ᠡᠬᠢᠯᠡᠯ ᠭᠤᠴᠢ ᠶᠢᠰᠦ
ᠶᠣᠰᠧᠹ ᠭᠦᠳᠬᠡᠭᠳᠡᠪᠡ
1 ᠶᠣᠰᠧᠹ ᠶᠧᠵᠢᠫᠲ ᠤᠷᠤᠭᠤ ᠬᠦᠷᠭᠡᠭᠳᠡᠪᠡ᠃ ᠢᠱᠮᠠᠶᠧᠯᠴᠤᠳ ᠲᠡᠭᠦᠨ ᠢ ᠲᠡᠨᠳᠡ ᠠᠪᠴᠢᠷᠠᠭᠰᠠᠨ ᠳᠤ᠂ ᠹᠠᠷᠠᠣ᠋ ᠶᠢᠨ ᠲᠦᠰᠢᠮᠡᠯ᠂ ᠰᠢᠳᠠᠷ ᠬᠠᠮᠠᠭᠠᠯᠠᠭᠴᠢᠳ ᠤᠨ ᠵᠠᠬᠢᠷᠤᠭᠴᠢ ᠫᠣᠲ᠋ᠢᠹᠠᠷ ᠭᠡᠳᠡᠭ ᠶᠧᠵᠢᠫᠲ ᠬᠥᠮᠦᠨ ᠲᠡᠭᠦᠨ ᠢ ᠲᠡᠳᠡᠨ ᠦ ᠭᠠᠷ ᠠᠴᠠ ᠬᠤᠳᠠᠯᠳᠤᠨ ᠠᠪᠴᠠᠢ᠃ 2 ᠬᠠᠷᠢᠨ ᠶᠣᠬᠣᠸᠠ ᠬᠠᠮᠲᠤ ᠪᠠᠢᠭᠰᠠᠨ ᠢᠶᠠᠷ ᠶᠣᠰᠧᠹ ᠤᠨ ᠪᠦᠬᠦ ᠵᠦᠢᠯ ᠪᠦᠲᠦᠮᠵᠢ ᠲᠠᠢ ᠪᠣᠯᠵᠤ᠂ ᠥᠪᠡᠷ ᠦᠨ ᠡᠵᠡᠨ ᠶᠧᠵᠢᠫᠲ ᠬᠥᠮᠦᠨ ᠦ ᠭᠡᠷ ᠲᠦ ᠰᠠᠭᠤᠵᠤ ᠪᠠᠢᠯ᠎ᠠ᠃ 3 ᠡᠵᠡᠨ ᠨᠢ ᠶᠣᠬᠣᠸᠠ ᠲᠡᠭᠦᠨ ᠲᠡᠢ ᠬᠠᠮᠲᠤ ᠪᠠᠢᠭ᠎ᠠ ᠶᠢ᠂ ᠮᠥᠨ ᠶᠣᠬᠣᠸᠠ ᠠᠵᠢᠯ ᠪᠦᠷᠢ ᠶᠢ ᠨᠢ ᠲᠡᠭᠦᠨ ᠦ ᠭᠠᠷ ᠢᠶᠠᠷ ᠪᠦᠲᠦᠮᠵᠢ ᠲᠠᠢ ᠪᠣᠯᠭᠠᠵᠤ ᠪᠠᠢᠭ᠎ᠠ ᠶᠢ ᠦᠵᠡᠪᠡ᠃ 4 ᠶᠣᠰᠧᠹ ᠡᠵᠡᠨ ᠳᠡᠭᠡᠨ ᠦᠢᠯᠡᠴᠢᠯᠡᠬᠦ ᠳᠡᠭᠡᠨ ᠲᠡᠭᠦᠨ ᠦ ᠲᠠᠭᠠᠯᠠᠯ ᠢ ᠣᠯᠵᠠᠢ᠃ ᠫᠣᠲ᠋ᠢᠹᠠᠷ ᠲᠡᠭᠦᠨ ᠢ ᠭᠡᠷ ᠦᠨ ᠢᠶᠠᠨ ᠳᠠᠭᠠᠭᠠᠮᠠᠯ ᠪᠣᠯᠭᠠᠨ᠂ ᠡᠵᠡᠮᠰᠢᠵᠦ ᠪᠠᠢᠭ᠎ᠠ ᠪᠦᠬᠦᠨ ᠢᠶᠡᠨ ᠲᠡᠭᠦᠨ ᠦ ᠭᠠᠷ ᠲᠤ ᠬᠠᠷᠢᠭᠤᠴᠠᠭᠤᠯᠤᠭᠰᠠᠨ ᠪᠠᠢᠨ᠎ᠠ᠃ 5 ᠲᠡᠷᠡ ᠶᠣᠰᠧᠹ ᠢ ᠭᠡᠷ ᠪᠣᠯᠣᠨ ᠬᠠᠮᠤᠭ ᠡᠳ᠋ ᠬᠥᠷᠥᠩᠭᠡ ᠶᠢᠨ ᠢᠶᠠᠨ ᠳᠠᠭᠠᠭᠠᠮᠠᠯ ᠪᠣᠯᠭᠠᠭᠰᠠᠨ ᠠᠴᠠ ᠬᠣᠢᠰᠢ ᠶᠣᠬᠣᠸᠠ ᠶᠣᠰᠧᠹ ᠤᠨ ᠰᠢᠯᠲᠠᠭᠠᠨ ᠢᠶᠠᠷ ᠶᠧᠵᠢᠫᠲ ᠬᠥᠮᠦᠨ ᠦ ᠭᠡᠷ ᠣᠷᠣᠨ ᠢ ᠢᠪᠡᠭᠡᠭᠰᠡᠨ ᠳᠦ᠂ ᠶᠣᠬᠣᠸᠠ ᠶᠢᠨ ᠢᠪᠡᠭᠡᠯ ᠲᠡᠭᠦᠨ ᠦ ᠭᠡᠷ ᠪᠣᠯᠣᠨ ᠲᠠᠷᠢᠶᠠᠯᠠᠩ ᠤᠨ ᠲᠠᠯᠠᠪᠠᠢ᠂ ᠲᠡᠭᠦᠨ ᠳᠦ ᠪᠠᠢᠭ᠎ᠠ ᠪᠦᠬᠦᠨ ᠳᠦ ᠪᠠᠭᠤᠪᠠ᠃ 6 ᠲᠡᠷᠡ ᠪᠡᠷ ᠪᠠᠢᠭ᠎ᠠ ᠪᠦᠬᠦᠨ ᠢᠶᠡᠨ ᠶᠣᠰᠧᠹ ᠤᠨ ᠭᠠᠷ ᠲᠤ ᠳᠠᠭᠠᠭᠠᠯᠭᠠᠵᠤ᠂ ᠥᠪᠡᠷ ᠦᠨ ᠢᠳᠡᠬᠦ ᠬᠣᠭᠣᠯᠠ ᠠᠴᠠ ᠪᠤᠰᠤᠳ ᠶᠠᠭᠤᠮᠠᠨ ᠳᠤ ᠰᠠᠨᠠᠭ᠎ᠠ ᠲᠠᠯᠪᠢᠬᠤ ᠪᠠᠨ ᠪᠣᠯᠢᠵᠠᠢ᠃
7 ᠡᠳᠡᠭᠡᠷ ᠶᠠᠪᠤᠳᠠᠯ ᠤᠨ ᠳᠠᠷᠠᠭ᠎ᠠ ᠡᠵᠡᠨ ᠦ ᠬᠢᠨᠢ ᠡᠬᠡᠨᠡᠷ ᠶᠣᠰᠧᠹ ᠤᠷᠤᠭᠤ ᠬᠠᠷᠠᠴᠠ ᠭᠦᠶᠦᠯᠭᠡᠵᠦ᠄ 《ᠨᠠᠳᠠ ᠲᠠᠢ ᠤᠨᠲᠠᠭᠠᠴᠢ》 ᠭᠡᠵᠦ ᠬᠡᠯᠡᠪᠡ᠃ 8 ᠬᠠᠷᠢᠨ ᠶᠣᠰᠧᠹ ᠦᠯᠦ ᠵᠥᠪᠰᠢᠶᠡᠷᠡᠨ᠂ ᠡᠵᠡᠨ ᠦ ᠪᠠᠨ ᠡᠬᠡᠨᠡᠷ ᠲᠦ᠄ 《ᠬᠠᠷ᠎ᠠ᠂ ᠮᠢᠨᠦ ᠡᠵᠡᠨ ᠪᠠᠢᠭ᠎ᠠ ᠪᠦᠬᠦᠨ ᠢᠶᠡᠨ ᠮᠢᠨᠦ ᠭᠠᠷ ᠲᠤ ᠲᠤᠰᠢᠶᠠᠵᠤ᠂ ᠭᠡᠷ ᠦᠨ ᠢᠶᠠᠨ ᠳᠣᠲᠣᠷᠠᠬᠢ ᠶᠠᠭᠤᠨ ᠳᠤ ᠴᠤ ᠰᠠᠨᠠᠭ᠎ᠠ ᠵᠣᠪᠠᠳᠠᠭ ᠦᠭᠡᠢ ᠲᠤᠯᠠ 9 ᠡᠨᠡ ᠭᠡᠷ ᠲᠦ ᠨᠠᠳᠠ ᠠᠴᠠ ᠢᠯᠡᠭᠦᠦ ᠲᠣᠮᠣ ᠬᠥᠮᠦᠨ ᠪᠠᠢᠬᠤ ᠦᠭᠡᠢ ᠪᠠᠢᠨ᠎ᠠ᠃ ᠲᠡᠷᠡ ᠲᠠᠨ ᠠᠴᠠ ᠥᠭᠡᠷ᠎ᠡ ᠶᠠᠭᠤᠨ ᠤ ᠲᠠᠯ᠎ᠠ ᠪᠠᠷ ᠴᠤ ᠨᠠᠮᠠᠶᠢ ᠬᠢᠵᠠᠭᠠᠷᠯᠠᠭᠠ ᠦᠭᠡᠢ᠂ ᠤᠴᠢᠷ ᠨᠢ ᠲᠠ ᠪᠣᠯ ᠲᠡᠭᠦᠨ ᠦ ᠡᠬᠡᠨᠡᠷ ᠶᠤᠮ᠃ ᠪᠢ ᠶᠠᠭᠤᠨ ᠳᠤ ᠡᠢᠮᠦ ᠠᠳᠠᠭ ᠤᠨ ᠮᠠᠭᠤ ᠬᠡᠷᠡᠭ ᠬᠢᠵᠦ᠂ ᠪᠤᠷᠬᠠᠨ ᠳᠠᠭᠠᠨ ᠨᠢᠭᠦᠯ ᠦᠢᠯᠡᠳᠬᠦ ᠪᠢᠯᠡ︖》 ᠭᠡᠪᠡ᠃ 10 ᠲᠡᠷᠡ ᠡᠮᠡᠭᠲᠡᠢ ᠶᠣᠰᠧᠹ ᠢ ᠡᠳᠦᠷ ᠡᠳᠦᠷ ᠱᠠᠯᠠᠭᠰᠠᠭᠠᠷ ᠪᠠᠢᠯ᠎ᠠ᠃ ᠬᠠᠷᠢᠨ ᠲᠡᠷᠡ ᠲᠡᠭᠦᠨ ᠦ ᠦᠭᠡ ᠶᠢ ᠰᠣᠨᠣᠰᠣᠭᠰᠠᠨ ᠦᠭᠡᠢ ᠪᠥᠭᠡᠳ ᠲᠡᠭᠦᠨ ᠲᠡᠢ ᠤᠨᠲᠠᠭᠰᠠᠨ ᠴᠤ ᠦᠭᠡᠢ᠂ ᠬᠠᠮᠲᠤ ᠪᠠᠢᠭᠰᠠᠨ ᠴᠤ ᠦᠭᠡᠢ᠃ 11 ᠨᠢᠭᠡᠨ ᠡᠳᠦᠷ ᠶᠣᠰᠧᠹ ᠠᠵᠢᠯ ᠢᠶᠠᠨ ᠬᠢᠬᠦ ᠪᠡᠷ ᠭᠡᠷ ᠲᠤᠨᠢ ᠣᠷᠣᠬᠤ ᠳᠤ᠂ ᠭᠡᠷ ᠦᠨ ᠬᠢᠨ ᠡᠴᠡ ᠨᠢᠭᠡ ᠴᠤ ᠬᠥᠮᠦᠨ ᠲᠡᠨᠳᠡ ᠪᠠᠢᠭᠰᠠᠨ ᠦᠭᠡᠢ᠃ 12 ᠨᠥᠭᠥᠭᠡ ᠡᠮᠡᠭᠲᠡᠢ ᠲᠡᠭᠦᠨ ᠦ ᠬᠤᠪᠴᠠᠰᠤᠨ ᠠᠴᠠ ᠴᠢᠩ᠋ᠭᠠᠭᠠᠵᠤ᠂ 《ᠨᠠᠳᠠ ᠲᠠᠢ ᠤᠨᠲᠠᠭᠠᠴᠢ》 ᠭᠡᠰᠡᠨ ᠳᠦ᠂ ᠶᠣᠰᠧᠹ ᠲᠡᠭᠦᠨ ᠦ ᠭᠠᠷ ᠲᠤ ᠬᠤᠪᠴᠠᠰᠤ ᠪᠠᠨ ᠣᠷᠬᠢᠭᠠᠳ ᠭᠠᠳᠠᠭᠰᠢ ᠵᠢᠭᠤᠲᠠᠨ ᠭᠠᠷᠪᠠ᠃ 13 ᠶᠣᠰᠧᠹ ᠲᠡᠭᠦᠨ ᠦ ᠭᠠᠷ ᠲᠤ ᠬᠤᠪᠴᠠᠰᠤ ᠪᠠᠨ ᠣᠷᠬᠢᠭᠠᠳ ᠵᠢᠭᠤᠲᠠᠨ ᠭᠠᠷᠬᠤ ᠶᠢ ᠲᠡᠷᠡ ᠡᠮᠡᠭᠲᠡᠢ ᠬᠠᠷᠠᠭᠠᠳ᠂ 14 ᠭᠡᠷ ᠦᠨ ᠬᠥᠮᠦᠰ ᠢᠶᠡᠨ ᠳᠠᠭᠤᠳᠠᠵᠤ᠄ 《ᠨᠥᠬᠥᠷ ᠮᠠᠨᠢ ᠡᠨᠡ ᠢᠪᠷᠠᠢ ᠪᠣᠭᠣᠯ ᠢ ᠠᠪᠴᠢᠷᠠᠭᠠᠳ᠂ ᠪᠢᠳᠡ ᠨᠠᠷ ᠢ ᠲᠣᠭᠯᠠᠭᠠᠮ ᠨᠠᠭᠠᠳᠤᠮ ᠪᠣᠯᠭᠠᠵᠠᠢ᠃ ᠲᠡᠷᠡ ᠨᠠᠳᠠ ᠳᠡᠭᠡᠷ᠎ᠡ ᠢᠷᠡᠵᠦ ᠨᠠᠮᠠᠶᠢ ᠬᠦᠴᠦᠷᠬᠡᠭᠯᠡᠬᠦ ᠭᠡᠬᠦ ᠳᠦ᠂ ᠪᠢ ᠴᠢᠩᠭ᠍᠎ᠠ ᠪᠠᠷ ᠬᠠᠰᠬᠢᠷᠤᠭᠰᠠᠨ᠃ 15 ᠲᠡᠷᠡ ᠴᠢᠩᠭ᠍᠎ᠠ ᠳᠠᠭᠤ ᠪᠠᠷ ᠬᠠᠰᠬᠢᠷᠬᠤ ᠶᠢ ᠮᠢᠨᠢ ᠰᠣᠨᠣᠰᠣᠭᠠᠳ ᠬᠤᠪᠴᠠᠰᠤ ᠪᠠᠨ ᠮᠢᠨᠦ ᠳᠡᠷᠭᠡᠳᠡ ᠣᠷᠬᠢᠵᠤ ᠭᠠᠳᠠᠭᠰᠢ ᠵᠢᠭᠤᠲᠠᠨ ᠭᠠᠷᠤᠯ᠎ᠠ》 ᠭᠡᠪᠡ᠃ 16 ᠲᠡᠷᠡ ᠡᠮᠡᠭᠲᠡᠢ ᠨᠥᠭᠥᠭᠡ ᠬᠤᠪᠴᠠᠰᠤ ᠶᠢ ᠳᠡᠷᠭᠡᠳᠡ ᠪᠡᠨ ᠲᠠᠯᠪᠢᠵᠤ ᠡᠵᠡᠨ ᠢᠶᠡᠨ ᠢᠷᠡᠬᠦ ᠶᠢ ᠬᠦᠯᠢᠶᠡᠵᠡᠢ᠃ ᠡᠵᠡᠨ ᠨᠢ ᠭᠡᠷ ᠲᠡᠭᠡᠨ ᠢᠷᠡᠬᠦ ᠳᠦ᠂ 17 ᠨᠥᠭᠥᠭᠡ ᠡᠮᠡᠭᠲᠡᠢ ᠲᠡᠭᠦᠨ ᠳᠦ ᠮᠥᠨ ᠯᠠ ᠨᠥᠭᠥᠭᠡ ᠦᠭᠡ ᠪᠡᠨ ᠬᠡᠯᠡᠵᠦ᠄ 《ᠲᠠᠨ ᠤ ᠪᠢᠳᠡᠨ ᠳᠦ ᠠᠪᠴᠢᠷᠠᠭᠰᠠᠨ ᠢᠪᠷᠠᠢ ᠪᠣᠭᠣᠯ ᠨᠠᠳᠠ ᠳᠡᠭᠡᠷ᠎ᠡ ᠢᠷᠡᠭᠡᠳ ᠨᠠᠮᠠᠶᠢ ᠲᠣᠭᠯᠠᠭᠠᠮ ᠲᠣᠬᠣᠭᠤ ᠪᠣᠯᠭᠠᠬᠤ ᠭᠡᠯᠡ᠃ 18 ᠪᠢ ᠴᠢᠩᠭ᠍᠎ᠠ ᠳᠠᠭᠤ ᠪᠠᠷ ᠬᠠᠰᠬᠢᠷᠤᠩ᠋ᠭᠤᠲᠠ ᠲᠡᠷᠡ ᠬᠤᠪᠴᠠᠰᠤ ᠪᠠᠨ ᠮᠢᠨᠦ ᠳᠡᠷᠭᠡᠳᠡ ᠣᠷᠬᠢᠭᠠᠳ᠂ ᠭᠠᠳᠠᠭᠰᠢ ᠵᠢᠭᠤᠲᠠᠨ ᠭᠠᠷᠤᠭᠰᠠᠨ》 ᠭᠡᠪᠡ᠃
19 ᠡᠵᠡᠨ ᠨᠢ 《ᠴᠢᠨᠦ ᠪᠣᠭᠣᠯ ᠨᠠᠳᠠ ᠳᠤ ᠡᠳᠡᠭᠡᠷ ᠢ ᠬᠢᠯ᠎ᠡ》 ᠭᠡᠵᠦ ᠥᠪᠡᠷ ᠲᠤᠨᠢ ᠬᠡᠯᠡᠭᠰᠡᠨ ᠡᠬᠡᠨᠡᠷ ᠦᠨ ᠢᠶᠠᠨ ᠦᠭᠡ ᠶᠢ ᠰᠣᠨᠣᠰᠣᠭᠠᠳ ᠠᠭᠤᠷ ᠲᠠᠭᠠᠨ ᠰᠢᠲᠠᠵᠠᠢ᠃ 20 ᠶᠣᠰᠧᠹ ᠤᠨ ᠡᠵᠡᠨ ᠲᠡᠭᠦᠨ ᠢ ᠪᠠᠷᠢᠵᠤ ᠬᠠᠭᠠᠨ ᠤ ᠬᠣᠷᠢᠭᠳᠠᠯ ᠤᠳ ᠢ ᠬᠣᠷᠢᠳᠠᠭ ᠱᠣᠷᠣᠩ ᠳᠤ ᠬᠢᠪᠡ᠃ ᠡᠢᠨ ᠬᠦ ᠶᠣᠰᠧᠹ ᠱᠣᠷᠣᠩ ᠳᠤ ᠪᠠᠢᠯ᠎ᠠ᠃ 21 ᠬᠠᠷᠢᠨ ᠶᠣᠬᠣᠸᠠ ᠶᠣᠰᠧᠹ ᠲᠠᠢ ᠬᠠᠮᠲᠤ ᠪᠠᠢᠭᠰᠠᠭᠠᠷ ᠲᠡᠭᠦᠨ ᠳᠦ ᠬᠠᠢᠷ᠎ᠠ ᠶᠢᠨ ᠮᠤᠲᠤᠷ ᠢᠶᠠᠨ ᠰᠤᠩ᠋ᠭᠠᠵᠤ᠂ ᠱᠣᠷᠣᠩ ᠤᠨ ᠬᠠᠷᠠᠭᠠᠯᠵᠠᠭᠴᠢ ᠶᠢᠨ ᠨᠢᠳᠦᠨ ᠳᠦ ᠲᠠᠭᠠᠯᠠᠯ ᠢ ᠣᠯᠣᠭᠤᠯᠤᠭᠰᠠᠨ ᠪᠠᠢᠨ᠎ᠠ᠃ 22 ᠱᠣᠷᠣᠩ ᠤᠨ ᠬᠠᠷᠠᠭᠠᠯᠵᠠᠭᠴᠢ ᠨᠢ ᠱᠣᠷᠣᠩ ᠳᠤ ᠪᠠᠢᠭ᠎ᠠ ᠪᠦᠬᠦ ᠬᠣᠷᠢᠭᠳᠠᠯ ᠢ ᠶᠣᠰᠧᠹ ᠤᠨ ᠭᠠᠷ ᠲᠤ ᠲᠤᠰᠢᠶᠠᠭᠰᠠᠨ ᠢᠶᠠᠷ ᠶᠣᠰᠧᠹ ᠲᠡᠳᠡᠨ ᠦ ᠦᠢᠯᠡ ᠶᠠᠪᠤᠳᠠᠯ ᠪᠣᠯᠭᠠᠨ ᠢ ᠬᠠᠷᠢᠭᠤᠴᠠᠳᠠᠭ ᠪᠣᠯᠪᠠ᠃ 23 ᠶᠣᠰᠧᠹ ᠤᠨ ᠭᠠᠷ ᠲᠤ ᠥᠭᠭᠥᠭᠰᠡᠨ ᠠᠵᠢᠯ ᠤᠨ ᠢᠶᠠᠨ ᠲᠤᠬᠠᠢ ᠳᠤ ᠱᠣᠷᠣᠩ ᠤᠨ ᠬᠠᠷᠠᠭᠠᠯᠵᠠᠭᠴᠢ ᠶᠠᠭᠤᠨ ᠳᠤ ᠴᠤ ᠰᠠᠨᠠᠭ᠎ᠠ ᠵᠣᠪᠠᠳᠠᠭ ᠦᠭᠡᠢ ᠪᠠᠢᠯ᠎ᠠ᠃ ᠤᠴᠢᠷ ᠨᠢ ᠶᠣᠬᠣᠸᠠ ᠶᠣᠰᠧᠹ ᠲᠠᠢ ᠬᠠᠮᠲᠤ ᠪᠠᠢᠭᠰᠠᠭᠠᠷ᠂ ᠲᠡᠭᠦᠨ ᠦ ᠠᠵᠢᠯ ᠪᠦᠷᠢ ᠶᠢ ᠪᠦᠲᠦᠮᠵᠢ ᠲᠠᠢ ᠪᠣᠯᠭᠠᠵᠠᠢ᠃