ᠷᠣᠮᠠ ᠨᠢᠭᠡ
ᠪᠤᠷᠬᠠᠨ ᠤ ᠪᠠᠶᠠᠷ ᠤᠨ ᠮᠡᠳᠡᠭᠡ
1 ᠾᠷᠢᠰᠲ᠋ᠣᠰ ᠢᠰᠦ᠋ᠰ ᠤᠨ ᠵᠠᠷᠤᠴᠠ ᠫᠠᠦ᠋ᠯ ᠪᠢ ᠰᠢᠳᠠᠷ ᠱᠠᠪᠢ ᠪᠠᠷ ᠳᠠᠭᠤᠳᠠᠭᠳᠠᠨ᠂ ᠪᠤᠷᠬᠠᠨ ᠤ ᠪᠠᠶᠠᠷ ᠤᠨ ᠮᠡᠳᠡᠭᠡᠨ ᠦ ᠲᠥᠯᠥᠭᠡ ᠲᠣᠮᠢᠯᠠᠭᠳᠠᠭᠰᠠᠨ᠃ 2 ᠪᠤᠷᠬᠠᠨ ᠤ ᠬᠦᠦ ᠶᠢᠨ ᠲᠤᠬᠠᠢ ᠡᠨᠡ ᠪᠠᠶᠠᠷ ᠤᠨ ᠮᠡᠳᠡᠭᠡ ᠶᠢ ᠪᠤᠷᠬᠠᠨ ᠡᠰᠢ ᠦᠵᠡᠭᠦᠯᠦᠭᠴᠢᠳ ᠢᠶᠠᠷ ᠢᠶᠠᠨ ᠳᠠᠮᠵᠢᠭᠤᠯᠤᠨ ᠠᠷᠢᠭᠤᠨ ᠨᠣᠮ ᠳᠤ ᠠᠮᠠᠯᠠᠭᠰᠠᠨ ᠶᠤᠮ᠃ 3 ᠬᠦᠦ ᠨᠢ ᠮᠢᠬᠠᠨ ᠪᠡᠶᠡᠲᠦ ᠬᠥᠮᠦᠨ ᠦ ᠬᠤᠪᠢ ᠳᠤ᠂ ᠳ᠋ᠠᠸᠢᠳ᠋ ᠤᠨ ᠦᠷ᠎ᠡ ᠡᠴᠡ ᠲᠥᠷᠥᠭᠰᠡᠨ ᠪᠥᠭᠡᠳ 4 ᠠᠷᠢᠭᠤᠨ ᠰᠦᠨᠡᠰᠦᠨ ᠦ ᠬᠤᠪᠢ ᠳᠤ᠂ ᠦᠬᠦᠭᠰᠡᠳ ᠦᠨ ᠳᠤᠮᠳᠠ ᠠᠴᠠ ᠠᠮᠢᠯᠠᠭᠰᠠᠨ ᠢᠶᠠᠷ ᠢᠶᠠᠨ ᠬᠦᠴᠦ ᠴᠢᠳᠠᠯᠲᠤ ᠪᠤᠷᠬᠠᠨ ᠤ ᠬᠦᠦ ᠭᠡᠵᠦ ᠲᠤᠩ᠋ᠬᠠᠭᠯᠠᠭᠳᠠᠭᠰᠠᠨ ᠪᠢᠳᠡᠨ ᠦ ᠡᠵᠡᠨ ᠢᠰᠦ᠋ᠰ ᠾᠷᠢᠰᠲ᠋ᠣᠰ ᠮᠥᠨ᠃ 5 ᠪᠢᠳᠡ ᠰᠢᠳᠠᠷ ᠱᠠᠪᠢ ᠶᠢᠨ ᠡᠭᠦᠷᠭᠡ ᠶᠢ ᠲᠡᠭᠦᠨ ᠢᠶᠡᠷ ᠳᠠᠮᠵᠢᠨ᠂ ᠢᠪᠡᠭᠡᠯ ᠦᠨ ᠬᠠᠮᠲᠤ ᠬᠦᠯᠢᠶᠡᠨ ᠠᠪᠤᠭᠰᠠᠨ᠃ ᠤᠴᠢᠷ ᠨᠢ ᠲᠡᠭᠦᠨ ᠦ ᠨᠡᠷ᠎ᠡ ᠶᠢᠨ ᠲᠥᠯᠥᠭᠡ᠂ ᠢᠲᠡᠭᠡᠵᠦ ᠵᠠᠬᠢᠷᠤᠭᠳᠠᠭᠰᠠᠳ ᠦᠨᠳᠦᠰᠦᠲᠡᠨ ᠪᠣᠯᠭᠠᠨ ᠤ ᠳᠤᠮᠳᠠ ᠪᠠᠢᠬᠤ ᠶᠣᠰᠣᠲᠠᠢ᠃ 6 ᠲᠠ ᠨᠠᠷ ᠴᠤ ᠢᠰᠦ᠋ᠰ ᠾᠷᠢᠰᠲ᠋ᠣᠰ ᠤᠨ ᠬᠢ ᠪᠣᠯᠬᠣᠷ ᠳᠠᠭᠤᠳᠠᠭᠳᠠᠭᠰᠠᠨ ᠬᠥᠮᠦᠰ ᠦᠨ ᠳᠤᠮᠳᠠ ᠪᠤᠢ᠃
7 ᠪᠤᠷᠬᠠᠨ ᠤ ᠬᠠᠢᠷᠠᠲᠠᠢ ᠪᠥᠭᠡᠳ ᠠᠷᠢᠭᠤᠨ ᠪᠣᠯᠬᠤ ᠪᠠᠷ ᠳᠠᠭᠤᠳᠠᠭᠳᠠᠭᠰᠠᠨ ᠷᠣᠮᠠ ᠳᠤ ᠪᠠᠢᠭ᠎ᠠ ᠬᠥᠮᠦᠨ ᠪᠦᠬᠦᠨ ᠳᠦ ᠪᠢᠳᠡᠨ ᠦ ᠡᠴᠢᠭᠡ ᠪᠤᠷᠬᠠᠨ ᠪᠠ ᠡᠵᠡᠨ ᠢᠰᠦ᠋ᠰ ᠾᠷᠢᠰᠲ᠋ᠣᠰ ᠤᠨ ᠢᠪᠡᠭᠡᠯ᠂ ᠠᠮᠤᠭᠤᠯᠠᠩ ᠪᠠᠢᠬᠤ ᠪᠣᠯᠲᠤᠭᠠᠢ᠃
8 ᠶᠠᠭᠤᠨ ᠤ ᠡᠮᠦᠨ᠎ᠡ᠂ ᠲᠠ ᠪᠦᠭᠦᠳᠡ ᠶᠢᠨ ᠤᠴᠢᠷ ᠲᠤ ᠪᠢ ᠢᠰᠦ᠋ᠰ ᠾᠷᠢᠰᠲ᠋ᠣᠰ ᠢᠶᠠᠷ ᠳᠠᠮᠵᠢᠭᠤᠯᠤᠨ ᠪᠤᠷᠬᠠᠨ ᠳᠠᠭᠠᠨ ᠲᠠᠯᠠᠷᠬᠠᠵᠤ ᠪᠠᠢᠨ᠎ᠠ᠃ ᠤᠴᠢᠷ ᠨᠢ᠂ ᠲᠠ ᠨᠠᠷ ᠤᠨ ᠢᠲᠡᠭᠡᠯ ᠳᠡᠯᠡᠬᠡᠢ ᠳᠠᠶᠠᠭᠠᠷ ᠳᠠᠭᠤᠷᠢᠰᠴᠤ ᠪᠠᠢᠨ᠎ᠠ᠃ 9 ᠲᠡᠭᠦᠨ ᠦ ᠬᠦᠦ ᠶᠢᠨ ᠪᠠᠶᠠᠷ ᠤᠨ ᠮᠡᠳᠡᠭᠡ ᠶᠢ ᠳᠡᠯᠭᠡᠷᠡᠭᠦᠯᠦᠨ ᠰᠦᠨᠡᠰᠦ ᠪᠡᠷ ᠢᠶᠠᠨ ᠦᠢᠯᠡᠴᠢᠯᠡᠳᠡᠭ᠌ ᠢ ᠮᠢᠨᠢ ᠪᠤᠷᠬᠠᠨ ᠭᠡᠷᠡᠴᠢᠯᠡᠨ᠎ᠡ᠂ ᠪᠢ ᠲᠠ ᠨᠠᠷ ᠢ ᠲᠠᠰᠤᠷᠠᠯᠲᠠ ᠦᠭᠡᠢ ᠳᠤᠷᠠᠰᠴᠤ 10 ᠳᠠᠭᠠᠳᠬᠠᠬᠤ ᠳᠠᠭᠠᠨ᠂ ᠬᠡᠷᠪᠡ ᠪᠤᠷᠬᠠᠨ ᠤ ᠲᠠᠭᠠᠯᠠᠯ ᠮᠥᠨ ᠶᠤᠮ ᠪᠣᠯ ᠲᠠ ᠨᠠᠷ ᠲᠤ ᠣᠴᠢᠬᠤ ᠰᠠᠢᠨ ᠵᠠᠮ ᠢ ᠣᠳᠣ ᠶᠠᠭᠠᠬᠢᠭᠰᠠᠨ ᠴᠤ ᠰᠣᠶᠣᠷᠬᠠᠭᠠᠴᠢ ᠬᠡᠮᠡᠨ ᠭᠤᠶᠤᠭᠰᠠᠭᠠᠷ ᠪᠠᠢᠨ᠎ᠠ᠃ 11 ᠲᠠ ᠨᠠᠷ ᠲᠠᠢ ᠠᠭᠤᠯᠵᠠᠬᠤ ᠶᠢ ᠶᠡᠬᠡᠳᠡ ᠬᠦᠰᠡᠳᠡᠭ ᠮᠢᠨᠢ ᠵᠠᠷᠢᠮ ᠰᠦᠨᠡᠰᠦᠯᠢᠭ ᠰᠣᠶᠣᠷᠬᠠᠯ ᠢ ᠲᠠ ᠨᠠᠷ ᠲᠠᠢ ᠬᠤᠪᠢᠶᠠᠯᠴᠠᠵᠤ᠂ ᠲᠠ ᠨᠠᠷ ᠢ ᠪᠠᠲᠤᠵᠢᠭᠤᠯᠬᠤ᠂ 12 ᠥᠭᠡᠷ᠎ᠡ ᠪᠡᠷ ᠬᠡᠯᠡᠪᠡᠯ᠂ ᠪᠢᠳᠡ ᠥᠪᠡᠷ ᠥᠪᠡᠷ ᠦᠨ ᠢᠶᠠᠨ ᠢᠲᠡᠭᠡᠯ ᠢᠶᠡᠷ ᠬᠠᠮᠲᠤ ᠳᠠᠭᠠᠨ ᠵᠣᠷᠢᠭᠵᠢᠬᠤ ᠶᠢᠨ ᠲᠥᠯᠥᠭᠡ ᠶᠤᠮ᠃ 13 ᠠᠬ᠎ᠠ ᠳᠡᠭᠦᠦ ᠨᠠᠷ ᠡ᠂ ᠪᠤᠰᠤᠳ ᠬᠠᠷᠢᠴᠤᠳ ᠤᠨ ᠳᠤᠮᠳᠠ ᠠᠴᠠ ᠣᠯᠣᠭᠰᠠᠨ ᠲᠠᠢ ᠠᠳᠠᠯᠢ ᠵᠠᠷᠢᠮ ᠦᠷ᠎ᠡ ᠳ᠋ᠦᠩ ᠢ ᠲᠠ ᠨᠠᠷ ᠤᠨ ᠳᠤᠮᠳᠠ ᠠᠴᠠ ᠣᠯᠬᠤ ᠪᠠᠷ ᠲᠠ ᠨᠠᠷ ᠤᠷᠤᠭᠤ ᠣᠴᠢᠬᠤ ᠶᠢ ᠪᠢ ᠣᠯᠠᠨᠲᠠ ᠵᠣᠷᠢᠭᠰᠠᠨ ᠪᠣᠯᠪᠠᠴᠤ ᠣᠳᠣ ᠬᠦᠷᠲᠡᠯ᠎ᠡ ᠰᠠᠭᠠᠳ ᠲᠣᠳᠬᠠᠷ ᠲᠠᠢ ᠪᠠᠢᠭᠰᠠᠭᠠᠷ᠃ ᠡᠭᠦᠨ ᠢ ᠮᠡᠳᠡᠬᠦ ᠦᠭᠡᠢ ᠪᠠᠢᠬᠤ ᠶᠢ ᠴᠢᠨᠢ ᠪᠢ ᠬᠦᠰᠡᠬᠦ ᠦᠭᠡᠢ ᠪᠠᠢᠨ᠎ᠠ᠃ 14 ᠭᠷᠧᠭᠴᠦᠳ ᠪᠠ ᠪᠤᠰᠤᠳ ᠦᠨᠳᠦᠰᠦᠲᠡᠨ᠂ ᠮᠡᠷᠭᠡᠨ ᠪᠠ ᠮᠤᠩ᠋ᠬᠠᠭ ᠬᠥᠮᠦᠰ ᠦᠨ ᠬᠡᠨ ᠳᠦᠨᠢ ᠴᠤ ᠪᠢ ᠥᠷᠢ ᠲᠠᠢ᠃ 15 ᠲᠡᠢᠮᠦ ᠡᠴᠡ ᠷᠣᠮᠠ ᠳᠤ ᠪᠠᠢᠭ᠎ᠠ ᠲᠠ ᠨᠠᠷ ᠲᠤ ᠴᠤ ᠪᠠᠶᠠᠷ ᠤᠨ ᠮᠡᠳᠡᠭᠡ ᠤᠯᠠᠮᠵᠢᠯᠠᠬᠤ ᠶᠢ ᠪᠢ ᠶᠡᠬᠡᠳᠡ ᠬᠦᠰᠡᠵᠦ ᠪᠠᠢᠨ᠎ᠠ᠃
16 ᠪᠢ ᠪᠠᠶᠠᠷ ᠤᠨ ᠮᠡᠳᠡᠭᠡ ᠡᠴᠡ ᠢᠴᠢᠬᠦ ᠦᠭᠡᠢ ᠪᠠᠢᠳᠠᠭ᠃ ᠲᠡᠷᠡ ᠨᠢ ᠡᠬᠢᠯᠡᠭᠡᠳ ᠶᠦᠳᠠᠢᠴᠤᠳ᠂ ᠳᠠᠷᠠᠭ᠎ᠠ ᠨᠢ ᠭᠷᠧᠭᠴᠦᠳ᠂ ᠢᠲᠡᠭᠡᠭᠴᠢ ᠪᠦᠬᠦᠨ ᠢ ᠠᠪᠤᠷᠠᠬᠤ ᠪᠤᠷᠬᠠᠨ ᠤ ᠬᠦᠴᠦ ᠮᠥᠨ᠃ 17 《ᠵᠥᠪᠲᠦ ᠬᠥᠮᠦᠨ ᠢᠲᠡᠭᠡᠯ ᠢᠶᠡᠷ ᠠᠮᠢᠳᠤᠷᠠᠨ᠎ᠠ》 ᠭᠡᠵᠦ ᠪᠢᠴᠢᠭᠳᠡᠭᠰᠡᠨ ᠲᠡᠢ ᠠᠳᠠᠯᠢ ᠪᠠᠷ᠂ ᠵᠥᠪᠲᠦ ᠪᠠᠢᠳᠠᠯ ᠢ ᠡᠬᠢᠨ ᠡᠴᠡ ᠨᠢ ᠳᠠᠭᠤᠰᠲᠠᠯ᠎ᠠ ᠪᠤᠷᠬᠠᠨ ᠠᠴᠠ ᠢᠲᠡᠭᠡᠯ ᠢᠶᠡᠷ ᠬᠦᠷᠲᠡᠳᠡᠭ ᠭᠡᠳᠡᠭ ᠨᠢ ᠪᠠᠶᠠᠷ ᠤᠨ ᠮᠡᠳᠡᠭᠡᠨ ᠦ ᠳᠣᠲᠣᠷ᠎ᠠ ᠢᠯᠡᠷᠬᠡᠶᠢᠯᠡᠭᠳᠡᠭᠰᠡᠨ ᠪᠠᠢᠳᠠᠭ᠃
ᠪᠤᠷᠬᠠᠨ ᠤ ᠠᠭᠤᠷ ᠬᠢᠯᠢᠩ
18 ᠵᠥᠪᠲᠦ ᠪᠤᠰᠤ ᠪᠠᠷ ᠦᠨᠡᠨ ᠢ ᠬᠣᠷᠢᠭᠯᠠᠳᠠᠭ ᠬᠥᠮᠦᠰ ᠦᠨ ᠪᠤᠷᠬᠠᠨ ᠠᠴᠠ ᠦᠯᠦ ᠡᠮᠢᠶᠡᠬᠦ ᠪᠠ ᠵᠥᠪᠲᠦ ᠪᠤᠰᠤ ᠬᠠᠮᠤᠭ ᠶᠠᠪᠤᠳᠠᠯ ᠳᠡᠭᠡᠷ᠎ᠡ ᠲᠩᠷᠢ ᠡᠴᠡ ᠪᠤᠷᠬᠠᠨ ᠤ ᠠᠭᠤᠷ ᠬᠢᠯᠢᠩ ᠢᠯᠡᠷᠡᠳᠡᠭ᠃ 19 ᠤᠴᠢᠷ ᠨᠢ᠂ ᠪᠤᠷᠬᠠᠨ ᠤ ᠲᠤᠬᠠᠢ ᠮᠡᠳᠡᠬᠦ ᠵᠦᠢᠯ ᠲᠡᠳᠡᠨ ᠦ ᠳᠣᠲᠣᠷ᠎ᠠ ᠢᠯᠡ ᠪᠠᠢᠳᠠᠭ᠃ ᠪᠤᠷᠬᠠᠨ ᠡᠭᠦᠨ ᠢ ᠲᠡᠳᠡᠨ ᠳᠦ ᠢᠯᠡᠷᠡᠭᠦᠯᠦᠭᠰᠡᠨ ᠶᠤᠮ᠃ 20 ᠲᠡᠭᠦᠨ ᠦ ᠮᠥᠩᠬᠡ ᠬᠦᠴᠦ ᠪᠠ ᠪᠤᠷᠬᠠᠨᠯᠢᠭ ᠴᠢᠨᠠᠷ ᠨᠢ ᠬᠠᠷᠠᠭᠳᠠᠰᠢ ᠦᠭᠡᠢ ᠪᠣᠯᠪᠠᠴᠤ ᠶᠢᠷᠲᠢᠨᠴᠦ ᠪᠦᠲᠦᠭᠡᠭᠳᠡᠭᠰᠡᠨ ᠡᠴᠡ ᠨᠠᠰᠢ ᠪᠦᠲᠦᠭᠡᠯ ᠤᠳ ᠤᠨ ᠳᠣᠲᠣᠷ᠎ᠠ ᠣᠢᠯᠠᠭᠠᠮᠵᠢᠲᠠᠢ᠂ ᠲᠣᠳᠣᠷᠬᠠᠢ ᠪᠠᠷ ᠬᠠᠷᠠᠭᠳᠠᠵᠤ ᠪᠠᠢᠳᠠᠭ᠃ ᠡᠢᠮᠦ ᠡᠴᠡ ᠬᠥᠮᠦᠨ ᠳᠦ ᠲᠦᠯᠬᠢᠬᠦ ᠰᠢᠯᠲᠠᠭ ᠭᠡᠵᠦ ᠦᠭᠡᠢ᠃ 21 ᠲᠡᠳᠡ ᠪᠤᠷᠬᠠᠨ ᠢ ᠮᠡᠳᠡᠳᠡᠭ ᠠᠲᠠᠯ᠎ᠠ ᠲᠡᠭᠦᠨ ᠢ ᠪᠤᠷᠬᠠᠨ ᠬᠡᠮᠡᠨ ᠠᠯᠳᠠᠷᠰᠢᠭᠤᠯᠤᠭᠰᠠᠨ ᠦᠭᠡᠢ᠂ ᠲᠡᠭᠦᠨ ᠳᠦ ᠲᠠᠯᠠᠷᠬᠠᠭᠰᠠᠨ ᠴᠤ ᠦᠭᠡᠢ᠂ ᠬᠠᠷᠢᠨ ᠪᠣᠳᠣᠯ ᠰᠠᠨᠠᠭ᠎ᠠ ᠨᠢ ᠬᠣᠭᠣᠰᠣᠷᠠᠵᠤ ᠤᠬᠠᠭᠠᠨ ᠦᠭᠡᠢ ᠵᠢᠷᠦᠬᠡ ᠰᠡᠳᠬᠢᠯ ᠨᠢ ᠬᠠᠷᠠᠩ᠋ᠭᠤᠢᠯᠠᠵᠠᠢ᠃ 22 ᠲᠡᠳᠡ ᠥᠪᠡᠷᠰᠡᠳ ᠢ ᠪᠠᠨ ᠮᠡᠷᠭᠡᠨ ᠭᠡᠵᠦ ᠦᠵᠡᠳᠡᠭ ᠠᠲᠠᠯ᠎ᠠ ᠪᠠᠨ ᠮᠤᠩ᠋ᠬᠠᠷᠠᠵᠤ᠂ 23 ᠦᠯᠦ ᠢᠯᠵᠢᠷᠡᠬᠦ ᠪᠤᠷᠬᠠᠨ ᠤ ᠠᠯᠳᠠᠷ ᠰᠤᠤ ᠶᠢ ᠢᠯᠵᠢᠷᠡᠬᠦ ᠬᠥᠮᠦᠨ᠂ ᠵᠢᠭᠦᠷᠲᠡᠨ᠂ ᠳᠥᠷᠪᠡᠨ ᠬᠥᠯᠲᠡᠨ ᠪᠠ ᠮᠥᠯᠬᠥᠭᠴᠢᠳ ᠤᠨ ᠳᠦᠷᠰᠦ ᠲᠠᠢ ᠰᠢᠲᠦᠭᠡᠨ ᠢᠶᠡᠷ ᠰᠣᠯᠢᠵᠠᠢ᠃
24 ᠲᠡᠢᠮᠦ ᠡᠴᠡ ᠪᠤᠷᠬᠠᠨ ᠲᠡᠳᠡᠨ ᠢ ᠲᠠᠴᠢᠶᠠᠩ᠋ᠭᠤᠢ ᠰᠡᠳᠬᠢᠯ ᠲᠠᠢ ᠪᠠᠷ ᠨᠢ ᠪᠣᠬᠢᠷ ᠪᠠᠢᠳᠠᠯ ᠳᠤ ᠲᠤᠰᠢᠶᠠᠭᠰᠠᠨ ᠠᠴᠠ ᠲᠡᠳᠡ ᠨᠢᠭᠡ ᠨᠢᠭᠡᠨ ᠦ ᠪᠠᠨ ᠪᠡᠶ᠎ᠡ ᠶᠢ ᠭᠤᠲᠤᠭᠠᠪᠠ᠃ 25 ᠲᠡᠳᠡ ᠪᠤᠷᠬᠠᠨ ᠤ ᠦᠨᠡᠨ ᠢ ᠬᠤᠳᠠᠯ ᠢᠶᠠᠷ ᠰᠣᠯᠢᠵᠤ ᠪᠦᠲᠦᠭᠡᠭᠴᠢ ᠳᠦᠨᠢ ᠪᠢᠰᠢ᠂ ᠪᠦᠲᠦᠭᠡᠯ ᠤᠳ ᠲᠤᠨᠢ ᠮᠥᠷᠭᠥᠵᠦ ᠦᠢᠯᠡᠴᠢᠯᠡᠵᠡᠢ᠃ ᠬᠠᠷᠢᠨ ᠮᠥᠩᠬᠡᠳᠡ ᠮᠠᠭᠲᠠᠭᠳᠠᠭᠤᠰᠢᠲᠠᠢ ᠨᠢ ᠪᠦᠲᠦᠭᠡᠭᠴᠢ ᠪᠢᠯᠡ᠃ ᠠᠮᠧᠨ︕
26 ᠡᠢᠮᠦ ᠤᠴᠢᠷ ᠠᠴᠠ ᠪᠤᠷᠬᠠᠨ ᠲᠡᠳᠡᠨ ᠢ ᠭᠤᠲᠤᠮᠰᠢᠭᠲᠤ ᠲᠠᠴᠢᠶᠠᠯ ᠳᠤᠨᠢ ᠲᠤᠰᠢᠶᠠᠭᠰᠠᠨ ᠠᠴᠠ ᠡᠮᠡᠭᠲᠡᠢᠴᠦᠳ ᠨᠢ ᠵᠦᠢ ᠶᠣᠰᠣᠨ ᠤ ᠬᠠᠷᠢᠴᠠᠭ᠎ᠠ ᠶᠢ ᠵᠦᠢ ᠪᠤᠰᠤ ᠶᠢᠨ ᠬᠠᠷᠢᠴᠠᠭ᠎ᠠ ᠪᠠᠷ ᠰᠣᠯᠢᠵᠤ 27 ᠡᠷᠡᠭᠲᠡᠢᠴᠦᠳ ᠨᠢ ᠡᠮᠡᠭᠲᠡᠢᠴᠦᠳ ᠲᠡᠢ ᠵᠦᠢ ᠶᠣᠰᠣᠭᠠᠷ ᠬᠠᠷᠢᠴᠠᠬᠤ ᠪᠠᠨ ᠪᠣᠯᠢᠵᠤ᠂ ᠬᠣᠭᠣᠷᠣᠨᠳᠣ ᠪᠠᠨ ᠲᠠᠴᠢᠶᠠᠯ ᠢᠶᠠᠷ ᠰᠢᠲᠠᠭᠰᠠᠨ ᠪᠥᠭᠡᠳ ᠡᠷᠡᠴᠦᠳ ᠡᠷᠡᠴᠦᠳ ᠲᠡᠢ ᠪᠡᠨ ᠰᠢᠪᠰᠢᠭ ᠲᠠᠷᠢᠭᠠᠳ ᠭᠠᠵᠢᠭᠤᠳᠠᠯ ᠳᠠᠭᠠᠨ ᠲᠣᠬᠢᠷᠠᠬᠤ ᠬᠠᠷᠢᠭᠤ ᠶᠢ ᠪᠡᠶ᠎ᠡ ᠳᠡᠭᠡᠨ ᠬᠦᠯᠢᠶᠡᠵᠡᠢ᠃
28 ᠲᠡᠳᠡ ᠪᠠᠰᠠ ᠪᠤᠷᠬᠠᠨ ᠢ ᠥᠪᠡᠷᠰᠡᠳ ᠦᠨ ᠤᠬᠠᠭᠠᠨ ᠳᠠᠭᠠᠨ ᠪᠠᠢᠯᠭᠠᠬᠤ ᠶᠢ ᠵᠣᠬᠢᠰ ᠦᠭᠡᠢ ᠭᠡᠵᠦ ᠪᠣᠳᠣᠭᠰᠠᠨ ᠪᠣᠯᠬᠣᠷ ᠪᠤᠷᠬᠠᠨ ᠲᠡᠳᠡᠨ ᠢ ᠥᠪᠡᠷᠰᠡᠳ ᠦᠨ ᠬᠢᠨᠢ ᠵᠣᠬᠢᠰ ᠦᠭᠡᠢ ᠪᠣᠳᠣᠯ ᠳᠤ ᠣᠷᠬᠢᠭᠰᠠᠨ ᠳᠤ᠂ ᠲᠡᠳᠡ ᠬᠢᠵᠦ ᠪᠣᠯᠬᠤ ᠦᠭᠡᠢ ᠶᠢ ᠬᠢᠬᠦ ᠪᠣᠯᠪᠠ᠃ 29 ᠲᠡᠳᠡ ᠶᠠᠩᠵᠤ ᠪᠦᠷᠢ ᠶᠢᠨ ᠵᠥᠪ ᠪᠤᠰᠤ᠂ ᠮᠠᠭᠤ᠂ ᠰᠢᠨᠤᠯ᠂ ᠬᠣᠣᠷᠲᠤ ᠰᠠᠨᠠᠭ᠎ᠠ ᠪᠠᠷ ᠳᠦᠭᠦᠷᠴᠦ᠂ ᠠᠲᠠᠭ᠎ᠠ᠂ ᠠᠯᠠᠯᠭ᠎ᠠ᠂ ᠬᠡᠷᠡᠭᠦᠯ᠂ ᠮᠡᠬᠡᠯᠡᠯ ᠪᠠ ᠬᠣᠣᠷᠲᠤ ᠠᠷᠭ᠎ᠠ ᠪᠠᠷ ᠳᠦᠭᠦᠷᠡᠩ ᠪᠠᠢᠳᠠᠭ᠃ ᠲᠡᠳᠡ ᠪᠣᠯ ᠬᠣᠪᠴᠢ ᠪᠥᠭᠡᠳ 30 ᠮᠠᠭᠤᠯᠠᠭᠴᠢ᠂ ᠪᠤᠷᠬᠠᠨ ᠢ ᠠᠳᠠ ᠦᠵᠡᠭᠴᠢ᠂ ᠣᠩᠭᠢᠷᠠᠭᠴᠢ᠂ ᠳᠡᠭᠡᠷᠡᠯᠬᠡᠭᠴᠢ᠂ ᠪᠠᠷᠳᠠᠮᠨᠠᠭᠴᠢ᠂ ᠬᠣᠷᠣᠨ ᠮᠠᠭᠤ ᠶᠢ ᠵᠣᠬᠢᠶᠠᠭᠴᠢ᠂ ᠡᠴᠢᠭᠡ ᠡᠬᠡ ᠳᠡᠭᠡᠨ ᠳᠤᠭᠤᠯᠭᠠᠪᠤᠷᠢ ᠦᠭᠡᠢ᠂ 31 ᠤᠬᠠᠪᠤᠷᠢ ᠦᠭᠡᠢ᠂ ᠢᠲᠡᠭᠡᠮᠵᠢ ᠦᠭᠡᠢ᠂ ᠬᠠᠢᠷ᠎ᠠ ᠦᠭᠡᠢ᠂ ᠥᠷᠥᠰᠢᠶᠡᠯ ᠦᠭᠡᠢ ᠪᠠᠢᠳᠠᠭ᠃ 32 ᠡᠳᠡᠭᠡᠷ ᠢ ᠦᠢᠯᠡᠳᠦᠭᠴᠢ ᠨᠢ ᠦᠬᠦᠬᠦ ᠶᠣᠰᠣᠲᠠᠢ ᠭᠡᠬᠦ ᠪᠤᠷᠬᠠᠨ ᠤ ᠵᠥᠪ ᠲᠣᠭᠲᠠᠭᠠᠯ ᠢ ᠲᠡᠳᠡ ᠮᠡᠳᠡᠳᠡᠭ ᠪᠣᠯᠪᠠᠴᠤ ᠥᠪᠡᠷᠰᠡᠳ ᠢᠶᠡᠨ ᠦᠢᠯᠡᠳᠬᠦ ᠪᠡᠷ ᠪᠠᠷᠠᠬᠤ ᠦᠭᠡᠢ᠂ ᠪᠤᠰᠤᠳ ᠤᠨ ᠦᠢᠯᠡᠳᠬᠦ ᠶᠢ ᠴᠤ ᠰᠠᠢᠰᠢᠶᠠᠳᠠᠭ᠃