1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠬᠣᠶᠠᠷ

1 ᠲᠩᠷᠢ ᠭᠠᠵᠠᠷ᠂ ᠲᠦᠮᠡᠨ ᠪᠣᠳᠠᠰ ᠨᠢ ᠡᠢᠨ ᠬᠦ ᠪᠦᠷᠢᠳᠴᠡᠢ᠃ 2 ᠳᠣᠯᠣᠳᠠᠬᠢ ᠡᠳᠦᠷ ᠪᠣᠯᠬᠤ ᠳᠤ᠂ ᠪᠤᠷᠬᠠᠨ ᠠᠵᠢᠯ ᠢᠶᠠᠨ ᠬᠢᠵᠦ ᠳᠠᠭᠤᠰᠬᠠᠭᠰᠠᠨ ᠪᠠ ᠳᠣᠯᠣᠳᠠᠬᠢ ᠡᠳᠦᠷ ᠪᠦᠬᠦ ᠠᠵᠢᠯ ᠠᠴᠠ ᠪᠠᠨ ᠠᠮᠠᠷᠠᠵᠠᠢ᠃ 3 ᠪᠤᠷᠬᠠᠨ ᠳᠣᠯᠣᠳᠠᠬᠢ ᠡᠳᠦᠷ ᠢ ᠢᠷᠥᠭᠡᠵᠦ᠂ ᠠᠷᠢᠭᠤᠰᠬᠠᠪᠠ᠃ ᠤᠴᠢᠷ ᠨᠢ ᠡᠨᠡ ᠡᠳᠦᠷ ᠪᠤᠷᠬᠠᠨ ᠪᠦᠲᠦᠭᠡᠬᠦ ᠵᠣᠬᠢᠶᠠᠬᠤ ᠪᠦᠬᠦ ᠠᠵᠢᠯ ᠠᠴᠠ ᠪᠠᠨ ᠠᠮᠠᠷᠠᠭᠰᠠᠨ ᠶᠤᠮ᠃
 ᠬᠥᠮᠦᠨ ᠲᠥᠷᠥᠯᠬᠢᠲᠡᠨ ᠦ ᠡᠭᠦᠰᠦᠯ

4 ᠲᠩᠷᠢ ᠭᠠᠵᠠᠷ ᠤᠨ ᠪᠦᠲᠦᠭᠰᠡᠨ ᠲᠡᠦᠬᠡ ᠡᠢᠮᠦ ᠪᠢᠯᠡ᠃

5 ᠶᠣᠬᠣᠸᠠ ᠪᠤᠷᠬᠠᠨ ᠭᠠᠵᠠᠷ ᠳᠡᠭᠡᠷ᠎ᠡ ᠬᠤᠷ᠎ᠠ ᠪᠣᠷᠣᠭᠠᠨ ᠣᠷᠣᠭᠤᠯᠤᠭ᠎ᠠ ᠦᠭᠡᠢ ᠤᠴᠢᠷ ᠭᠠᠵᠠᠷ ᠳᠡᠭᠡᠷ᠎ᠡ ᠮᠣᠳᠣ ᠪᠤᠲᠠ ᠬᠠᠷᠠᠬᠠᠨ ᠪᠠᠢᠬᠤ ᠦᠭᠡᠢ᠂ ᠬᠡᠭᠡᠷ᠎ᠡ ᠲᠠᠯ᠎ᠠ ᠳᠤ ᠡᠪᠡᠰᠦ ᠨᠣᠭᠣᠭ᠎ᠠ ᠴᠤ ᠤᠷᠭᠤᠭ᠎ᠠ ᠦᠭᠡᠢ᠃ ᠠᠲᠠᠷ ᠬᠠᠭᠠᠯᠬᠤ ᠬᠥᠮᠦᠨ ᠴᠤ ᠪᠠᠢᠭ᠎ᠠ ᠦᠭᠡᠢ᠃ 6 ᠠᠭᠤᠷ ᠮᠠᠨᠠᠨ ᠭᠠᠵᠠᠷ ᠠᠴᠠ ᠬᠥᠭᠡᠷᠴᠦ᠂ ᠪᠦᠬᠦ ᠭᠠᠵᠠᠷ ᠤᠨ ᠭᠠᠳᠠᠷᠭᠤ ᠶᠢ ᠤᠮᠳᠠᠯᠠᠵᠤ ᠪᠠᠢᠯ᠎ᠠ᠃ 7 ᠲᠡᠷᠡ ᠦᠶ᠎ᠡ ᠳᠦ᠂ ᠶᠣᠬᠣᠸᠠ ᠪᠤᠷᠬᠠᠨ ᠰᠢᠷᠣᠢ ᠶᠢᠨ ᠲᠣᠭᠣᠰᠣ ᠪᠠᠷ ᠬᠥᠮᠦᠨ ᠢ ᠬᠢᠵᠦ᠂ ᠠᠮᠢ ᠶᠢᠨ ᠠᠮᠢᠰᠬᠤᠯ ᠢ ᠬᠠᠮᠠᠷ ᠢᠶᠠᠷ ᠨᠢ ᠦᠯᠢᠶᠡᠵᠦ ᠣᠷᠣᠭᠤᠯᠬᠤ ᠳᠤ᠂ ᠬᠥᠮᠦᠨ ᠠᠮᠢᠳᠤ ᠴᠣᠭᠴᠠ ᠪᠣᠯᠵᠠᠢ᠃ 8 ᠶᠣᠬᠣᠸᠠ ᠪᠤᠷᠬᠠᠨ ᠳᠣᠷᠣᠨ᠎ᠠ ᠵᠦᠭ ᠦᠨ ᠡᠳᠧᠨ 1  ᠳᠤ ᠴᠡᠴᠡᠷᠯᠢᠭ ᠪᠠᠢᠭᠤᠯᠤᠭᠠᠳ ᠥᠪᠡᠷ ᠦᠨ ᠢᠶᠠᠨ ᠬᠢᠭᠰᠡᠨ ᠬᠥᠮᠦᠨ ᠢ ᠲᠡᠨᠳᠡ ᠪᠠᠢᠯᠭᠠᠵᠠᠢ᠃ 9 ᠶᠣᠬᠣᠸᠠ ᠪᠤᠷᠬᠠᠨ ᠲᠡᠨᠳᠡ ᠬᠥᠷᠥᠰᠥᠨ ᠡᠴᠡ ᠶᠠᠩᠵᠤ ᠪᠦᠷᠢ ᠶᠢᠨ ᠮᠣᠳᠣᠳ ᠢ ᠤᠷᠭᠤᠭᠤᠯᠪᠠ᠃ ᠲᠡᠳᠡᠭᠡᠷ ᠨᠢ ᠬᠠᠷᠠᠬᠤ ᠳᠤ ᠲᠠᠭᠠᠲᠠᠢ᠂ ᠬᠦᠨᠡᠰᠦ ᠪᠣᠯᠭᠠᠬᠤ ᠳᠤ ᠰᠠᠢᠨ ᠪᠠᠢᠯ᠎ᠠ᠃

10 ᠡᠳᠧᠨ ᠡᠴᠡ ᠡᠬᠢ ᠠᠪᠤᠭᠰᠠᠨ ᠨᠢᠭᠡᠨ ᠮᠥᠷᠡᠨ ᠲᠡᠷᠡ ᠴᠡᠴᠡᠷᠯᠢᠭ ᠢ ᠤᠰᠤᠯᠠᠳᠠᠭ ᠪᠥᠭᠡᠳ ᠲᠡᠨᠳᠡ ᠡᠴᠡ ᠳᠥᠷᠪᠡ ᠰᠠᠯᠪᠤᠷᠢᠯᠠᠵᠠᠢ᠃ 11 ᠡᠬᠢᠨ ᠤ ᠬᠢᠨᠢ ᠫᠢᠱᠣᠨ ᠭᠡᠳᠡᠭ ᠨᠡᠷ᠎ᠡ ᠲᠠᠢ ᠪᠥᠭᠡᠳ ᠬᠠᠸᠢᠯᠠ ᠶᠢᠨ ᠪᠦᠬᠦ ᠨᠤᠲᠤᠭ ᠢ ᠲᠣᠭᠣᠷᠢᠨ ᠥᠩᠭᠡᠷᠡᠳᠡᠭ᠃ ᠲᠡᠨᠳᠡ ᠠᠯᠲᠠ ᠪᠠᠢᠳᠠᠭ᠃ 12 ᠲᠡᠷᠡ ᠨᠤᠲᠤᠭ ᠤᠨ ᠠᠯᠲᠠ ᠨᠢ ᠰᠠᠢᠨ᠂ ᠠᠩᠬᠢᠯᠤᠭᠤᠨ ᠳᠠᠪᠠᠷᠬᠠᠢ 2 ᠂ ᠰᠤᠳᠠᠯᠲᠤ ᠮᠠᠨᠤᠬᠤ ᠴᠤ ᠲᠡᠨᠳᠡ ᠪᠠᠢᠭᠰᠠᠨ᠃ 13 ᠬᠣᠶᠠᠳᠠᠬᠢ ᠮᠥᠷᠡᠨ ᠨᠢ ᠭᠢᠬᠣᠨ ᠭᠡᠳᠡᠭ ᠨᠡᠷ᠎ᠡ ᠲᠠᠢ ᠪᠥᠭᠡᠳ ᠺᠦᠱ ᠤᠨ ᠪᠦᠬᠦ ᠨᠤᠲᠤᠭ ᠢ ᠲᠣᠭᠣᠷᠢᠨ ᠥᠩᠭᠡᠷᠡᠳᠡᠭ᠃ 14 ᠭᠤᠷᠪᠠᠳᠠᠬᠢ ᠮᠥᠷᠡᠨ ᠨᠢ ᠲᠢᠭᠷᠢᠰ ᠭᠡᠳᠡᠭ ᠨᠡᠷ᠎ᠡ ᠲᠡᠢ ᠪᠥᠭᠡᠳ ᠠᠱᠦ᠋ᠷ ᠤᠨ ᠵᠡᠭᠦᠨ ᠲᠠᠯ᠎ᠠ ᠪᠠᠷ ᠤᠷᠤᠰᠳᠠᠭ᠃ ᠳᠥᠷᠪᠡᠳᠡᠬᠢ ᠮᠥᠷᠡᠨ ᠨᠢ ᠡᠶᠦ᠋ᠹᠷᠠᠲ᠋ᠧᠰ ᠶᠤᠮ᠃

15 ᠶᠣᠬᠣᠸᠠ ᠪᠤᠷᠬᠠᠨ ᠬᠥᠮᠦᠨ ᠢ ᠡᠳᠧᠨ ᠴᠡᠴᠡᠷᠯᠢᠭ ᠲᠤ ᠠᠪᠠᠴᠢᠵᠤ ᠲᠠᠯᠪᠢᠭᠠᠳ ᠲᠡᠷᠡ ᠭᠠᠵᠠᠷ ᠢ ᠠᠷᠠᠴᠢᠯᠠᠭᠤᠯᠤᠨ ᠰᠠᠬᠢᠭᠤᠯᠵᠠᠢ᠃ 16 ᠶᠣᠬᠣᠸᠠ ᠪᠤᠷᠬᠠᠨ ᠲᠡᠷᠡ ᠬᠥᠮᠦᠨ ᠳᠦ ᠲᠤᠰᠢᠶᠠᠨ᠄ 《ᠴᠡᠴᠡᠷᠯᠢᠭ ᠤᠨ ᠠᠯᠢ ᠴᠤ ᠮᠣᠳᠣᠨ ᠠᠴᠠ ᠴᠢ ᠳᠤᠷ᠎ᠠ ᠪᠠᠷ ᠢᠶᠠᠨ ᠢᠳᠡᠵᠦ ᠪᠣᠯᠣᠨ᠎ᠠ᠃ 17 ᠭᠡᠪᠡᠴᠦ ᠰᠠᠢᠨ ᠮᠠᠭᠤ ᠶᠢ ᠮᠡᠳᠡᠭᠦᠯᠦᠭᠴᠢ ᠮᠣᠳᠣᠨ ᠠᠴᠠ ᠢᠳᠡᠵᠦ ᠪᠣᠯᠬᠤ ᠦᠭᠡᠢ᠃ ᠲᠡᠭᠦᠨ ᠡᠴᠡ ᠢᠳᠡᠭᠰᠡᠨ ᠲᠡᠷᠡ ᠡᠳᠦᠷ ᠲᠡᠭᠡᠨ ᠯᠠ ᠴᠢ ᠯᠠᠪᠲᠠᠢ ᠦᠬᠦᠨ᠎ᠡ︕》 ᠭᠡᠪᠡ᠃

18 ᠶᠣᠬᠣᠸᠠ ᠪᠤᠷᠬᠠᠨ᠄ 《ᠬᠥᠮᠦᠨ ᠭᠠᠭᠴᠠᠭᠠᠷ ᠢᠶᠠᠨ ᠪᠠᠢᠬᠤ ᠨᠢ ᠰᠠᠢᠨ ᠪᠢᠰᠢ᠂ ᠲᠡᠭᠦᠨ ᠳᠦ ᠲᠣᠬᠢᠷᠠᠬᠤ ᠲᠤᠰᠠᠯᠠᠭᠴᠢ ᠶᠢ ᠪᠢ ᠵᠣᠬᠢᠶᠠᠶ᠎ᠠ》 ᠬᠡᠮᠡᠨ ᠠᠢᠯᠠᠳᠴᠠᠢ᠃ 19 ᠶᠣᠬᠣᠸᠠ ᠪᠤᠷᠬᠠᠨ ᠰᠢᠷᠣᠢ ᠪᠠᠷ ᠬᠡᠭᠡᠷ᠎ᠡ ᠶᠢᠨ ᠠᠯᠢᠪᠠ ᠠᠮᠢᠲᠠᠨ᠂ ᠣᠭᠲᠠᠷᠭᠤᠢ ᠶᠢᠨ ᠠᠯᠢᠪᠠ ᠰᠢᠪᠠᠭᠤ ᠶᠢ ᠬᠢᠵᠦ᠂ ᠠᠳᠠᠮ ᠳᠤ ᠠᠪᠴᠢᠷᠠᠨ᠂ ᠲᠡᠳᠡᠭᠡᠷ ᠢ ᠬᠡᠷᠬᠢᠨ ᠨᠡᠷᠡᠯᠡᠬᠦ ᠶᠢ ᠨᠢ ᠦᠵᠡᠯ᠎ᠡ᠃ ᠠᠳᠠᠮ ᠠᠮᠢ ᠲᠠᠢ ᠪᠣᠯᠭᠠᠨ ᠢ ᠶᠠᠭᠤ ᠭᠡᠵᠦ ᠳᠠᠭᠤᠳᠠᠭᠰᠠᠨ ᠪᠣᠯ᠂ ᠲᠡᠷᠡ ᠨᠢ ᠲᠡᠭᠦᠨ ᠦ ᠨᠡᠷ᠎ᠡ ᠪᠣᠯᠵᠠᠢ᠃ 20 ᠡᠢᠨ ᠬᠦ ᠠᠳᠠᠮ ᠠᠯᠢᠪᠠ ᠮᠠᠯ ᠠᠳᠤᠭᠤᠰᠤ᠂ ᠣᠭᠲᠠᠷᠭᠤᠢ ᠶᠢᠨ ᠰᠢᠪᠠᠭᠤᠳ᠂ ᠬᠡᠭᠡᠷ᠎ᠡ ᠶᠢᠨ ᠠᠯᠢᠪᠠ ᠠᠮᠢᠲᠠᠨ ᠳᠤ ᠨᠡᠷ᠎ᠡ ᠥᠭᠴᠡᠢ᠃ ᠬᠠᠷᠢᠨ ᠠᠳᠠᠮ ᠳᠤ ᠲᠣᠬᠢᠷᠠᠬᠤ ᠲᠤᠰᠠᠯᠠᠭᠴᠢ ᠣᠯᠳᠠᠭᠰᠠᠨ ᠦᠭᠡᠢ᠃ 21 ᠲᠡᠭᠡᠭᠡᠳ ᠶᠣᠬᠣᠸᠠ ᠪᠤᠷᠬᠠᠨ ᠠᠳᠠᠮ ᠢ ᠭᠦᠨ ᠨᠣᠢᠷ ᠲᠤ ᠣᠷᠣᠭᠤᠯᠪᠠ᠃ ᠲᠡᠭᠦᠨ ᠢ ᠤᠨᠲᠠᠵᠤ ᠪᠠᠢᠬᠤ ᠳᠤ ᠬᠠᠪᠢᠷᠭ᠎ᠠ ᠠᠴᠠ ᠨᠢ ᠨᠢᠭᠡ ᠶᠢ ᠠᠪᠤᠭᠠᠳ᠂ ᠥᠨᠥᠬᠢ ᠬᠡᠰᠡᠭ ᠢ ᠨᠢ ᠮᠢᠬ᠎ᠠ ᠪᠠᠷ ᠪᠥᠭᠯᠡᠵᠡᠢ᠃ 22 ᠶᠣᠬᠣᠸᠠ ᠪᠤᠷᠬᠠᠨ ᠠᠳᠠᠮ 3  ᠠᠴᠠ ᠠᠪᠤᠭᠰᠠᠨ ᠲᠡᠷᠡ ᠬᠠᠪᠢᠷᠭ᠎ᠠ ᠪᠠᠷ ᠡᠮᠡᠭᠲᠡᠢ ᠬᠥᠮᠦᠨ ᠢ ᠪᠦᠲᠦᠭᠡᠵᠦ᠂ ᠲᠡᠭᠦᠨ ᠢ ᠠᠳᠠᠮ ᠳᠤ ᠠᠪᠴᠢᠷᠠᠪᠠ᠃ 23 ᠠᠳᠠᠮ᠄ 《ᠡᠨᠡ ᠪᠣᠯ ᠶᠠᠰᠤᠨ ᠠᠴᠠ ᠮᠢᠨᠢ ᠭᠠᠷᠤᠭᠰᠠᠨ ᠶᠠᠰᠤ ᠮᠢᠬᠠᠨ ᠠᠴᠠ ᠮᠢᠨᠢ ᠭᠠᠷᠤᠭᠰᠠᠨ ᠮᠢᠬ᠎ᠠ ᠪᠠᠢᠨ᠎ᠠ᠂ ᠲᠡᠷᠡ ᠪᠡᠷ ᠡᠷ᠎ᠡ ᠬᠥᠮᠦᠨ ᠡᠴᠡ ᠠᠪᠤᠭᠳᠠᠭᠰᠠᠨ ᠲᠤᠯᠠ ᠡᠮ᠎ᠡ ᠬᠥᠮᠦᠨ ᠭᠡᠭᠳᠡᠨ᠎ᠡ 4
ᠭᠡᠵᠦ ᠬᠡᠯᠡᠵᠡᠢ᠃ 24 ᠡᠢᠮᠦ ᠡᠴᠡ ᠡᠷ᠎ᠡ ᠬᠥᠮᠦᠨ ᠡᠴᠢᠭᠡ ᠡᠬᠡ ᠪᠡᠨ ᠣᠷᠬᠢᠭᠠᠳ ᠡᠬᠡᠨᠡᠷ ᠲᠡᠢ ᠪᠡᠨ ᠨᠡᠢᠯᠡᠨ᠂ ᠬᠣᠶᠠᠭᠤᠯᠠ ᠪᠠᠨ ᠨᠢᠭᠡ ᠮᠢᠬᠠᠨ ᠪᠡᠶ᠎ᠡ ᠪᠣᠯᠣᠨ᠎ᠠ᠃ 25 ᠡᠷ᠎ᠡ ᠬᠥᠮᠦᠨ ᠡᠬᠡᠨᠡᠷ ᠲᠡᠢ ᠪᠡᠨ ᠬᠣᠶᠠᠭᠤᠯᠠ ᠨᠢᠴᠦᠭᠦᠨ ᠪᠠᠢᠭᠰᠠᠨ ᠪᠥᠭᠡᠳ ᠲᠡᠳᠡ ᠢᠴᠢᠭᠰᠡᠨ ᠦᠭᠡᠢ᠃