1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠭᠤᠴᠢᠨ ᠭᠤᠷᠪᠠ
 ᠶᠠᠺᠣᠪ ᠡᠰᠠᠦ᠋ ᠲᠠᠢ ᠠᠭᠤᠯᠵᠠᠪᠠ

1 ᠶᠠᠺᠣᠪ ᠨᠢᠳᠦ ᠡᠷᠭᠦᠨ ᠬᠠᠷᠠᠲᠠᠯ᠎ᠠ᠂ ᠡᠰᠠᠦ᠋ ᠳᠥᠷᠪᠡᠨ ᠵᠠᠭᠤᠨ ᠬᠥᠮᠦᠨ ᠢᠶᠡᠨ ᠳᠠᠭᠠᠭᠤᠯᠤᠨ ᠢᠷᠡᠵᠦ ᠪᠠᠢᠪᠠ︕ ᠡᠢᠮᠦ ᠡᠴᠡ ᠲᠡᠷᠡ ᠪᠡᠷ ᠬᠡᠦᠬᠡᠳ ᠤᠳ ᠢᠶᠠᠨ ᠯᠧᠶ᠎ᠠ᠂ ᠷᠠᠾᠢᠯ ᠪᠣᠯᠣᠨ ᠬᠣᠶᠠᠷ ᠰᠢᠪᠡᠭᠴᠢᠨ ᠳᠡᠭᠡᠨ ᠬᠤᠪᠢᠶᠠᠵᠤ ᠥᠭᠭᠥᠭᠡᠳ 2 ᠰᠢᠪᠡᠭᠴᠢᠳ ᠢ ᠬᠡᠦᠬᠡᠳ ᠤᠳ ᠲᠠᠢ ᠨᠢ ᠬᠠᠮᠲᠤ ᠲᠦᠷᠦᠭᠦᠨ ᠳᠦᠨᠢ ᠲᠠᠯᠪᠢᠵᠤ᠂ ᠯᠧᠶ᠎ᠠ ᠶᠢ ᠬᠡᠦᠬᠡᠳ ᠤᠳ ᠲᠠᠢ ᠨᠢ ᠬᠠᠮᠲᠤ ᠳᠠᠷᠠᠭ᠎ᠠ ᠨᠢ᠂ ᠷᠠᠾᠢᠯ ᠶᠣᠰᠧᠹ ᠬᠣᠶᠠᠷ ᠢ ᠬᠣᠢᠨ᠎ᠠ ᠨᠢ ᠣᠷᠣᠭᠤᠯᠪᠠ᠃ 3 ᠬᠠᠷᠢᠨ ᠶᠠᠺᠣᠪ ᠥᠪᠡᠷ ᠢᠶᠡᠨ ᠲᠡᠳᠡᠨ ᠦ ᠡᠮᠦᠨ᠎ᠡ ᠭᠠᠷᠤᠭᠠᠳ᠂ ᠳᠣᠯᠣᠭᠠᠨ ᠤᠳᠠᠭ᠎ᠠ ᠭᠠᠵᠠᠷ ᠪᠥᠬᠥᠢᠨ ᠮᠥᠷᠭᠥᠵᠦ᠂ ᠠᠬ᠎ᠠ ᠡᠰᠠᠦ᠋ ᠤᠷᠤᠭᠤ ᠪᠠᠨ ᠳᠥᠭᠥᠭᠰᠡᠭᠡᠷ ᠣᠴᠢᠪᠠ᠃

4 ᠬᠠᠷᠢᠨ ᠡᠰᠠᠦ᠋ ᠭᠦᠶᠦᠵᠦ ᠢᠷᠡᠭᠡᠳ᠂ ᠲᠡᠭᠦᠨ ᠦ ᠬᠦᠵᠦᠭᠦᠦ ᠪᠡᠷ ᠲᠡᠪᠡᠷᠢᠨ ᠦᠨᠦᠰᠪᠡ᠃ ᠢᠩᠭᠢᠭᠡᠳ ᠬᠣᠶᠠᠭᠤᠯᠠ ᠪᠠᠨ ᠤᠬᠢᠯᠠᠯᠳᠤᠭᠰᠠᠨ ᠪᠠᠢᠯ᠎ᠠ᠃ 5 ᠡᠰᠠᠦ᠋ ᠨᠢᠳᠦ ᠡᠷᠭᠦᠨ᠂ ᠡᠮᠡᠭᠲᠡᠢᠴᠦᠳ ᠪᠣᠯᠣᠨ ᠬᠡᠦᠬᠡᠳ ᠤᠳ ᠢ ᠣᠯᠵᠤ ᠬᠠᠷᠠᠭᠠᠳ᠄ 《ᠴᠢᠮ᠎ᠠ ᠲᠠᠢ ᠬᠠᠮᠲᠤ ᠶᠠᠪᠤᠭ᠎ᠠ ᠡᠨᠡ ᠬᠥᠮᠦᠰ ᠶᠠᠭᠤᠨ ᠤ ᠤᠯᠤᠰ ᠪᠤᠢ︖》 ᠭᠡᠰᠡᠨ ᠳᠦ ᠶᠠᠺᠣᠪ᠄ 《ᠲᠠᠨ ᠤ ᠵᠠᠷᠤᠴᠠ ᠨᠠᠳᠠ ᠳᠤ ᠪᠤᠷᠬᠠᠨ ᠤ ᠬᠠᠢᠷᠠᠯᠠᠭᠰᠠᠨ ᠬᠡᠦᠬᠡᠳ ᠤᠳ》 ᠭᠡᠪᠡ᠃ 6 ᠲᠡᠭᠡᠬᠦ ᠳᠦ ᠵᠠᠷᠤᠴᠠ ᠪᠦᠰᠡᠭᠦᠢᠴᠦᠳ ᠨᠢ ᠬᠡᠦᠬᠡᠳ ᠤᠳ ᠤᠨ ᠢᠶᠠᠨ ᠬᠠᠮᠲᠤ ᠬᠦᠷᠴᠦ ᠢᠷᠡᠭᠡᠳ ᠰᠥᠭᠥᠳᠥᠨ ᠮᠥᠷᠭᠥᠪᠡ᠃ 7 ᠯᠧᠶ᠎ᠠ ᠴᠤ ᠬᠡᠦᠬᠡᠳ ᠤᠳ ᠤᠨ ᠢᠶᠠᠨ ᠬᠠᠮᠲᠤ ᠬᠦᠷᠴᠦ ᠢᠷᠡᠭᠡᠳ ᠰᠥᠭᠥᠳᠥᠨ ᠮᠥᠷᠭᠥᠪᠡ᠃ ᠳᠠᠷᠠᠭ᠎ᠠ ᠨᠢ ᠶᠣᠰᠧᠹ ᠷᠠᠾᠢᠯ ᠲᠠᠢ ᠬᠠᠮᠲᠤ ᠬᠦᠷᠴᠦ ᠢᠷᠡᠭᠡᠳ ᠰᠥᠭᠥᠳᠥᠨ ᠮᠥᠷᠭᠥᠪᠡ᠃ 8 ᠡᠰᠠᠦ᠋᠄ 《ᠨᠠᠳᠠ ᠲᠠᠢ ᠲᠠᠭᠠᠷᠠᠯᠳᠤᠭᠰᠠᠨ ᠡᠨᠡ ᠡᠩᠨᠡᠭᠡ ᠴᠢᠨᠢ ᠶᠠᠮᠠᠷ ᠤᠴᠢᠷ ᠲᠠᠢ ᠶᠤᠮ ᠪᠤᠢ︖》 ᠭᠡᠰᠡᠨ ᠳᠦ᠂ ᠶᠠᠺᠣᠪ᠄ 《ᠡᠵᠡᠨ ᠲᠠᠨ ᠤ ᠲᠠᠭᠠᠯᠠᠯ ᠢ ᠣᠯᠬᠤ ᠭᠡᠰᠡᠨ ᠪᠢᠯᠡ》 ᠭᠡᠵᠦ ᠬᠡᠯᠡᠪᠡ᠃ 9 ᠡᠰᠠᠦ᠋᠄ 《ᠨᠠᠳᠠ ᠳᠤ ᠴᠤ ᠠᠷᠪᠢᠨ ᠪᠠᠢᠨ᠎ᠠ᠂ ᠳᠡᠭᠦᠦ ᠮᠢᠨᠢ ᠡ᠂ ᠪᠠᠢᠭ᠎ᠠ ᠶᠠᠭᠤᠮ᠎ᠠ ᠪᠠᠨ ᠥᠪᠡᠷ ᠲᠡᠭᠡᠨ ᠦᠯᠡᠳᠡᠭᠡ》 ᠭᠡᠪᠡ᠃ 10 ᠶᠠᠺᠣᠪ᠄ 《ᠦᠭᠡᠢ᠃ ᠬᠡᠷᠪᠡ ᠪᠢ ᠲᠠᠨ ᠤ ᠲᠠᠭᠠᠯᠠᠯ ᠢ ᠣᠯᠣᠭᠰᠠᠨ ᠪᠣᠯ᠂ ᠲᠠ ᠡᠨᠡ ᠪᠡᠯᠡᠭ ᠢ ᠭᠠᠷ ᠠᠴᠠ ᠮᠢᠨᠢ ᠬᠦᠯᠢᠶᠡᠨ ᠠᠪᠤᠨ᠎ᠠ ᠤᠤ︖ ᠲᠠ ᠨᠠᠮᠠᠶᠢ ᠲᠠᠭᠠᠯᠠᠭᠰᠠᠨ ᠪᠣᠯᠬᠣᠷ ᠲᠠᠨ ᠲᠠᠢ ᠨᠢᠭᠤᠷ ᠤᠴᠠᠷᠠᠬᠤ ᠨᠢ ᠪᠤᠷᠬᠠᠨ ᠯᠤᠭ᠎ᠠ ᠨᠢᠭᠤᠷ ᠤᠴᠠᠷᠠᠭᠰᠠᠨ ᠲᠠᠢ ᠠᠳᠠᠯᠢ ᠶᠤᠮ᠃ 11 ᠲᠠᠨ ᠳᠤ ᠵᠣᠷᠢᠭᠤᠯᠵᠤ ᠠᠪᠴᠢᠷᠠᠭᠰᠠᠨ ᠪᠡᠯᠡᠭ ᠢ ᠮᠢᠨᠢ ᠬᠦᠯᠢᠶᠡᠨ ᠠᠪᠤᠨ᠎ᠠ ᠤᠤ︖ ᠪᠤᠷᠬᠠᠨ ᠨᠠᠮᠠᠶᠢ ᠢᠪᠡᠭᠡᠭᠰᠡᠨ ᠲᠤᠯᠠ ᠨᠠᠳᠠ ᠳᠤ ᠪᠦᠬᠦ ᠶᠠᠭᠤᠮ᠎ᠠ ᠪᠤᠢ》 ᠭᠡᠵᠦ ᠱᠠᠯᠠᠨ ᠭᠤᠶᠤᠭᠰᠠᠨ ᠳᠤ᠂ ᠡᠰᠠᠦ᠋ ᠵᠥᠪᠰᠢᠶᠡᠷᠡᠵᠡᠢ᠃

12 ᠡᠰᠠᠦ᠋᠄ 《ᠵᠠ᠂ ᠵᠠᠮ ᠳᠠᠭᠠᠨ ᠭᠠᠷᠤᠶ᠎ᠠ︕ ᠪᠢ ᠴᠢᠨᠦ ᠡᠮᠦᠨ᠎ᠡ ᠶᠠᠪᠤᠶ᠎ᠠ》 ᠭᠡᠪᠡ᠃ 13 ᠶᠠᠺᠣᠪ ᠲᠡᠭᠦᠨ ᠳᠦ᠄ 《ᠬᠡᠦᠬᠡᠳ ᠤᠳ ᠮᠢᠨᠢ ᠪᠠᠭ᠎ᠠ ᠪᠠᠯᠴᠢᠷ᠂ ᠮᠠᠯ ᠰᠦᠷᠦᠭ ᠮᠠᠨᠢ ᠨᠢᠯᠬ᠎ᠠ ᠲᠥᠯ ᠲᠡᠢ ᠶᠢ ᠡᠵᠡᠨ ᠲᠠ ᠮᠡᠳᠡᠯ᠎ᠡ᠃ ᠬᠡᠷᠪᠡ ᠨᠢᠭᠡ ᠡᠳᠦᠷ ᠰᠢᠷᠦᠭᠦᠨ ᠲᠠᠭᠤᠪᠠᠯ ᠮᠠᠯ ᠰᠦᠷᠦᠭ ᠪᠦᠭᠦᠳᠡᠭᠡᠷ ᠢᠶᠡᠨ ᠦᠬᠦᠨ᠎ᠡ᠃ 14 ᠡᠵᠡᠨ ᠮᠢᠨᠢ ᠲᠠ ᠵᠠᠷᠤᠴᠠ ᠨᠠᠳᠠ ᠠᠴᠠ ᠲᠦᠷᠦᠭᠦᠯᠡᠭᠡᠳ ᠶᠠᠪᠤᠨ᠎ᠠ ᠤᠤ︖ ᠪᠢ ᠡᠮᠦᠨ᠎ᠡ ᠶᠠᠪᠤᠭ᠎ᠠ ᠮᠠᠯ ᠰᠦᠷᠦᠭ᠂ ᠬᠡᠦᠬᠡᠳ ᠤᠳ ᠤᠨ ᠢᠶᠠᠨ ᠠᠶᠠᠰ ᠢ ᠳᠠᠭᠠᠵᠤ᠂ ᠠᠭᠠᠵᠢᠭᠤᠬᠠᠨ ᠶᠠᠪᠤᠶ᠎ᠠ᠃ ᠲᠡᠭᠡᠭᠡᠳ ᠪᠢ ᠰᠧᠷ ᠲᠤ ᠣᠴᠢᠭᠠᠳ ᠡᠵᠡᠨ ᠲᠠᠨ ᠲᠠᠢ ᠠᠭᠤᠯᠵᠠᠬᠤ ᠪᠣᠯᠣᠨ᠎ᠠ》 ᠭᠡᠪᠡ᠃

15 ᠡᠰᠠᠦ᠋᠄ 《ᠲᠡᠭᠡᠪᠡᠯ ᠪᠢ ᠬᠥᠮᠦᠰ ᠦᠨ ᠢᠶᠠᠨ ᠵᠠᠷᠢᠮ ᠢ ᠴᠢᠮ᠎ᠠ ᠲᠠᠢ ᠦᠯᠡᠳᠡᠭᠡᠶ᠎ᠡ》 ᠭᠡᠬᠦ ᠳᠦ᠂ ᠶᠠᠺᠣᠪ᠄ 《ᠶᠠᠭᠠᠬᠢᠬᠤ ᠶᠤᠮ ᠪᠤᠢ︖ ᠪᠢ ᠡᠵᠡᠨ ᠲᠠᠨ ᠤ ᠲᠠᠭᠠᠯᠠᠯ ᠳᠤ ᠪᠠᠭᠲᠠᠪᠠᠯ ᠪᠣᠯᠣᠯ᠎ᠠ》 ᠭᠡᠪᠡ᠃ 16 ᠡᠰᠠᠦ᠋ ᠲᠡᠷᠡ ᠡᠳᠦᠷ ᠲᠡᠭᠡᠨ ᠰᠧᠷ ᠤᠷᠤᠭᠤ ᠪᠤᠴᠠᠬᠤ ᠵᠠᠮ ᠳᠠᠭᠠᠨ ᠭᠠᠷᠪᠠ᠃ 17 ᠬᠠᠷᠢᠨ ᠶᠠᠺᠣᠪ ᠰᠦᠺᠣᠲ ᠲᠤ ᠣᠴᠢᠭᠠᠳ᠂ ᠲᠡᠨᠳᠡ ᠥᠪᠡᠷ ᠲᠡᠭᠡᠨ ᠪᠠᠢᠰᠢᠩ᠂ ᠮᠠᠯ ᠳᠠᠭᠠᠨ ᠰᠠᠷᠠᠪᠴᠢ ᠪᠠᠷᠢᠭᠰᠠᠨ ᠪᠠᠢᠯ᠎ᠠ᠃ ᠡᠭᠦᠨ ᠦ ᠤᠯᠠᠮ ᠢᠶᠠᠷ ᠲᠡᠷᠡ ᠭᠠᠵᠠᠷ ᠰᠦᠺᠣᠲ 64 ᠭᠡᠵᠦ ᠨᠡᠷᠡᠯᠡᠭᠳᠡᠵᠡᠢ᠃
 ᠶᠠᠺᠣᠪ ᠱᠧᠺᠧᠮ ᠳᠤ ᠰᠠᠭᠤᠷᠢᠰᠢᠪᠠ

18 ᠶᠠᠺᠣᠪ ᠫᠠᠳᠠᠨ ᠠᠷᠠᠮ ᠠᠴᠠ ᠪᠤᠴᠠᠬᠤ ᠵᠠᠮ ᠳᠠᠭᠠᠨ ᠺᠠᠨᠠᠨ ᠨᠤᠲᠤᠭ ᠤᠨ ᠱᠧᠺᠧᠮ ᠬᠣᠲᠠ ᠳᠤ ᠠᠮᠤᠷ ᠲᠠᠢᠪᠤᠩ ᠬᠦᠷᠴᠦ ᠢᠷᠡᠭᠡᠳ᠂ ᠬᠣᠲᠠ ᠶᠢᠨ ᠡᠮᠦᠨ᠎ᠡ ᠲᠠᠯ᠎ᠠ ᠳᠤ ᠮᠠᠢᠬᠠᠨ ᠢᠶᠠᠨ ᠪᠠᠷᠢᠪᠠ᠃ 19 ᠲᠡᠷᠡ ᠪᠡᠷ ᠮᠠᠢᠬᠠᠨ ᠢᠶᠠᠨ ᠪᠠᠷᠢᠭᠰᠠᠨ ᠲᠡᠷᠡ ᠲᠠᠯᠠᠪᠠᠢ ᠶᠢᠨ ᠬᠡᠰᠡᠭ ᠢ ᠱᠧᠺᠧᠮ ᠢ ᠡᠭᠦᠰᠭᠡᠭᠴᠢ ᠬᠠᠮᠣᠷ ᠤᠨ ᠬᠡᠦᠬᠡᠳ ᠤᠳ ᠠᠴᠠ ᠵᠠᠭᠤᠨ ᠮᠥᠩᠭᠥᠨ ᠵᠣᠭᠣᠰ ᠢᠶᠠᠷ ᠬᠤᠳᠠᠯᠳᠤᠨ ᠠᠪᠤᠭᠠᠳ 20 ᠲᠡᠨᠳᠡ ᠪᠡᠨ ᠲᠠᠬᠢᠯ ᠤᠨ ᠰᠢᠷᠡᠭᠡ ᠪᠣᠰᠬᠠᠵᠤ᠂ ᠲᠡᠭᠦᠨ ᠢ ᠪᠠᠨ ᠡᠯᠧᠯᠣᠾᠧ ᠢᠰᠷᠧᠯ 65 ᠭᠡᠵᠦ ᠨᠡᠷᠡᠯᠡᠭᠰᠡᠨ ᠪᠠᠢᠯ᠎ᠠ᠃