠨᠠᠷ ᠠᠴᠠ ᠪᠠᠨ ᠰᠠᠯᠵᠤ᠂ ᠠᠳᠦ᠋ᠯᠠᠮ ᠤᠨ ᠾᠢᠷᠠ ᠭᠡᠳᠡᠭ ᠬᠥᠮᠦᠨ ᠦ ᠬᠠᠵᠠᠭᠤ ᠳᠤ ᠰᠠᠭᠤᠷᠢᠰᠢᠪᠠ᠃ 2 ᠶᠦᠳᠠ ᠲᠡᠨᠳᠡ ᠱᠦᠶ᠎ᠠ ᠭᠡᠳᠡᠭ ᠺᠠᠨᠠᠨ ᠬᠥᠮᠦᠨ ᠦ ᠥᠬᠢᠨ ᠢ ᠣᠯᠵᠤ ᠦᠵᠡᠭᠡᠳ᠂ ᠲᠡᠭᠦᠨ ᠢ ᠠᠪᠴᠤ ᠲᠡᠭᠦᠨ ᠲᠡᠢ ᠳᠡᠷ᠎ᠡ ᠨᠡᠢᠯᠡᠭᠦᠯᠵᠡᠢ᠃ 3 ᠲᠡᠷᠡ ᠵᠢᠷᠮᠦᠰᠦᠯᠡᠵᠦ ᠬᠦᠦ ᠲᠥᠷᠥᠭᠦᠯᠬᠦ ᠳᠦ᠂ ᠶᠦᠳᠠ ᠲᠡᠭᠦᠨ ᠢ ᠧᠷ ᠭᠡᠵᠦ ᠨᠡᠷᠡᠯᠡᠪᠡ᠃ 4 ᠲᠡᠷᠡ ᠡᠮᠡᠭᠲᠡᠢ ᠳᠠᠬᠢᠨ ᠵᠢᠷᠮᠦᠰᠦᠯᠡᠵᠦ᠂ ᠬᠦᠦ ᠲᠥᠷᠥᠭᠦᠯᠦᠭᠡᠳ ᠲᠡᠭᠦᠨ ᠢ ᠪᠠᠨ ᠣᠨᠠᠨ ᠭᠡᠵᠦ ᠨᠡᠷᠡᠯᠡᠭᠰᠡᠨ ᠪᠥᠭᠡᠳ 5 ᠪᠠᠰᠠ ᠳᠠᠬᠢᠨ ᠬᠦᠦ ᠲᠥᠷᠥᠭᠦᠯᠵᠦ᠂ ᠲᠡᠭᠦᠨ ᠢ ᠪᠠᠨ ᠱᠧᠯᠠ ᠭᠡᠵᠦ ᠨᠡᠷᠡᠯᠡᠵᠡᠢ᠃ ᠱᠧᠯᠠ ᠲᠥᠷᠥᠬᠦ ᠳᠦ᠂ ᠶᠦᠳᠠ ᠺᠧᠽᠢᠪ ᠲᠤ ᠪᠠᠢᠯ᠎ᠠ᠃ 6 ᠶᠦᠳᠠ ᠤᠤᠭᠠᠨ ᠬᠦᠦ ᠧᠷ ᠲᠡᠭᠡᠨ ᠡᠬᠡᠨᠡᠷ ᠠᠪᠴᠤ ᠥᠭᠴᠡᠢ᠃ ᠲᠡᠭᠦᠨ ᠦ ᠨᠡᠷ᠎ᠡ ᠶᠢ ᠲᠠᠮᠠᠷ ᠭᠡᠳᠡᠭ ᠪᠠᠢᠪᠠ᠃ 7 ᠬᠠᠷᠢᠨ ᠶᠦᠳᠠ ᠶᠢᠨ ᠤᠤᠭᠠᠨ ᠬᠦᠦ ᠧᠷ ᠨᠢ ᠶᠣᠬᠣᠸᠠ ᠶᠢᠨ ᠮᠡᠯᠮᠡᠢ ᠳᠦ ᠬᠣᠷᠣᠨ ᠮᠠᠭᠤ ᠪᠠᠢᠭᠰᠠᠨ ᠲᠤᠯᠠ ᠶᠣᠬᠣᠸᠠ ᠲᠡᠭᠦᠨ ᠢ ᠠᠯᠠᠵᠠᠢ᠃ 8 ᠶᠦᠳᠠ ᠣᠨᠠᠨ ᠳᠤ᠄ 《ᠴᠢ ᠠᠬ᠎ᠠ ᠶᠢᠨ ᠢᠶᠠᠨ ᠡᠬᠡᠨᠡᠷ ᠲᠡᠢ ᠬᠠᠮᠲᠤ ᠰᠠᠭᠤᠵᠤ ᠠᠬ᠎ᠠ ᠶᠢᠨ ᠢᠶᠠᠨ ᠲᠥᠯᠥᠭᠡ ᠡᠭᠦᠷᠭᠡ ᠪᠡᠨ ᠪᠡᠶᠡᠯᠡᠭᠦᠯᠵᠦ᠂ ᠠᠬ᠎ᠠ ᠶᠢᠨ ᠢᠶᠠᠨ ᠤᠭᠰᠠᠭ᠎ᠠ ᠶᠢ ᠵᠠᠯᠭᠠᠮᠵᠢᠯᠠᠬᠤ ᠦᠷ᠎ᠡ ᠬᠡᠦᠬᠡᠳ ᠣᠯᠵᠤ ᠥᠭ》 ᠭᠡᠵᠦ ᠬᠡᠯᠡᠪᠡ᠂ 9 ᠬᠠᠷᠢᠨ ᠣᠨᠠᠨ ᠲᠡᠷᠡ ᠦᠷ᠎ᠡ ᠨᠢ ᠥᠪᠡᠷ ᠦᠨ ᠬᠢᠨᠢ ᠪᠣᠯᠬᠤ ᠦᠭᠡᠢ ᠶᠢ ᠮᠡᠳᠡᠭᠡᠳ᠂ ᠠᠬ᠎ᠠ ᠶᠢᠨ ᠢᠶᠠᠨ ᠡᠬᠡᠨᠡᠷ ᠲᠡᠢ ᠤᠨᠲᠠᠬᠤ ᠪᠣᠯᠭᠠᠨ ᠳᠠᠭᠠᠨ ᠠᠬ᠎ᠠ ᠳᠠᠭᠠᠨ ᠦᠷ᠎ᠡ ᠬᠡᠦᠬᠡᠳ ᠦᠯᠡᠳᠡᠭᠡᠬᠦ ᠦᠭᠡᠢ ᠶᠢᠨ ᠲᠤᠯᠠᠳᠠ ᠦᠷ᠎ᠡ ᠪᠡᠨ ᠭᠠᠵᠠᠷ ᠲᠤ ᠠᠰᠬᠠᠳᠠᠭ ᠪᠠᠢᠪᠠ᠃ 10 ᠡᠳᠡᠭᠡᠷ ᠦᠢᠯᠡ ᠶᠠᠪᠤᠳᠠᠯ ᠨᠢ ᠶᠣᠬᠣᠸᠠ ᠶᠢᠨ ᠮᠡᠯᠮᠡᠢ ᠳᠦ ᠬᠣᠷᠣᠨ ᠮᠠᠭᠤ ᠪᠠᠢᠭᠰᠠᠨ ᠤᠴᠢᠷ ᠠᠴᠠ ᠲᠡᠷᠡ ᠲᠡᠭᠦᠨ ᠢ ᠪᠠᠰᠠ ᠠᠯᠠᠭᠰᠠᠨ ᠪᠠᠢᠨ᠎ᠠ᠃ 11 ᠶᠦᠳᠠ ᠪᠡᠷᠢ ᠲᠠᠮᠠᠷ ᠲᠠᠭᠠᠨ᠄ 《ᠴᠢ ᠪᠡᠯᠪᠡᠰᠦᠨ ᠡᠮᠡᠭᠲᠡᠢ ᠪᠣᠯᠣᠭᠰᠠᠨ ᠲᠤᠯᠠ ᠮᠢᠨᠦ ᠬᠦᠦ ᠱᠧᠯᠠ ᠶᠢ ᠨᠠᠰᠤᠨ ᠳᠤ ᠬᠦᠷᠲᠡᠯ᠎ᠡ ᠡᠴᠢᠭᠡ ᠶᠢᠨ ᠢᠶᠠᠨ ᠭᠡᠷ ᠲᠦ ᠰᠠᠭᠤᠵᠤ ᠪᠠᠢᠭᠠᠷᠠᠢ》 ᠭᠡᠵᠦ ᠬᠡᠯᠡᠪᠡ᠃ ᠤᠴᠢᠷ ᠨᠢ ᠲᠡᠷᠡ ᠱᠧᠯᠠ ᠪᠠᠰᠠ ᠠᠬ᠎ᠠ ᠨᠠᠷ ᠲᠠᠢ ᠪᠠᠨ ᠠᠳᠠᠯᠢ ᠪᠠᠷ ᠦᠬᠦᠬᠦ ᠪᠤᠢ ᠭᠡᠵᠦ ᠪᠣᠳᠣᠵᠤ ᠪᠠᠢᠯ᠎ᠠ᠃ ᠲᠡᠭᠡᠭᠡᠳ ᠲᠠᠮᠠᠷ ᠡᠴᠢᠭᠡ ᠶᠢᠨ ᠢᠶᠠᠨ ᠭᠡᠷ ᠲᠦ ᠣᠴᠢᠵᠤ ᠰᠠᠭᠤᠪᠠ᠃

12 ᠲᠡᠭᠦᠨ ᠡᠴᠡ ᠨᠡᠯᠢᠶᠡᠳ ᠬᠣᠢᠨ᠎ᠠ ᠶᠦᠳᠠ ᠶᠢᠨ ᠡᠬᠡᠨᠡᠷ᠂ ᠱᠦᠶ᠎ᠠ ᠶᠢᠨ ᠥᠬᠢᠨ ᠨᠠᠰᠤ ᠪᠠᠷᠠᠪᠠ᠃ ᠶᠦᠳᠠ ᠰᠡᠳᠬᠢᠯ ᠲᠠᠢᠳᠬᠤᠷᠠᠭᠰᠠᠨ ᠤ ᠪᠠᠨ ᠳᠠᠷᠠᠭ᠎ᠠ ᠥᠪᠡᠷ ᠦᠨ ᠢᠶᠠᠨ ᠨᠠᠢᠵᠠ ᠠᠳᠦ᠋ᠯᠠᠮ ᠬᠥᠮᠦᠨ ᠾᠢᠷᠠ ᠲᠠᠢ ᠬᠠᠮᠲᠤ ᠲᠢᠮᠨᠠ ᠥᠭᠡᠳᠡ ᠶᠠᠪᠤᠵᠤ᠂ ᠬᠣᠨᠢ ᠬᠢᠷᠭᠠᠭᠴᠢᠳ ᠳᠡᠭᠡᠷ᠎ᠡ ᠪᠡᠨ ᠣᠴᠢᠪᠠ᠃ 13 ᠨᠢᠭᠡ ᠬᠥᠮᠦᠨ ᠲᠠᠮᠠᠷ ᠲᠤ᠄ 《ᠲᠠᠨ ᠤ ᠬᠠᠳᠠᠮ ᠡᠴᠢᠭᠡ ᠬᠣᠨᠢ ᠪᠠᠨ ᠬᠢᠷᠭᠠᠬᠤ ᠪᠠᠷ ᠲᠢᠮᠨᠠ ᠥᠭᠡᠳᠡ ᠭᠠᠷᠴᠠᠢ》 ᠭᠡᠵᠦ ᠳᠤᠭᠤᠯᠭᠠᠬᠤ ᠳᠤ᠂ 14 ᠲᠠᠮᠠᠷ ᠪᠡᠯᠪᠡᠰᠦᠷᠡᠯ ᠦᠨ ᠬᠤᠪᠴᠠᠰᠤ ᠪᠠᠨ ᠲᠠᠢᠯᠵᠤ᠂ ᠪᠡᠶ᠎ᠡ ᠪᠡᠨ ᠨᠥᠮᠥᠷᠭᠡ ᠪᠡᠷ ᠣᠷᠢᠶᠠᠨ᠂ ᠨᠢᠭᠤᠷ ᠢᠶᠠᠨ ᠪᠦᠲᠡᠭᠡᠭᠡᠳ᠂ ᠲᠢᠮᠨᠠ ᠣᠷᠣᠬᠤ ᠵᠠᠮ ᠳᠡᠭᠡᠷᠡᠬᠢ ᠡᠨᠠᠢᠮ ᠤᠨ ᠬᠠᠭᠠᠯᠭᠠᠨ ᠳᠡᠭᠡᠷ᠎ᠡ ᠰᠠᠭᠤᠪᠠ᠃ ᠤᠴᠢᠷ ᠨᠢ ᠱᠧᠯᠠ ᠨᠠᠰᠤᠨ ᠳᠤ ᠬᠦᠷᠦᠭᠰᠡᠨ ᠪᠣᠯᠪᠠᠴᠤ᠂ ᠶᠦᠳᠠ ᠲᠡᠭᠦᠨ ᠢ ᠥᠪᠡᠷ ᠲᠡᠢ ᠨᠢ ᠭᠡᠷᠯᠡᠭᠦᠯᠬᠦ ᠦᠭᠡᠢ ᠪᠠᠢᠬᠤ ᠶᠢ ᠲᠠᠮᠠᠷ ᠬᠠᠷᠠᠭᠰᠠᠨ ᠪᠠᠢᠨ᠎ᠠ᠃ 15 ᠶᠦᠳᠠ ᠲᠡᠭᠦᠨ ᠢ ᠬᠠᠷᠠᠭᠠᠳ ᠶᠠᠩ᠋ᠬᠠᠨ ᠪᠠᠢᠬ᠎ᠠ ᠭᠡᠵᠦ ᠪᠣᠳᠣᠪᠠ᠃ ᠤᠴᠢᠷ ᠨᠢ ᠲᠡᠷᠡ ᠪᠡᠷ ᠨᠢᠭᠤᠷ ᠢᠶᠠᠨ ᠪᠦᠲᠡᠭᠡᠵᠦ ᠪᠠᠢᠯ᠎ᠠ᠃ 16 ᠲᠡᠭᠦᠨ ᠢ ᠪᠡᠷᠢ ᠪᠠᠨ ᠭᠡᠵᠦ ᠣᠭᠲᠣ ᠲᠠᠨᠢᠭ᠎ᠠ ᠦᠭᠡᠢ ᠪᠣᠯᠬᠣᠷ ᠶᠦᠳᠠ ᠵᠠᠮ ᠤᠨ ᠬᠠᠵᠠᠭᠤ ᠳᠤ ᠣᠴᠢᠵᠤ᠂ ᠲᠡᠭᠦᠨ ᠡᠴᠡ᠄ 《ᠬᠥᠶᠶ᠂ ᠨᠠᠮᠠᠶᠢ ᠥᠪᠡᠷ ᠲᠡᠢ ᠪᠡᠨ ᠬᠠᠮᠲᠤ ᠤᠨᠲᠠᠭᠤᠯᠬᠤ ᠤᠤ︖》 ᠭᠡᠵᠡᠢ᠃ ᠲᠡᠷᠡ᠄ 《ᠲᠠ ᠨᠠᠳᠠ ᠳᠤ ᠶᠠᠭᠤ ᠥᠭᠴᠦ᠂ ᠨᠠᠳᠠ ᠲᠠᠢ ᠬᠠᠮᠲᠤ ᠤᠨᠲᠠᠬᠤ ᠶᠤᠮ ᠪᠤᠢ︖》 ᠭᠡᠯ᠎ᠡ᠃ 17 ᠲᠡᠷᠡ᠄ 《ᠪᠢ ᠰᠦᠷᠦᠭ ᠡᠴᠡ ᠪᠡᠨ ᠨᠢᠭᠡ ᠢᠰᠢᠭᠡ ᠥᠭᠭᠥᠨ᠎ᠡ》 ᠭᠡᠰᠡᠨ ᠳᠦ᠂ ᠲᠡᠷᠡ ᠪᠡᠷ᠄ 《ᠲᠡᠭᠦᠨ ᠢ ᠪᠠᠨ ᠥᠭᠬᠦ ᠡᠴᠡ ᠡᠮᠦᠨ᠎ᠡ ᠪᠠᠷᠢᠴᠠᠭ᠎ᠠ ᠥᠭᠬᠦ ᠤᠤ︖》 ᠭᠡᠵᠡᠢ᠃ 18 ᠶᠦᠳᠠ᠄ 《ᠶᠠᠮᠠᠷ ᠪᠠᠷᠢᠴᠠᠭ᠎ᠠ ᠠᠪᠬᠤ ᠪᠤᠢ︖》 ᠭᠡᠰᠡᠨ ᠳᠦ᠂ ᠲᠡᠷᠡ᠄ 《ᠥᠪᠡᠷ ᠦᠨ ᠢᠶᠠᠨ ᠲᠠᠮᠠᠭ᠎ᠠ᠂ ᠲᠡᠭᠦᠨ ᠦ ᠣᠭᠣᠰᠣᠷ ᠪᠣᠯᠣᠨ ᠭᠠᠷ ᠲᠠᠭᠠᠨ ᠪᠠᠢᠭ᠎ᠠ ᠲᠠᠶᠠᠭ ᠢᠶᠠᠨ ᠥᠭ》 ᠭᠡᠪᠡ᠃ ᠶᠦᠳᠠ ᠲᠡᠳᠡᠭᠡᠷ ᠢ ᠲᠡᠭᠦᠨ ᠳᠦ ᠥᠭᠭᠥᠭᠡᠳ᠂ ᠬᠠᠮᠲᠤ ᠤᠨᠲᠠᠭᠰᠠᠨ ᠳᠤ ᠲᠠᠮᠠᠷ ᠲᠡᠭᠦᠨ ᠡᠴᠡ ᠵᠢᠷᠮᠦᠰᠦᠯᠡᠵᠡᠢ᠃ 19 ᠲᠡᠷᠡ ᠡᠮᠡᠭᠲᠡᠢ ᠪᠣᠰᠴᠤ ᠶᠠᠪᠤᠭᠠᠳ ᠨᠥᠮᠥᠷᠭᠡ ᠪᠡᠨ ᠲᠠᠢᠯᠵᠤ᠂ ᠪᠡᠯᠪᠡᠰᠦᠷᠡᠯ ᠦᠨ ᠬᠤᠪᠴᠠᠰᠤ ᠪᠠᠨ ᠳᠠᠬᠢᠨ ᠡᠮᠦᠰᠪᠡ᠃

20 ᠶᠦᠳᠠ ᠲᠡᠷᠡ ᠡᠮᠡᠭᠲᠡᠢ ᠶᠢᠨ ᠭᠠᠷ ᠠᠴᠠ ᠪᠠᠷᠢᠴᠠᠭ᠎ᠠ ᠪᠠᠨ ᠠᠪᠬᠤ ᠪᠠᠷ ᠥᠪᠡᠷ ᠦᠨ ᠨᠠᠢᠵᠠ ᠠᠳᠦ᠋ᠯᠠᠮ ᠬᠥᠮᠦᠨ ᠢᠶᠡᠷ ᠨᠢᠭᠡ ᠢᠰᠢᠭᠡ ᠶᠠᠪᠤᠭᠤᠯᠤᠭᠰᠠᠨ ᠪᠣᠯᠪᠠᠴᠤ ᠲᠡᠷᠡ ᠪᠦᠰᠡᠭᠦᠢ ᠶᠢ ᠣᠯᠵᠤ ᠴᠢᠳᠠᠭᠰᠠᠨ ᠦᠭᠡᠢ᠃ 21 ᠨᠠᠢᠵᠠ ᠨᠢ ᠲᠡᠨᠳᠡᠬᠢ ᠶᠢᠨ ᠬᠥᠮᠦᠰ ᠡᠴᠡ᠄ 《ᠵᠠᠮ ᠤᠨ ᠬᠠᠵᠠᠭᠤ ᠳᠤ ᠡᠨᠠᠢᠮ ᠳᠤ ᠪᠠᠢᠭᠰᠠᠨ ᠶᠠᠩ᠋ᠬᠠᠨ ᠬᠠᠮᠢᠭ᠎ᠠ ᠪᠠᠢᠨ᠎ᠠ ᠪᠤᠢ︖》 ᠭᠡᠵᠦ ᠠᠰᠠᠭᠤᠭᠰᠠᠨ ᠳᠤ᠂ ᠲᠡᠳᠡ᠄ 《ᠡ᠊ᠨᠳᠡ ᠶᠠᠩ᠋ᠬᠠᠨ ᠭᠡᠵᠦ ᠠᠯᠠᠭ᠎ᠠ》 ᠭᠡᠵᠡᠢ᠃ 22 ᠲᠡᠷᠡ ᠪᠡᠷ ᠶᠦᠳᠠ ᠳᠡᠭᠡᠷ᠎ᠡ ᠡᠷᠭᠢᠵᠦ ᠢᠷᠡᠭᠡᠳ᠄ 《ᠪᠢ ᠲᠡᠷᠡ ᠪᠦᠰᠡᠭᠦᠢ ᠶᠢ ᠣᠯᠵᠤ ᠴᠢᠳᠠᠭᠰᠠᠨ ᠦᠭᠡᠢ᠃ ᠪᠠᠰᠠ ᠲᠡᠨᠳᠡᠬᠢ ᠶᠢᠨ ᠬᠥᠮᠦᠰ ᠲᠡᠨᠳᠡ ᠶᠠᠩ᠋ᠬᠠᠨ ᠪᠠᠢᠳᠠᠭ ᠦᠭᠡᠢ ᠭᠡᠵᠦ ᠪᠠᠢᠨ᠎ᠠ》 ᠭᠡᠰᠡᠨ ᠳᠦ᠂ 23 ᠶᠦᠳᠠ᠄ 《ᠲᠡᠷᠡ ᠪᠦᠰᠡᠭᠦᠢ ᠲᠡᠳᠡᠭᠡᠷ ᠵᠦᠢᠯ ᠢ ᠠᠪᠤᠪᠠᠯ ᠠᠪᠤᠭ᠃ ᠪᠢᠳᠡ ᠰᠢᠪᠰᠢᠭ ᠪᠣᠯᠬᠤ ᠪᠣᠯᠣᠭᠤᠵᠠᠢ᠂ ᠪᠢ ᠲᠡᠭᠦᠨ ᠳᠦ ᠢᠰᠢᠭᠡ ᠶᠢ ᠶᠠᠪᠤᠭᠤᠯᠤᠭᠰᠠᠨ ᠯᠠ ᠳᠠ᠂ ᠬᠠᠷᠢᠨ ᠴᠢ ᠲᠡᠭᠦᠨ ᠢ ᠣᠯᠵᠤ ᠴᠢᠳᠠᠭᠰᠠᠨ ᠦᠭᠡᠢ》 ᠭᠡᠪᠡ᠃

24 ᠪᠠᠷᠤᠭ ᠭᠤᠷᠪᠠᠨ ᠰᠠᠷ᠎ᠠ ᠶᠢᠨ ᠳᠠᠷᠠᠭ᠎ᠠ ᠨᠢᠭᠡᠨ ᠬᠥᠮᠦᠨ ᠶᠦᠳᠠ ᠳᠤ᠄ 《ᠲᠠᠨ ᠤ ᠪᠡᠷᠢ ᠲᠠᠮᠠᠷ ᠵᠠᠪᠬᠠᠢᠷᠠᠭᠰᠠᠨ ᠰᠢᠦ᠂ ᠵᠠᠪᠬᠠᠢᠷᠠᠭᠠᠳ ᠵᠢᠷᠮᠦᠰᠦᠨ ᠪᠣᠯᠣᠭᠰᠠᠨ ᠪᠠᠢᠨ᠎ᠠ︕》 ᠭᠡᠰᠡᠨ ᠳᠦ᠂ ᠶᠦᠳᠠ᠄ 《ᠲᠡᠭᠦᠨ ᠢ ᠭᠠᠷᠭᠠᠵᠤ ᠢᠷᠡᠭᠡᠳ ᠰᠢᠲᠠᠭ᠎ᠠ︕》 ᠭᠡᠪᠡ᠃ 25 ᠲᠡᠷᠡ ᠡᠮᠡᠭᠲᠡᠢ ᠪᠠᠷᠢᠭᠳᠠᠨ ᠭᠠᠷᠬᠤ ᠦᠶ᠎ᠡ ᠳᠡᠭᠡᠨ ᠬᠠᠳᠠᠮ ᠡᠴᠢᠭᠡ ᠲᠡᠭᠡᠨ ᠬᠡᠯᠡ ᠶᠠᠪᠤᠭᠤᠯᠵᠤ᠄ 《ᠪᠢ ᠡᠳᠡᠭᠡᠷ ᠵᠦᠢᠯ ᠤᠨ ᠡᠵᠡᠨ ᠡᠴᠡ ᠪᠣᠯᠵᠤ ᠵᠢᠷᠮᠦᠰᠦᠨ ᠪᠣᠯᠣᠭᠰᠠᠨ》 ᠭᠡᠳ ᠴᠢᠨᠠᠭᠰᠢ ᠨᠢ 《ᠡᠨᠡ ᠲᠠᠮᠠᠭ᠎ᠠ᠂ ᠲᠡᠭᠦᠨ ᠦ ᠣᠭᠣᠰᠣᠷ ᠬᠢᠭᠡᠳ ᠲᠠᠶᠠᠭ ᠬᠡᠨ ᠦ ᠬᠢ ᠪᠣᠯᠬᠤ ᠶᠢ ᠲᠠᠨᠢᠵᠤ ᠪᠣᠯᠭᠣᠭᠠᠨ᠎ᠠ ᠤᠤ︖》 ᠭᠡᠵᠡᠢ᠃ 26 ᠶᠦᠳᠠ ᠲᠡᠳᠡᠭᠡᠷ ᠢ ᠲᠠᠨᠢᠭᠠᠳ᠄ 《ᠲᠡᠷᠡ ᠨᠠᠳᠠ ᠠᠴᠠ ᠢᠯᠡᠭᠦᠦ ᠵᠥᠪᠲᠦ ᠶᠤᠮ ᠪᠠᠢᠨ᠎ᠠ᠂ ᠪᠢ ᠲᠡᠭᠦᠨ ᠢ ᠬᠦᠦ ᠱᠧᠯᠠ ᠳᠠᠭᠠᠨ ᠥᠭᠬᠦ ᠶᠣᠰᠣᠲᠠᠢ ᠪᠠᠢᠭᠰᠠᠨ》 ᠭᠡᠳ ᠲᠡᠭᠦᠨ ᠲᠡᠢ ᠳᠠᠬᠢᠨ ᠣᠢᠷᠠᠲᠤᠭᠰᠠᠨ ᠦᠭᠡᠢ᠃

27 ᠲᠡᠷᠡ ᠬᠥᠩᠭᠡᠵᠢᠬᠦ ᠪᠣᠯᠵᠠᠢ᠂ ᠬᠡᠪᠡᠯᠢ ᠳᠦᠨᠢ ᠢᠬᠡᠷ᠎ᠡ ᠬᠡᠦᠬᠡᠳ ᠪᠠᠢᠵᠠᠢ︕ 28 ᠲᠡᠳᠡᠨ ᠢ ᠲᠥᠷᠥᠭᠦᠯᠬᠦ ᠦᠶ᠎ᠡ ᠳᠦ ᠨᠢᠭᠡ ᠶᠢᠨ ᠬᠢᠨᠢ ᠭᠠᠷ ᠭᠠᠷᠴᠤ ᠢᠷᠡᠭᠰᠡᠨ ᠳᠦ᠂ ᠡᠬᠡ ᠪᠠᠷᠢᠭᠴᠢ ᠨᠢ ᠭᠠᠷ ᠲᠤᠨᠢ ᠤᠯᠠᠭᠠᠨ ᠤᠲᠠᠰᠤ ᠤᠶᠠᠭᠠᠳ᠄ 《ᠲᠦᠷᠦᠭᠦᠨ ᠳᠦ ᠭᠠᠷᠤᠭᠰᠠᠨ ᠨᠢ ᠡᠨᠡ》 ᠭᠡᠪᠡ᠃ 29 ᠭᠡᠲᠡᠯ᠎ᠡ ᠨᠥᠭᠥᠭᠡ ᠬᠡᠦᠬᠡᠳ ᠭᠠᠷ ᠢᠶᠠᠨ ᠪᠤᠴᠠᠭᠠᠨ ᠲᠠᠲᠠᠬᠤ ᠳᠤ᠂ ᠳᠡᠭᠦᠦ ᠨᠢ ᠭᠠᠷᠴᠤ ᠢᠷᠡᠵᠡᠢ︕ ᠡᠬᠡ ᠪᠠᠷᠢᠭᠴᠢ᠄ 《ᠴᠢ ᠶᠠᠭᠠᠬᠢᠭᠠᠳ ᠤᠷᠠᠵᠤ ᠪᠠᠢᠭᠠᠳ ᠭᠠᠷᠴᠤ ᠢᠷᠡᠪᠡ︖》 ᠭᠡᠵᠦ ᠬᠡᠯᠡᠭᠡᠳ ᠲᠡᠭᠦᠨ ᠢ ᠫᠧᠷᠧᠽ 71 ᠭᠡᠵᠦ ᠨᠡᠷᠡᠯᠡᠪᠡ᠃ 30 ᠳᠠᠷᠠᠭ᠎ᠠ ᠨᠢ ᠭᠠᠷ ᠲᠤᠨᠢ ᠤᠯᠠᠭᠠᠨ ᠤᠲᠠᠰᠤ ᠤᠶᠠᠭᠠᠰᠤᠲᠠᠢ ᠠᠬ᠎ᠠ ᠨᠢ ᠭᠠᠷᠴᠤ ᠢᠷᠡᠭᠰᠡᠨ ᠳᠦ᠂ ᠲᠡᠭᠦᠨ ᠢ ᠽᠧᠷᠠ 72 ᠭᠡᠵᠦ ᠨᠡᠷᠡᠯᠡᠪᠡ᠃