1 2 3 4 5 6 7 8 9 10 11 12 13 14 15 16 17 18 19 20 21 22 23 24 25 26 27 28 29 30 31 32 33 34 35 36 37 38 39 40 41 42 43 44 45 46 47 48 49 50


ᠡᠬᠢᠯᠡᠯ ᠳᠣᠯᠣᠭ᠎ᠠ
 ᠶᠡᠬᠡ ᠦᠶᠡᠷ ᠬᠦᠷᠴᠦ ᠢᠷᠡᠪᠡ

1 ᠶᠣᠬᠣᠸᠠ ᠨᠣᠶᠠ ᠳᠤ᠄ 《ᠴᠢ ᠭᠡᠷ ᠪᠦᠯᠢ ᠶᠢᠨ ᠬᠢᠨ ᠲᠠᠢ ᠪᠠᠨ ᠬᠠᠮᠲᠤ ᠣᠩ᠋ᠭᠣᠴᠠᠨ ᠳᠤ ᠣᠷᠣ᠃ ᠪᠢ ᠬᠠᠷᠠᠬᠤ ᠳᠤ᠂ ᠡᠨᠡ ᠦᠶ᠎ᠡ ᠶᠢᠨ ᠬᠢᠨ ᠤ ᠳᠤᠮᠳᠠ ᠠᠴᠠ ᠴᠢ ᠯᠠ ᠮᠢᠨᠦ ᠡᠮᠦᠨ᠎ᠡ ᠵᠥᠪᠲᠦ ᠪᠠᠢᠨ᠎ᠠ᠃ 2 ᠴᠢ ᠪᠦᠬᠦ ᠴᠡᠪᠡᠷ ᠠᠮᠢᠲᠠᠨ ᠤ ᠲᠥᠷᠥᠯ ᠪᠦᠷᠢ ᠡᠴᠡ ᠳᠣᠯᠣᠭ᠎ᠠ ᠳᠣᠯᠣᠭ᠎ᠠ ᠶᠢ ᠡᠷ᠎ᠡ ᠡᠮ᠎ᠡ ᠪᠡᠷ ᠨᠢ᠂ ᠪᠤᠵᠠᠷ ᠠᠮᠢᠲᠠᠨ ᠤ ᠲᠥᠷᠥᠯ ᠪᠦᠷᠢ ᠡᠴᠡ ᠬᠣᠶᠠᠷ ᠬᠣᠶᠠᠷ ᠢ ᠡᠷ᠎ᠡ ᠡᠮ᠎ᠡ ᠪᠡᠷ ᠨᠢ ᠠᠪᠴᠤ ᠣᠷᠣᠭᠤᠯ᠃ 3 ᠪᠠᠰᠠ ᠣᠭᠲᠠᠷᠭᠤᠢ ᠶᠢᠨ ᠰᠢᠪᠠᠭᠤᠳ ᠤᠨ ᠲᠥᠷᠥᠯ ᠪᠦᠷᠢ ᠡᠴᠡ ᠳᠣᠯᠣᠭ᠎ᠠ ᠳᠣᠯᠣᠭ᠎ᠠ ᠶᠢ ᠡᠷ᠎ᠡ ᠡᠮ᠎ᠡ ᠪᠡᠷ ᠨᠢ ᠠᠪ᠂ ᠡᠢᠨ ᠬᠦ ᠲᠡᠳᠡ ᠪᠦᠬᠦ ᠭᠠᠵᠠᠷ ᠳᠡᠭᠡᠷ᠎ᠡ ᠲᠥᠷᠥᠯ ᠪᠦᠷᠢ ᠪᠠᠷ ᠢᠶᠠᠨ ᠠᠮᠢᠳᠤ ᠦᠯᠡᠳᠡᠬᠦ ᠪᠣᠯᠣᠨ᠎ᠠ᠃ 4 ᠳᠣᠯᠣᠭᠠᠨ ᠬᠣᠨᠣᠭ ᠤᠨ ᠳᠠᠷᠠᠭ᠎ᠠ ᠪᠢ ᠳᠥᠴᠢᠨ ᠡᠳᠦᠷ ᠳᠥᠴᠢᠨ ᠰᠥᠨᠢ ᠪᠣᠷᠣᠭᠠᠨ ᠣᠷᠣᠭᠤᠯᠵᠤ᠂ ᠵᠣᠬᠢᠶᠠᠭᠰᠠᠨ ᠠᠮᠢ ᠲᠠᠢ ᠪᠦᠬᠦᠨ ᠢᠶᠡᠨ ᠭᠠᠵᠠᠷ ᠤᠨ ᠬᠥᠷᠥᠰᠥᠨ ᠡᠴᠡ ᠠᠷᠴᠢᠵᠤ ᠬᠠᠶᠠᠨ᠎ᠠ》 ᠭᠡᠪᠡ᠃ 5 ᠨᠣᠶᠠ ᠶᠣᠬᠣᠸᠠ ᠶᠢᠨ ᠥᠪᠡᠷ ᠲᠤᠨᠢ ᠲᠤᠰᠢᠶᠠᠭᠰᠠᠨ ᠶᠣᠰᠣᠭᠠᠷ ᠪᠦᠬᠦᠨ ᠢ ᠭᠦᠢᠴᠡᠳᠬᠡᠵᠡᠢ᠃

6 ᠨᠣᠶᠠ ᠵᠢᠷᠭᠤᠭᠠᠨ ᠵᠠᠭᠤᠨ ᠨᠠᠰᠤᠲᠠᠢ ᠪᠠᠢᠬᠤ ᠳᠤ᠂ ᠭᠠᠵᠠᠷ ᠳᠡᠭᠡᠷ᠎ᠡ ᠦᠶᠡᠷ ᠪᠣᠯᠵᠠᠢ᠃ 7 ᠨᠣᠶᠠ ᠦᠶᠡᠷ ᠡᠴᠡ ᠵᠠᠢᠯᠠᠨ ᠬᠥᠪᠡᠭᠦᠳ᠂ ᠡᠬᠡᠨᠡᠷ᠂ ᠪᠡᠷᠢᠶᠡᠳ ᠲᠡᠢ ᠪᠡᠨ ᠬᠠᠮᠲᠤ ᠣᠩ᠋ᠭᠣᠴᠠᠨ ᠳᠠᠭᠠᠨ ᠣᠷᠣᠬᠤ ᠳᠤ᠂ 8 ᠴᠡᠪᠡᠷ ᠠᠮᠢᠲᠠᠳ᠂ ᠪᠤᠵᠠᠷ ᠠᠮᠢᠲᠠᠳ᠂ ᠰᠢᠪᠠᠭᠤᠳ ᠪᠣᠯᠣᠨ ᠭᠠᠵᠠᠷ ᠢᠶᠠᠷ ᠮᠥᠯᠬᠥᠭᠴᠢ ᠪᠦᠬᠦᠨ ᠴᠤ 9 ᠪᠤᠷᠬᠠᠨ ᠤ ᠨᠣᠶᠠ ᠳᠤ ᠲᠤᠰᠢᠶᠠᠭᠰᠠᠨ ᠶᠣᠰᠣᠭᠠᠷ ᠡᠷ᠎ᠡ ᠡᠮ᠎ᠡ ᠬᠣᠣᠰ ᠬᠣᠣᠰ ᠢᠶᠠᠷ ᠢᠶᠠᠨ ᠨᠣᠶᠠ ᠤᠷᠤᠭᠤ ᠢᠷᠡᠵᠦ ᠣᠩ᠋ᠭᠣᠴᠠᠨ ᠳᠤᠨᠢ ᠣᠷᠣᠵᠠᠢ᠃ 10 ᠳᠣᠯᠣᠭᠠᠨ ᠬᠣᠨᠣᠭ ᠤᠨ ᠳᠠᠷᠠᠭ᠎ᠠ ᠭᠠᠵᠠᠷ ᠳᠡᠭᠡᠷ᠎ᠡ ᠦᠶᠡᠷ ᠪᠣᠯᠪᠠ᠃

11 ᠨᠣᠶᠠ ᠶᠢᠨ ᠵᠢᠷᠭᠤᠭᠠᠨ ᠵᠠᠭᠤ ᠨᠠᠰᠤᠯᠠᠭᠰᠠᠨ ᠲᠡᠷᠡ ᠵᠢᠯ ᠤᠨ ᠬᠣᠶᠠᠳᠤᠭᠠᠷ ᠰᠠᠷ᠎ᠠ ᠶᠢᠨ ᠠᠷᠪᠠᠨ ᠳᠣᠯᠣᠭᠠᠨ ᠳᠤ᠂ ᠶᠠᠭ ᠲᠡᠷᠡ ᠡᠳᠦᠷ ᠭᠠᠵᠠᠷ ᠤᠨ ᠭᠦᠨ ᠦ ᠪᠦᠬᠦ ᠪᠤᠯᠠᠭ ᠳᠡᠯᠪᠡᠷᠡᠨ ᠣᠷᠭᠢᠯᠵᠤ᠂ ᠲᠩᠷᠢ ᠶᠢᠨ ᠴᠣᠩ᠋ᠬᠣ ᠨᠤᠭᠤᠳ ᠨᠡᠭᠡᠭᠡᠭᠳᠡᠵᠡᠢ᠃ 12 ᠳᠥᠴᠢᠨ ᠡᠳᠦᠷ ᠳᠥᠴᠢᠨ ᠰᠥᠨᠢ ᠭᠠᠵᠠᠷ ᠳᠡᠭᠡᠷ᠎ᠡ ᠪᠣᠷᠣᠭᠠᠨ ᠴᠢᠳᠬᠤᠭᠰᠠᠭᠠᠷ ᠪᠠᠢᠯ᠎ᠠ᠃ 13 ᠶᠠᠭ ᠲᠡᠷᠡ ᠡᠳᠦᠷ ᠲᠡᠭᠡᠨ ᠨᠣᠶᠠ ᠪᠣᠯᠣᠨ ᠲᠡᠭᠦᠨ ᠦ ᠬᠥᠪᠡᠭᠦᠳ ᠱᠧᠮ᠂ ᠾᠠᠮ᠂ ᠶᠠᠹᠧᠲ ᠪᠣᠯᠣᠨ ᠨᠣᠶᠠ ᠶᠢᠨ ᠡᠬᠡᠨᠡᠷ᠂ ᠭᠤᠷᠪᠠᠨ ᠪᠡᠷᠢ ᠨᠢ ᠣᠩ᠋ᠭᠣᠴᠠᠨ ᠳᠤ ᠣᠷᠣᠪᠠ᠃ 14 ᠮᠥᠨ ᠲᠡᠳᠡᠨ ᠲᠡᠢ ᠬᠠᠮᠲᠤ ᠠᠯᠢᠪᠠ ᠵᠡᠷᠯᠢᠭ ᠠᠮᠢᠲᠠᠨ ᠲᠥᠷᠥᠯ ᠲᠥᠷᠥᠯ ᠢᠶᠡᠷ ᠢᠶᠠᠨ᠂ ᠠᠯᠢᠪᠠ ᠮᠠᠯ ᠠᠳᠤᠭᠤᠰᠤ ᠲᠥᠷᠥᠯ ᠲᠥᠷᠥᠯ ᠢᠶᠡᠷ ᠢᠶᠠᠨ᠂ ᠭᠠᠵᠠᠷ ᠤᠨ ᠠᠯᠢᠪᠠ ᠮᠥᠯᠬᠥᠭᠴᠢ ᠲᠥᠷᠥᠯ ᠲᠥᠷᠥᠯ ᠢᠶᠡᠷ ᠢᠶᠠᠨ᠂ ᠠᠯᠢᠪᠠ ᠵᠢᠭᠦᠷᠲᠡᠨ ᠰᠢᠪᠠᠭᠤ ᠲᠥᠷᠥᠯ ᠲᠥᠷᠥᠯ ᠢᠶᠡᠷ ᠢᠶᠠᠨ᠂ 15 ᠠᠮᠢ ᠠᠮᠢᠰᠬᠤᠯ ᠲᠠᠢ᠂ ᠮᠢᠬᠠᠨ ᠪᠡᠶ᠎ᠡ ᠲᠡᠢ ᠪᠦᠬᠦᠨ ᠬᠣᠣᠰ ᠬᠣᠣᠰ ᠢᠶᠠᠷ ᠢᠶᠠᠨ ᠨᠣᠶᠠ ᠳᠤ ᠢᠷᠡᠵᠦ ᠣᠩ᠋ᠭᠣᠴᠠᠨ ᠳᠤ ᠣᠷᠣᠵᠠᠢ᠃ 16 ᠪᠤᠷᠬᠠᠨ ᠤ ᠨᠣᠶᠠ ᠳᠤ ᠲᠤᠰᠢᠶᠠᠭᠰᠠᠨ ᠶᠣᠰᠣᠭᠠᠷ ᠮᠢᠬᠠᠨ ᠪᠡᠶ᠎ᠡ ᠲᠡᠢ ᠪᠦᠬᠦᠨ ᠡᠷ᠎ᠡ ᠡᠮ᠎ᠡ ᠪᠠᠷ ᠢᠶᠠᠨ ᠣᠩ᠋ᠭᠣᠴᠠᠨ ᠳᠤ ᠣᠷᠣᠪᠠ᠃ ᠲᠡᠭᠡᠭᠡᠳ ᠶᠣᠬᠣᠸᠠ ᠨᠣᠶᠠ ᠶᠢᠨ ᠠᠷᠤ ᠠᠴᠠ ᠬᠠᠭᠠᠯᠭ᠎ᠠ ᠶᠢ ᠬᠠᠭᠠᠵᠠᠢ᠃

17 ᠭᠠᠵᠠᠷ ᠳᠡᠯᠡᠬᠡᠢ ᠳᠡᠭᠡᠷ᠎ᠡ ᠳᠥᠴᠢᠨ ᠬᠣᠨᠣᠭ ᠦᠶᠡᠷ ᠪᠠᠭᠤᠵᠤ ᠤᠰᠤ ᠨᠡᠮᠡᠭᠳᠡᠭᠡᠳ ᠣᠩ᠋ᠭᠣᠴᠠ ᠶᠢ ᠡᠷᠭᠦᠨ ᠭᠠᠵᠠᠷ ᠠᠴᠠ ᠳᠡᠭᠡᠭᠰᠢ ᠬᠥᠪᠪᠥᠭᠦᠯᠪᠡ᠃ 18 ᠤᠰᠤ ᠰᠢᠷᠦᠭᠦᠰᠦᠭᠰᠡᠭᠡᠷ ᠭᠠᠵᠠᠷ ᠳᠡᠭᠡᠷ᠎ᠡ ᠤᠯᠠᠮ ᠢᠶᠠᠷ ᠨᠡᠮᠡᠭᠳᠡᠭᠰᠡᠨ ᠳᠦ᠂ ᠣᠩ᠋ᠭᠣᠴᠠ ᠤᠰᠤᠨ ᠤ ᠮᠠᠨᠳᠠᠯ ᠳᠡᠭᠡᠷ᠎ᠡ ᠬᠥᠪᠴᠦ ᠪᠠᠢᠪᠠ᠃ 19 ᠤᠰᠤ ᠭᠠᠵᠠᠷ ᠳᠡᠭᠡᠷ᠎ᠡ ᠦᠯᠡᠮᠵᠢ ᠶᠡᠬᠡ ᠪᠡᠷ ᠰᠢᠷᠦᠭᠦᠰᠦᠭᠰᠡᠨ ᠳᠦ᠂ ᠪᠦᠬᠦᠢᠯᠡ ᠲᠩᠷᠢ ᠶᠢᠨ ᠳᠣᠣᠷᠠᠬᠢ ᠬᠠᠮᠤᠭ ᠥᠨᠳᠥᠷ ᠠᠭᠤᠯᠠᠰ ᠴᠤ ᠤᠰᠤᠨ ᠳᠤ ᠪᠦᠷᠬᠦᠭᠳᠡᠵᠡᠢ᠃ 20 ᠤᠰᠤ ᠰᠢᠷᠦᠭᠦᠰᠦᠭᠰᠡᠭᠡᠷ ᠠᠷᠪᠠᠨ ᠲᠠᠪᠤᠨ ᠲᠣᠬᠣᠢ ᠳᠡᠭᠡᠭᠰᠢ ᠥᠰᠴᠦ ᠬᠠᠮᠤᠭ ᠠᠭᠤᠯᠠᠰ ᠤᠰᠤᠨ ᠳᠤ ᠪᠦᠷᠬᠦᠭᠳᠡᠪᠡ᠃ 21 ᠵᠢᠭᠦᠷᠲᠡᠨ ᠰᠢᠪᠠᠭᠤ᠂ ᠮᠠᠯ ᠠᠳᠤᠭᠤᠰᠤ᠂ ᠵᠡᠷᠯᠢᠭ ᠠᠮᠢᠲᠠᠨ᠂ ᠭᠠᠵᠠᠷ ᠢᠶᠠᠷ ᠮᠥᠯᠬᠥᠭᠴᠢ ᠪᠦᠬᠦᠨ᠂ ᠴᠢᠨᠠᠭᠰᠢᠯᠠᠭᠠᠳ ᠪᠦᠬᠦ ᠬᠥᠮᠦᠨ ᠲᠥᠷᠥᠯᠬᠢᠲᠡᠨ᠂ ᠭᠠᠵᠠᠷ ᠳᠡᠯᠡᠬᠡᠢ ᠳᠡᠭᠡᠷ᠎ᠡ ᠮᠢᠬᠠᠨ ᠪᠡᠶ᠎ᠡ ᠲᠠᠢ ᠬᠥᠳᠡᠯᠦᠭᠴᠢ ᠪᠦᠭᠦᠳᠡᠭᠡᠷ ᠠᠮᠢᠰᠬᠤᠯ ᠬᠤᠷᠢᠶᠠᠵᠠᠢ᠃ 22 ᠬᠠᠭᠤᠷᠠᠢ ᠭᠠᠵᠠᠷ ᠳᠡᠭᠡᠷ᠎ᠡ ᠬᠠᠮᠠᠷ ᠢᠶᠠᠷ ᠢᠶᠠᠨ ᠠᠮᠢᠰᠬᠤᠯᠯᠠᠨ ᠠᠮᠢᠳᠤᠷᠠᠳᠠᠭ ᠪᠦᠬᠦᠨ ᠦᠬᠦᠪᠡ᠃ 23 ᠢᠩᠭᠢᠭᠡᠳ ᠭᠠᠵᠠᠷ ᠤᠨ ᠬᠥᠷᠥᠰᠥᠨ ᠳᠡᠭᠡᠷᠡᠬᠢ ᠬᠠᠮᠤᠭ ᠠᠮᠢᠲᠠᠨ ᠠᠷᠴᠢᠭᠳᠠᠵᠠᠢ᠃ ᠬᠥᠮᠦᠨ ᠲᠥᠷᠥᠯᠬᠢᠲᠡᠨ ᠡᠴᠡ ᠡᠬᠢᠯᠡᠭᠡᠳ ᠮᠠᠯ ᠠᠳᠤᠭᠤᠰᠤ᠂ ᠭᠠᠵᠠᠷ ᠢᠶᠠᠷ ᠮᠥᠯᠬᠥᠭᠴᠢ᠂ ᠣᠭᠲᠠᠷᠭᠤᠢ ᠶᠢᠨ ᠰᠢᠪᠠᠭᠤᠳ ᠬᠦᠷᠲᠡᠯ᠎ᠡ ᠭᠠᠵᠠᠷ ᠠᠴᠠ ᠠᠷᠴᠢᠭᠳᠠᠵᠠᠢ᠃ ᠭᠠᠭᠴᠠ ᠬᠦ ᠨᠣᠶᠠ ᠣᠩ᠋ᠭᠣᠴᠠᠨ ᠳᠤ ᠪᠠᠢᠭᠰᠠᠳ ᠲᠠᠢ ᠪᠠᠨ ᠬᠠᠮᠲᠤ ᠦᠯᠡᠳᠡᠵᠡᠢ᠃ 24 ᠵᠠᠭᠤ ᠲᠠᠪᠢᠨ ᠬᠣᠨᠣᠭ ᠤᠨ ᠲᠤᠷᠰᠢ ᠤᠰᠤ ᠭᠠᠵᠠᠷ ᠳᠡᠭᠡᠷ᠎ᠡ ᠰᠢᠷᠦᠭᠦᠰᠦᠭᠰᠡᠭᠡᠷ ᠪᠠᠢᠪᠠ᠃