ᠡᠬᠢᠯᠡᠯ ᠳᠥᠴᠢᠨ ᠭᠤᠷᠪᠠ
ᠶᠣᠰᠧᠹ ᠤᠨ ᠠᠬ᠎ᠠ ᠨᠠᠷ ᠳᠠᠬᠢᠨ ᠶᠧᠵᠢᠫᠲ ᠲᠤ ᠣᠴᠢᠪᠠ
1 ᠲᠡᠷᠡ ᠭᠠᠵᠠᠷ ᠤᠨ ᠥᠯᠥᠰᠬᠥᠯᠡᠩ ᠬᠦᠨᠳᠦᠷᠡᠵᠡᠢ᠃ 2 ᠲᠡᠳᠡ ᠶᠧᠵᠢᠫᠲ ᠡᠴᠡ ᠠᠪᠴᠢᠷᠠᠭᠰᠠᠨ ᠦᠷ᠎ᠡ ᠲᠠᠷᠢᠶ᠎ᠠ ᠪᠠᠨ ᠪᠦᠭᠦᠳᠡ ᠶᠢ ᠢᠳᠡᠵᠦ ᠳᠠᠭᠤᠰᠬᠤ ᠳᠤ᠂ ᠡᠴᠢᠭᠡ ᠨᠢ ᠲᠡᠳᠡᠨ ᠳᠦ᠄ 《ᠲᠠ ᠨᠠᠷ ᠳᠠᠬᠢᠨ ᠣᠴᠢᠵᠤ᠂ ᠪᠢᠳᠡᠨ ᠳᠦ ᠵᠢᠭᠠᠬᠠᠨ ᠠᠮᠤ ᠬᠦᠨᠡᠰᠦ ᠠᠪᠤᠭᠠᠳ ᠢᠷ᠎ᠡ》 ᠭᠡᠰᠡᠨ ᠳᠦ᠂ 3 ᠶᠦᠳᠠ ᠡᠴᠢᠭᠡ ᠳᠡᠭᠡᠨ᠄ 《ᠲᠡᠷᠡ ᠬᠥᠮᠦᠨ ᠪᠢᠳᠡᠨ ᠳᠦ ᠬᠠᠲᠠᠭᠤ ᠰᠠᠨᠠᠭᠤᠯᠵᠤ᠄ 〈ᠬᠡᠷᠪᠡ ᠲᠠ ᠨᠠᠷ ᠳᠡᠭᠦᠦ ᠲᠠᠢ ᠪᠠᠨ ᠬᠠᠮᠲᠤ ᠢᠷᠡᠬᠦ ᠦᠭᠡᠢ ᠪᠣᠯ᠂ ᠮᠢᠨᠦ ᠨᠢᠭᠤᠷ ᠢ ᠳᠠᠬᠢᠨ ᠬᠠᠷᠠᠬᠤ ᠦᠭᠡᠢ〉 ᠭᠡᠰᠡᠨ ᠪᠢᠯᠡ᠃ 4 ᠬᠡᠷᠪᠡ ᠲᠠ ᠳᠡᠭᠦᠦ ᠶᠢ ᠮᠠᠨᠢ ᠪᠢᠳᠡᠨ ᠲᠡᠢ ᠬᠠᠮᠲᠤ ᠶᠠᠪᠤᠭᠤᠯᠬᠤ ᠶᠢ ᠵᠥᠪᠰᠢᠶᠡᠷᠡᠪᠡᠯ ᠪᠢᠳᠡ ᠶᠠᠪᠤᠵᠤ᠂ ᠠᠮᠤ ᠬᠦᠨᠡᠰᠦ ᠠᠪᠤᠭᠠᠳ ᠢᠷᠡᠨ᠎ᠡ᠃ 5 ᠬᠠᠷᠢᠨ ᠲᠠ ᠲᠡᠭᠦᠨ ᠢ ᠶᠠᠪᠤᠭᠤᠯᠬᠤ ᠦᠭᠡᠢ ᠪᠣᠯ᠂ ᠪᠢᠳᠡ ᠶᠠᠪᠤᠬᠤ ᠬᠡᠷᠡᠭ ᠦᠭᠡᠢ᠃ ᠤᠴᠢᠷ ᠨᠢ ᠲᠡᠷᠡ ᠬᠥᠮᠦᠨ ᠪᠢᠳᠡᠨ ᠳᠦ᠄ 〈ᠬᠡᠷᠪᠡ ᠲᠠ ᠨᠠᠷ ᠳᠡᠭᠦᠦ ᠲᠠᠢ ᠪᠠᠨ ᠬᠠᠮᠲᠤ ᠢᠷᠡᠬᠦ ᠦᠭᠡᠢ ᠪᠣᠯ᠂ ᠮᠢᠨᠦ ᠨᠢᠭᠤᠷ ᠢ ᠳᠠᠬᠢᠨ ᠬᠠᠷᠠᠬᠤ ᠦᠭᠡᠢ〉 ᠭᠡᠵᠦ ᠬᠡᠯᠡᠭᠰᠡᠨ ᠰᠢᠦ ᠳᠠ》 ᠭᠡᠪᠡ᠃ 6 ᠢᠰᠷᠧᠯ᠄ 《ᠲᠠ ᠨᠠᠷ ᠶᠠᠭᠤᠨ ᠳᠤ ᠲᠡᠷᠡ ᠬᠥᠮᠦᠨ ᠳᠦ ᠥᠭᠡᠷ᠎ᠡ ᠳᠡᠭᠦᠦ ᠲᠠᠢ ᠭᠡᠳᠡᠭ ᠢᠶᠡᠨ ᠳᠤᠭᠤᠯᠭᠠᠵᠤ᠂ ᠨᠠᠮᠠᠶᠢ ᠵᠣᠪᠠᠭᠠᠨ᠎ᠠ ᠪᠤᠢ︖》 ᠭᠡᠰᠡᠨ ᠳᠦ᠂ 7 ᠲᠡᠳᠡ᠄ 《ᠲᠡᠷᠡ ᠬᠥᠮᠦᠨ ᠪᠢᠳᠡᠨ ᠦ ᠲᠤᠬᠠᠢ᠂ ᠪᠢᠳᠡᠨ ᠦ ᠲᠥᠷᠥᠯ ᠰᠠᠳᠤᠨ ᠤ ᠲᠤᠬᠠᠢ ᠨᠠᠷᠢᠨ ᠯᠠᠪᠯᠠᠵᠤ᠄ 〈ᠠᠪᠤ ᠴᠢᠨᠢ ᠠᠮᠢᠳᠤ ᠪᠠᠢᠭ᠎ᠠ ᠤᠤ︖ ᠥᠭᠡᠷ᠎ᠡ ᠳᠡᠭᠦᠦ ᠪᠤᠢ ᠤᠤ︖〉 ᠭᠡᠵᠦ ᠠᠰᠠᠭᠤᠭᠰᠠᠨ ᠤᠴᠢᠷ ᠠᠴᠠ ᠪᠢᠳᠡ ᠲᠡᠭᠡᠵᠦ ᠬᠠᠷᠢᠭᠤᠯᠤᠭᠰᠠᠨ᠃ ᠲᠡᠭᠦᠨ ᠢ 〈ᠳᠡᠭᠦᠦ ᠪᠡᠨ ᠠᠪᠴᠢᠷᠠ︕〉 ᠭᠡᠵᠦ ᠬᠡᠯᠡᠨ᠎ᠡ ᠭᠡᠵᠦ ᠪᠢᠳᠡ ᠬᠡᠷᠬᠢᠨ ᠮᠡᠳᠡᠬᠦ ᠪᠢᠯᠡ︖》 ᠭᠡᠵᠡᠭᠡᠪᠡ᠃ 8 ᠶᠦᠳᠠ ᠡᠴᠢᠭᠡ ᠢᠰᠷᠧᠯ ᠳᠡᠭᠡᠨ᠄ 《ᠲᠡᠷᠡ ᠬᠦᠦ ᠶᠢ ᠳᠠᠭᠠᠭᠤᠯᠤᠨ ᠶᠠᠪᠤᠬᠤ ᠶᠢ ᠮᠢᠨᠢ ᠵᠥᠪᠰᠢᠶᠡᠷᠡᠭᠡᠴᠢ︕ ᠪᠢᠳᠡ ᠳᠠᠷᠤᠢᠬᠠᠨ ᠶᠠᠪᠤᠶ᠎ᠠ᠃ ᠲᠡᠭᠡᠪᠡᠯ ᠪᠢᠳᠡ ᠴᠤ᠂ ᠲᠠ ᠴᠤ᠂ ᠬᠡᠦᠬᠡᠳ ᠤᠳ ᠮᠠᠨᠢ ᠴᠤ ᠴᠥᠮ ᠦᠬᠦᠬᠦ ᠦᠭᠡᠢ ᠠᠮᠢᠳᠤ ᠦᠯᠡᠳᠡᠬᠦ ᠪᠣᠯᠣᠨ᠎ᠠ᠃ 9 ᠪᠢ ᠥᠪᠡᠷ ᠢᠶᠡᠨ ᠲᠡᠭᠦᠨ ᠢ ᠪᠠᠲᠤᠯᠠᠨ ᠳᠠᠭᠠᠭᠠᠶᠠ᠃ ᠲᠠ ᠮᠢᠨᠦ ᠭᠠᠷ ᠠᠴᠠ ᠲᠡᠭᠦᠨ ᠢ ᠨᠡᠬᠡᠵᠦ ᠪᠣᠯᠣᠨ᠎ᠠ᠃ ᠲᠡᠭᠦᠨ ᠢ ᠲᠠᠨ ᠤ ᠡᠮᠦᠨ᠎ᠡ ᠠᠪᠴᠢᠷᠠᠵᠤ ᠥᠭᠬᠦ ᠦᠭᠡᠢ ᠪᠣᠯ᠂ ᠪᠢ ᠨᠠᠰᠤᠨ ᠲᠤᠷᠰᠢ ᠳᠠᠭᠠᠨ ᠲᠠᠨ ᠤ ᠡᠮᠦᠨ᠎ᠡ ᠭᠡᠮᠲᠡᠨ ᠪᠣᠯᠣᠨ᠎ᠠ᠃ 10 ᠬᠡᠷᠪᠡ ᠪᠢᠳᠡ ᠲᠡᠭᠡᠨᠡᠭᠡᠯᠵᠡᠭᠡ ᠦᠭᠡᠢ ᠪᠠᠢᠭᠰᠠᠨ ᠪᠣᠯ ᠬᠡᠳᠦᠢᠨᠡᠢ ᠬᠣᠶᠠᠷ ᠴᠤ ᠤᠳᠠᠭ᠎ᠠ ᠶᠠᠪᠤᠭᠠᠳ ᠢᠷᠡᠬᠦ ᠪᠠᠢᠭᠰᠠᠨ》 ᠭᠡᠪᠡ᠃
11 ᠡᠴᠢᠭᠡ ᠢᠰᠷᠧᠯ ᠨᠢ ᠲᠡᠳᠡᠨ ᠳᠦ᠄ 《ᠵᠠ᠂ ᠲᠡᠭᠡᠬᠦ ᠯᠠ ᠶᠣᠰᠣᠲᠠᠢ ᠪᠣᠯ ᠲᠡᠭᠡᠵᠦ ᠬᠢ᠃ ᠡᠨᠡ ᠨᠤᠲᠤᠭ ᠤᠨ ᠣᠨᠴᠠ ᠭᠠᠷᠤᠯᠲᠠ᠂ ᠬᠡᠰᠡᠭ ᠦᠨᠦᠷᠲᠦ ᠳᠠᠪᠠᠷᠬᠠᠢ᠂ ᠵᠢᠭᠠᠬᠠᠨ ᠵᠥᠭᠡᠢ ᠶᠢᠨ ᠪᠠᠯ᠂ ᠭᠦᠭᠦᠯ᠂ ᠠᠩᠬᠢᠯᠤᠭᠤᠨ ᠦᠨᠦᠷᠲᠦ ᠲᠣᠰᠣ᠂ ᠰᠠᠮᠤᠷ᠂ ᠪᠤᠢᠯᠠᠰᠤ ᠲᠡᠷᠢᠭᠦᠲᠡᠨ ᠢ ᠤᠭᠤᠲᠠᠨ ᠳᠤ ᠬᠢᠵᠦ᠂ ᠲᠡᠷᠡ ᠬᠥᠮᠦᠨ ᠳᠡᠭᠡᠨ ᠪᠡᠯᠡᠭ ᠪᠣᠯᠭᠠᠨ ᠠᠪᠠᠴᠢᠵᠤ ᠥᠭ᠃ 12 ᠡᠨᠡ ᠤᠳᠠᠭ᠎ᠠ ᠬᠣᠶᠠᠷ ᠳᠠᠬᠢᠨ ᠶᠡᠬᠡ ᠮᠥᠩᠭᠥ ᠠᠪᠤᠭᠠᠳ ᠶᠠᠪᠤᠭᠠᠷᠠᠢ︕ ᠤᠭᠤᠲᠠᠨ ᠤ ᠴᠢᠨᠢ ᠠᠮᠠᠰᠠᠷ ᠲᠤ ᠪᠤᠴᠠᠭᠠᠵᠤ ᠬᠢᠭᠰᠡᠨ ᠮᠥᠩᠭᠥ ᠶᠢ ᠡᠷᠭᠢᠭᠦᠯᠵᠦ ᠥᠭᠬᠦ ᠶᠣᠰᠣᠲᠠᠢ᠂ ᠲᠡᠳᠡ ᠠᠨᠳᠠᠭᠤᠷᠠᠭᠰᠠᠨ ᠪᠠᠢᠬ᠎ᠠ᠃ 13 ᠳᠡᠭᠦᠦ ᠪᠡᠨ ᠳᠠᠭᠠᠭᠤᠯᠤᠨ᠂ ᠲᠡᠷᠡ ᠬᠥᠮᠦᠨ ᠤᠷᠤᠭᠤ ᠳᠠᠷᠤᠢᠬᠠᠨ ᠡᠷᠭᠢᠵᠦ ᠣᠴᠢ᠃ 14 ᠲᠡᠭᠦᠰ ᠬᠦᠴᠦᠲᠦ ᠪᠤᠷᠬᠠᠨ ᠲᠡᠷᠡ ᠬᠥᠮᠦᠨ ᠦ ᠡᠮᠦᠨ᠎ᠡ ᠲᠠ ᠨᠠᠷ ᠢ ᠡᠨᠡᠷᠢᠨ ᠥᠷᠥᠪᠳᠥᠵᠦ᠂ ᠲᠡᠷᠡ ᠬᠥᠮᠦᠨ ᠨᠥᠭᠥᠭᠡ ᠠᠬ᠎ᠠ ᠶᠢ ᠴᠢᠨᠢ ᠪᠣᠯᠣᠨ ᠪᠢᠨᠶᠠᠮᠢᠨ ᠢ ᠲᠠ ᠨᠠᠷ ᠲᠠᠢ ᠬᠠᠮᠲᠤ ᠪᠤᠴᠠᠭᠠᠵᠤ ᠶᠠᠪᠤᠭᠤᠯᠬᠤ ᠪᠣᠯᠲᠤᠭᠠᠢ᠃ ᠬᠠᠷᠢᠨ ᠪᠢ ᠬᠡᠦᠬᠡᠳ ᠤᠳ ᠢᠶᠠᠨ ᠠᠯᠳᠠᠬᠤ ᠶᠣᠰᠣᠲᠠᠢ ᠪᠣᠯ ᠠᠯᠳᠠᠭ》 ᠭᠡᠪᠡ᠃ 15 ᠡᠢᠨ ᠬᠦ ᠲᠡᠳᠡ ᠪᠡᠯᠡᠭ ᠪᠣᠯᠣᠨ ᠬᠣᠶᠠᠷ ᠳᠠᠬᠢᠨ ᠶᠡᠬᠡ ᠮᠥᠩᠭᠥ ᠪᠠᠵᠠᠭᠠᠵᠤ ᠠᠪᠤᠭᠠᠳ ᠪᠢᠨᠶᠠᠮᠢᠨ ᠲᠠᠢ ᠬᠠᠮᠲᠤ ᠬᠥᠳᠡᠯᠦᠨ ᠶᠧᠵᠢᠫᠲ ᠤᠷᠤᠭᠤ ᠶᠠᠪᠤᠪᠠ᠃ ᠲᠡᠢᠨ ᠬᠦ ᠲᠡᠳᠡ ᠶᠣᠰᠧᠹ ᠤᠨ ᠡᠮᠦᠨ᠎ᠡ ᠬᠦᠷᠦᠯᠴᠡᠨ ᠢᠷᠡᠭᠰᠡᠨ ᠪᠠᠢᠨ᠎ᠠ᠃
16 ᠶᠣᠰᠧᠹ ᠪᠢᠨᠶᠠᠮᠢᠨ ᠤ ᠲᠡᠳᠡᠨ ᠲᠡᠢ ᠬᠠᠮᠲᠤ ᠪᠠᠢᠬᠤ ᠶᠢ ᠬᠠᠷᠠᠭᠠᠳ᠂ ᠭᠡᠷ ᠦᠨ ᠳᠠᠭᠠᠭᠠᠮᠠᠯ ᠳᠠᠭᠠᠨ᠄ 《ᠡᠨᠡ ᠬᠥᠮᠦᠰ ᠢ ᠭᠡᠷ ᠲᠦ ᠣᠷᠣᠭᠤᠯᠵᠤ᠂ ᠮᠠᠯ ᠨᠢᠳᠤᠯᠤᠭᠠᠳ ᠬᠣᠭᠣᠯᠠ ᠪᠡᠯᠡᠳᠬᠡᠭᠡᠷᠡᠢ᠃ ᠡᠨᠡ ᠬᠥᠮᠦᠰ ᠦᠳᠡ ᠳᠦ ᠨᠠᠳᠠ ᠲᠠᠢ ᠬᠠᠮᠲᠤ ᠬᠣᠭᠣᠯᠠᠯᠠᠨ᠎ᠠ》 ᠭᠡᠵᠡᠢ᠃ 17 ᠳᠠᠭᠠᠭᠠᠮᠠᠯ ᠶᠣᠰᠧᠹ ᠤᠨ ᠬᠡᠯᠡᠭᠰᠡᠨ ᠶᠣᠰᠣᠭᠠᠷ ᠲᠡᠳᠡᠨ ᠢ ᠶᠣᠰᠧᠹ ᠤᠨ ᠭᠡᠷ ᠤᠷᠤᠭᠤ ᠬᠦᠷᠭᠡᠪᠡ᠃ 18 ᠲᠡᠳᠡ ᠶᠣᠰᠧᠹ ᠤᠨ ᠭᠡᠷ ᠲᠦ ᠬᠦᠷᠭᠡᠭᠳᠡᠬᠦ ᠳᠡᠭᠡᠨ ᠠᠶᠤᠵᠠᠭᠠᠨ᠂ 《ᠤᠷᠢᠳᠤ ᠪᠢᠳᠡᠨ ᠦ ᠤᠭᠤᠲᠠᠨ ᠳᠤ ᠪᠤᠴᠠᠭᠠᠵᠤ ᠬᠢᠭᠰᠡᠨ ᠲᠡᠷᠡ ᠮᠥᠩᠭᠥᠨ ᠦ ᠰᠢᠯᠲᠠᠭᠠᠨ ᠢᠶᠠᠷ ᠪᠢᠳᠡᠨ ᠢ ᠡ᠊ᠨᠳᠡ ᠬᠦᠷᠭᠡᠭᠰᠡᠨ ᠪᠠᠢᠬ᠎ᠠ ᠡ᠃ ᠲᠡᠳᠡ ᠡᠭᠦᠨ ᠢᠶᠡᠷ ᠰᠢᠯᠲᠠᠭᠠᠯᠠᠨ ᠪᠢᠳᠡᠨ ᠤᠷᠤᠭᠤ ᠳᠠᠭᠠᠷᠢᠵᠤ᠂ ᠡᠷᠬᠡᠨ ᠳᠡᠭᠡᠨ ᠣᠷᠣᠭᠤᠯᠤᠭᠠᠳ ᠡᠯᠵᠢᠭᠡ ᠶᠢ ᠮᠠᠨᠢ ᠪᠤᠯᠢᠶᠠᠵᠤ᠂ ᠪᠢᠳᠡᠨ ᠢ ᠪᠣᠭᠣᠯ ᠪᠣᠯᠭᠠᠬᠤ ᠪᠤᠢ》 ᠭᠡᠵᠦ ᠪᠣᠳᠣᠵᠠᠢ᠃ 19 ᠲᠡᠳᠡ ᠶᠣᠰᠧᠹ ᠤᠨ ᠬᠠᠭᠠᠯᠭᠠᠨ ᠳᠡᠭᠡᠷ᠎ᠡ ᠬᠦᠷᠦᠭᠡᠳ ᠭᠡᠷ ᠦᠨ ᠳᠠᠭᠠᠭᠠᠮᠠᠯ ᠳᠤᠨᠢ ᠣᠢᠷᠠᠲᠤᠨ᠄
20 《ᠡᠵᠡᠨᠲᠡᠨ ᠮᠢᠨᠢ︕ ᠪᠢᠳᠡ ᠳᠡᠭᠡᠷ᠎ᠡ ᠤᠳᠠᠭ᠎ᠠ ᠴᠤ ᠬᠦᠨᠡᠰᠦ ᠠᠪᠬᠤ ᠪᠠᠷ ᠡ᠊ᠨᠳᠡ ᠢᠷᠡᠭᠰᠡᠨ ᠶᠤᠮ᠃ 21 ᠬᠠᠷᠢᠨ ᠪᠠᠭᠤᠳᠠᠯᠯᠠᠬᠤ ᠭᠠᠵᠠᠷ ᠢᠶᠠᠨ ᠬᠦᠷᠴᠦ ᠣᠴᠢᠭᠠᠳ᠂ ᠤᠭᠤᠲᠠᠨ ᠤ ᠪᠠᠨ ᠠᠮᠠᠰᠠᠷ ᠢ ᠨᠡᠭᠡᠭᠡᠬᠦ ᠳᠦ᠂ ᠤᠭᠤᠲᠠ ᠪᠣᠯᠭᠠᠨ ᠤ ᠠᠮᠠᠨ ᠳᠡᠭᠡᠷ᠎ᠡ ᠬᠥᠮᠦᠨ ᠪᠦᠷᠢ ᠶᠢᠨ ᠲᠥᠯᠥᠭᠰᠡᠨ ᠮᠥᠩᠭᠥ ᠬᠡᠪ ᠢᠶᠡᠷ ᠢᠶᠠᠨ ᠪᠠᠢᠵᠤ ᠪᠠᠢᠭᠰᠠᠨ︕ ᠡᠢᠮᠦ ᠡᠴᠡ ᠪᠢᠳᠡ ᠲᠡᠭᠦᠨ ᠢ ᠪᠤᠴᠠᠭᠠᠵᠤ ᠠᠪᠴᠢᠷᠠᠯ᠎ᠠ᠃ 22 ᠪᠢᠳᠡ ᠪᠠᠰᠠ ᠬᠦᠨᠡᠰᠦ ᠠᠪᠬᠤ ᠪᠠᠷ ᠢᠯᠡᠭᠦᠦ ᠮᠥᠩᠭᠥ ᠴᠤ ᠠᠪᠴᠢᠷᠠᠭᠰᠠᠨ᠃ ᠬᠡᠨ ᠪᠢᠳᠡᠨ ᠦ ᠤᠭᠤᠲᠠᠨ ᠤ ᠠᠮᠠ ᠤᠷᠤᠭᠤ ᠮᠥᠩᠭᠥ ᠶᠢ ᠮᠠᠨᠢ ᠬᠢᠭᠰᠡᠨ ᠢ ᠪᠢᠳᠡ ᠮᠡᠳᠡᠬᠦ ᠦᠭᠡᠢ》 ᠭᠡᠪᠡ᠃ 23 ᠬᠠᠷᠢᠨ ᠲᠡᠷᠡ᠄ 《ᠲᠠᠢᠪᠤᠩ ᠪᠠᠢᠵᠠᠭ᠎ᠠ᠃ ᠪᠦᠦ ᠰᠠᠨᠳᠤᠷ᠃ ᠲᠠ ᠨᠠᠷ ᠤᠨ ᠪᠤᠷᠬᠠᠨ᠂ ᠡᠴᠢᠭᠡ ᠶᠢᠨ ᠴᠢᠨᠢ ᠪᠤᠷᠬᠠᠨ ᠲᠠ ᠨᠠᠷ ᠤᠨ ᠤᠭᠤᠲᠠᠨ ᠳᠤ ᠡᠷᠳᠡᠨᠢᠰ ᠬᠢᠵᠦ ᠥᠭᠭᠥᠭᠰᠡᠨ ᠶᠤᠮ᠃ ᠲᠠ ᠨᠠᠷ ᠤᠨ ᠨᠥᠭᠥᠭᠡ ᠮᠥᠩᠭᠥ ᠶᠢ ᠪᠢ ᠠᠪᠤᠭᠰᠠᠨ》 ᠭᠡᠵᠦ ᠬᠡᠯᠡᠭᠡᠳ᠂ ᠰᠢᠮᠧᠶᠣᠨ ᠢ ᠲᠡᠳᠡᠨ ᠳᠦ ᠭᠠᠷᠭᠠᠵᠤ ᠥᠭᠪᠡ᠃ 24 ᠳᠠᠭᠠᠭᠠᠮᠠᠯ ᠨᠢ ᠶᠣᠰᠧᠹ ᠤᠨ ᠭᠡᠷ ᠲᠦ ᠲᠡᠳᠡᠨ ᠢ ᠣᠷᠣᠭᠤᠯᠤᠭᠠᠳ᠂ ᠲᠡᠳᠡᠨ ᠳᠦ ᠬᠥᠯ ᠤᠬᠢᠶᠠᠬᠤ ᠤᠰᠤ ᠥᠭᠴᠦ᠂ ᠡᠯᠵᠢᠭᠡᠨ ᠳᠦᠨᠢ ᠲᠡᠵᠢᠭᠡᠯ ᠥᠭᠴᠡᠢ᠃ 25 ᠲᠡᠳᠡ ᠲᠡᠨᠳᠡ ᠬᠣᠭᠣᠯᠠᠯᠠᠬᠤ ᠪᠣᠯᠣᠭᠰᠠᠨ ᠢᠶᠠᠨ ᠰᠣᠨᠣᠰᠣᠭᠠᠳ᠂ ᠶᠣᠰᠧᠹ ᠢ ᠦᠳᠡ ᠳᠦ ᠢᠷᠡᠬᠦ ᠳᠦᠨᠢ ᠥᠭᠬᠦ ᠪᠡᠯᠡᠭ ᠢᠶᠡᠨ ᠪᠡᠯᠡᠳᠬᠡᠪᠡ᠃
26 ᠶᠣᠰᠧᠹ ᠭᠡᠷ ᠲᠡᠭᠡᠨ ᠣᠷᠣᠵᠤ ᠢᠷᠡᠬᠦ ᠳᠦ ᠲᠡᠳᠡ ᠭᠡᠷ ᠲᠤᠨᠢ ᠣᠷᠣᠭᠤᠯᠵᠤ ᠢᠷᠡᠭᠰᠡᠨ ᠪᠡᠯᠡᠭ ᠢᠶᠡᠨ ᠲᠡᠭᠦᠨ ᠳᠦ ᠡᠷᠭᠦᠨ ᠪᠠᠷᠢᠵᠤ᠂ ᠭᠠᠵᠠᠷ ᠲᠤ ᠰᠥᠭᠥᠳᠥᠨ ᠮᠥᠷᠭᠥᠪᠡ᠃ 27 ᠶᠣᠰᠧᠹ ᠲᠡᠳᠡᠨ ᠦ ᠠᠮᠤᠷ ᠮᠡᠨᠳᠦ ᠶᠢ ᠠᠰᠠᠭᠤᠭᠠᠳ᠄ 《ᠲᠠ ᠨᠠᠷ ᠤᠨ ᠶᠠᠷᠢᠵᠤ ᠪᠠᠢᠭᠰᠠᠨ ᠥᠨᠳᠥᠷ ᠨᠠᠰᠤᠲᠠᠢ ᠡᠴᠢᠭᠡ ᠴᠢᠨᠢ ᠠᠮᠤᠷ ᠰᠠᠢᠨ ᠪᠠᠢᠨ᠎ᠠ ᠤᠤ︖ ᠣᠳᠣ ᠬᠦᠷᠲᠡᠯ᠎ᠡ ᠠᠮᠢᠳᠤ ᠰᠡᠷᠡᠭᠦᠨ ᠪᠠᠢᠭ᠎ᠠ ᠤᠤ︖》 ᠭᠡᠰᠡᠨ ᠳᠦ᠂ 28 ᠲᠡᠳᠡ᠄ 《ᠲᠠᠨ ᠤ ᠵᠠᠷᠤᠴᠠ᠂ ᠪᠢᠳᠡᠨ ᠦ ᠡᠴᠢᠭᠡ ᠠᠮᠤᠷ ᠰᠠᠢᠨ ᠪᠠᠢᠨ᠎ᠠ᠂ ᠣᠳᠣ ᠬᠦᠷᠲᠡᠯ᠎ᠡ ᠠᠮᠢᠳᠤ ᠰᠡᠷᠡᠭᠦᠨ ᠪᠠᠢᠨ᠎ᠠ》 ᠭᠡᠵᠦ ᠬᠠᠷᠢᠭᠤᠯᠤᠭᠠᠳ ᠲᠣᠯᠣᠭᠠᠢ ᠪᠥᠬᠥᠢᠨ ᠮᠥᠷᠭᠥᠵᠡᠭᠡᠵᠡᠢ᠃ 29 ᠶᠣᠰᠧᠹ ᠨᠢᠳᠦ ᠡᠷᠭᠦᠨ ᠡᠬᠡ ᠶᠢᠨ ᠢᠶᠠᠨ ᠬᠦᠦ ᠪᠢᠨᠶᠠᠮᠢᠨ ᠳᠡᠭᠦᠦ ᠪᠡᠨ ᠬᠠᠷᠠᠭᠠᠳ᠄ 《ᠡᠨᠡ ᠴᠢᠨᠢ ᠲᠠ ᠨᠠᠷ ᠤᠨ ᠨᠠᠳᠠ ᠳᠤ ᠬᠡᠯᠡᠭᠡᠳ ᠪᠠᠢᠭᠰᠠᠨ ᠨᠥᠭᠥᠭᠡ ᠣᠳᠬᠣᠨ ᠳᠡᠭᠦᠦ ᠴᠢᠨᠢ ᠮᠥᠨ ᠤᠤ︖》 ᠭᠡᠳ᠂ 《ᠬᠦᠦ ᠮᠢᠨᠢ᠂ ᠴᠢᠮᠠᠶᠢ ᠪᠤᠷᠬᠠᠨ ᠢᠪᠡᠭᠡᠬᠦ ᠪᠣᠯᠲᠤᠭᠠᠢ︕》 ᠭᠡᠵᠦ ᠨᠡᠮᠡᠵᠦ ᠬᠡᠯᠡᠪᠡ᠃ 30 ᠶᠣᠰᠧᠹ ᠳᠡᠭᠦᠦ ᠪᠡᠨ ᠬᠠᠷᠠᠭᠠᠳ ᠰᠡᠳᠬᠢᠯ ᠨᠢ ᠶᠡᠬᠡᠳᠡ ᠤᠶᠠᠷᠠᠵᠤ᠂ ᠤᠬᠢᠯᠠᠬᠤ ᠰᠢᠬᠠᠭᠰᠠᠨ ᠢᠶᠠᠷ ᠶᠠᠭᠠᠷᠠᠨ ᠭᠠᠷᠴᠤ᠂ ᠳᠣᠲᠣᠭᠠᠳᠤ ᠥᠷᠥᠭᠡᠨ ᠳᠡᠭᠡᠨ ᠣᠷᠣᠵᠤ ᠤᠬᠢᠯᠠᠭᠰᠠᠨ ᠪᠠᠢᠨ᠎ᠠ᠃ 31 ᠳᠠᠷᠠᠭ᠎ᠠ ᠨᠢ ᠲᠡᠷᠡ ᠨᠢᠭᠤᠷ ᠢᠶᠠᠨ ᠤᠬᠢᠶᠠᠵᠤ᠂ ᠭᠠᠷᠴᠤ ᠢᠷᠡᠭᠡᠳ᠂ ᠰᠡᠳᠬᠢᠯ ᠢᠶᠠᠨ ᠪᠠᠷᠢᠨ᠄ 《ᠬᠣᠭᠣᠯᠠ ᠣᠷᠣᠭᠤᠯᠤᠭᠠᠷᠠᠢ》 ᠭᠡᠪᠡ᠃ 32 ᠲᠡᠳᠡ ᠶᠣᠰᠧᠹ ᠲᠤ ᠲᠤᠰ ᠲᠤᠨᠢ᠂ ᠠᠬ᠎ᠠ ᠳᠡᠭᠦᠦ ᠨᠠᠷ ᠲᠤᠨᠢ ᠲᠤᠰ ᠲᠤᠨᠢ᠂ ᠲᠡᠭᠦᠨ ᠲᠡᠢ ᠬᠠᠮᠲᠤ ᠬᠣᠭᠣᠯᠠᠯᠠᠳᠠᠭ ᠶᠧᠵᠢᠫᠲ ᠬᠥᠮᠦᠰ ᠲᠦ ᠪᠠᠰᠠ ᠲᠤᠰ ᠲᠤᠨᠢ ᠬᠣᠭᠣᠯᠠ ᠠᠪᠴᠢᠷᠠᠵᠤ ᠥᠭᠪᠡ᠃ ᠤᠴᠢᠷ ᠨᠢ ᠶᠧᠵᠢᠫᠲ ᠬᠥᠮᠦᠨ ᠢᠪᠷᠠᠢ ᠬᠥᠮᠦᠨ ᠲᠡᠢ ᠬᠠᠮᠲᠤ ᠬᠣᠭᠣᠯᠠᠯᠠᠬᠤ ᠶᠢ ᠴᠡᠭᠡᠷᠯᠡᠳᠡᠭ ᠠᠵᠢ᠃ 33 ᠶᠣᠰᠧᠹ ᠲᠡᠳᠡᠨ ᠢ ᠲᠣᠮᠣ ᠠᠴᠠ ᠨᠢ ᠠᠪᠤᠭᠠᠳ ᠣᠳᠬᠣᠨ ᠳᠤᠨᠢ ᠬᠦᠷᠲᠡᠯ᠎ᠡ ᠨᠠᠰᠤᠨ ᠤ ᠬᠢᠨᠢ ᠳᠠᠷᠠᠭᠠᠯᠠᠯ ᠢᠶᠠᠷ ᠥᠪᠡᠷ ᠦᠨ ᠢᠶᠠᠨ ᠡᠮᠦᠨ᠎ᠡ ᠰᠠᠭᠤᠯᠭᠠᠭᠰᠠᠨ ᠳᠤ᠂ ᠲᠡᠳᠡ ᠪᠡᠶ᠎ᠡ ᠪᠡᠶ᠎ᠡ ᠪᠡᠨ ᠭᠠᠢᠬᠠᠨ ᠬᠠᠷᠠᠵᠠᠭᠠᠪᠠ᠃ 34 ᠶᠣᠰᠧᠹ ᠥᠪᠡᠷ ᠦᠨ ᠢᠶᠠᠨ ᠬᠣᠭᠣᠯᠠᠨ ᠠᠴᠠ ᠲᠡᠳᠡᠨ ᠳᠦ ᠪᠠᠷᠢᠭᠰᠠᠨ ᠪᠥᠭᠡᠳ ᠪᠢᠨᠶᠠᠮᠢᠨ ᠳᠤ ᠥᠭᠭᠥᠭᠰᠡᠨ ᠬᠣᠭᠣᠯᠠ ᠨᠢ ᠪᠤᠰᠤᠳ ᠤᠨ ᠬᠢ ᠡᠴᠡ ᠲᠠᠪᠤ ᠳᠠᠬᠢᠨ ᠶᠡᠬᠡ ᠪᠠᠢᠭᠰᠠᠨ᠃ ᠲᠡᠳᠡ ᠶᠣᠰᠧᠹ ᠲᠠᠢ ᠬᠠᠮᠲᠤ ᠬᠠᠨᠲᠠᠯ᠎ᠠ ᠤᠤᠭᠤᠵᠤ ᠪᠠᠶᠠᠷᠯᠠᠵᠠᠭᠠᠵᠠᠢ᠃