ᠷᠣᠮᠠ ᠲᠠᠪᠤ
ᠵᠥᠪᠲᠥᠭᠡᠭᠳᠡᠭᠰᠡᠨ ᠬᠥᠮᠦᠨ ᠦ ᠠᠮᠢᠳᠤᠷᠠᠯ
1 ᠡᠢᠨ ᠬᠦ ᠪᠢᠳᠡ ᠢᠲᠡᠭᠡᠯ ᠢᠶᠡᠷ ᠵᠥᠪᠲᠥᠭᠡᠭᠳᠡᠵᠦ᠂ ᠪᠢᠳᠡᠨ ᠦ ᠡᠵᠡᠨ ᠢᠰᠦ᠋ᠰ ᠾᠷᠢᠰᠲ᠋ᠣᠰ ᠤᠨ ᠠᠴᠢ ᠪᠠᠷ ᠪᠤᠷᠬᠠᠨ ᠲᠠᠢ ᠡᠪᠯᠡᠷᠡᠭᠰᠡᠨ ᠪᠠᠢᠨ᠎ᠠ᠃ 2 ᠢᠰᠦ᠋ᠰ ᠢᠶᠠᠷ ᠳᠠᠮᠵᠢᠨ ᠡᠨᠡ ᠢᠪᠡᠭᠡᠯ ᠦᠨ ᠣᠷᠣᠰᠢᠬᠤᠢ ᠳᠤ ᠬᠥᠲᠥᠯᠥᠭᠳᠡᠨ ᠣᠷᠣᠬᠤ ᠡᠷᠬᠡ ᠶᠢ ᠪᠢᠳᠡ ᠢᠲᠡᠭᠡᠯ ᠢᠶᠡᠷ ᠣᠯᠣᠭᠰᠠᠨ ᠪᠥᠭᠡᠳ ᠪᠤᠷᠬᠠᠨ ᠤ ᠠᠯᠳᠠᠷ ᠰᠤᠤ ᠶᠢ ᠬᠤᠪᠢᠶᠠᠯᠴᠠᠬᠤ ᠡᠷᠡᠮᠡᠯᠵᠡᠯ ᠢᠶᠡᠷ ᠰᠠᠢᠷᠬᠠᠳᠠᠭ᠃ 3 ᠡᠭᠦᠨ ᠢᠶᠡᠷ ᠪᠠᠷᠠᠬᠤ ᠦᠭᠡᠢ᠂ ᠪᠢᠳᠡ ᠵᠣᠪᠠᠯᠠᠩ ᠢᠶᠠᠷ ᠢᠶᠠᠨ ᠴᠤ ᠰᠠᠢᠷᠬᠠᠳᠠᠭ᠃ ᠤᠴᠢᠷ ᠨᠢ᠂ ᠵᠣᠪᠠᠯᠠᠩ ᠨᠢ ᠲᠡᠪᠴᠢᠶᠡᠷᠢ ᠶᠢ᠂ 4 ᠲᠡᠪᠴᠢᠶᠡᠷᠢ ᠨᠢ ᠪᠠᠲᠤᠵᠢᠯ ᠢ᠂ ᠪᠠᠲᠤᠵᠢᠯ ᠨᠢ ᠡᠷᠡᠮᠡᠯᠵᠡᠯ ᠢ ᠲᠥᠷᠥᠭᠦᠯᠳᠡᠭ ᠢ ᠪᠢᠳᠡ ᠮᠡᠳᠡᠨ᠎ᠡ᠃ 5 ᠡᠷᠡᠮᠡᠯᠵᠡᠯ ᠨᠢ ᠪᠢᠳᠡᠨ ᠢ ᠭᠤᠲᠤᠭᠠᠳᠠᠭ ᠦᠭᠡᠢ᠃ ᠤᠴᠢᠷ ᠨᠢ᠂ ᠪᠤᠷᠬᠠᠨ ᠤ ᠬᠠᠢᠷ᠎ᠠ ᠪᠢᠳᠡᠨ ᠳᠦ ᠰᠣᠶᠣᠷᠬᠠᠭᠳᠠᠭᠰᠠᠨ ᠠᠷᠢᠭᠤᠨ ᠰᠦᠨᠡᠰᠦ ᠪᠡᠷ ᠳᠠᠮᠵᠢᠨ ᠪᠢᠳᠡᠨ ᠦ ᠰᠡᠳᠬᠢᠯ ᠳᠤ ᠴᠢᠳᠬᠤᠭᠳᠠᠭᠰᠠᠨ ᠪᠠᠢᠳᠠᠭ᠃ 6 ᠪᠢᠳᠡᠨ ᠢ ᠰᠤᠯᠠ ᠳᠣᠷᠣᠢ ᠪᠠᠢᠭᠰᠠᠭᠠᠷ ᠪᠠᠢᠬᠤ ᠳᠤ᠂ ᠪᠢᠳᠡ ᠮᠡᠲᠦ ᠰᠦᠰᠦᠭ ᠪᠢᠰᠢᠷᠡᠯ ᠦᠭᠡᠢ ᠬᠥᠮᠦᠰ ᠦᠨ ᠲᠥᠯᠥᠭᠡ ᠾᠷᠢᠰᠲ᠋ᠣᠰ ᠶᠠᠭ ᠲᠣᠪᠯᠠᠭᠰᠠᠨ ᠴᠠᠭ ᠲᠠᠭᠠᠨ ᠨᠥᠭᠴᠢᠭᠰᠡᠨ᠃ 7 ᠭᠣᠣᠯᠴᠢ ᠬᠥᠮᠦᠨ ᠦ ᠲᠥᠯᠥᠭᠡ ᠦᠬᠦᠬᠦ ᠬᠥᠮᠦᠨ ᠮᠠᠰᠢ ᠬᠣᠪᠣᠷ᠂ ᠰᠠᠢᠨ ᠬᠥᠮᠦᠨ ᠦ ᠲᠥᠯᠥᠭᠡ ᠪᠣᠯ ᠦᠬᠦᠬᠦ ᠪᠡᠷ ᠵᠢᠷᠦᠬᠡᠯᠡᠬᠦ ᠬᠥᠮᠦᠨ ᠪᠠᠢᠵᠤ ᠮᠠᠭᠠᠳ ᠦᠭᠡᠢ᠃ 8 ᠭᠡᠪᠡᠴᠦ ᠪᠢᠳᠡ ᠨᠢᠭᠦᠯᠲᠡᠨ ᠪᠠᠢᠭᠰᠠᠭᠠᠷ ᠪᠠᠢᠬᠤ ᠳᠤ᠂ ᠾᠷᠢᠰᠲ᠋ᠣᠰ ᠪᠢᠳᠡᠨ ᠦ ᠲᠥᠯᠥᠭᠡ ᠨᠥᠭᠴᠢᠭᠰᠡᠨ ᠪᠥᠭᠡᠳ ᠡᠭᠦᠨ ᠢᠶᠡᠷ ᠪᠤᠷᠬᠠᠨ ᠪᠢᠳᠡᠨ ᠳᠦ ᠬᠠᠢᠷ᠎ᠠ ᠲᠠᠢ ᠪᠠᠢᠭ᠎ᠠ ᠪᠠᠨ ᠦᠵᠡᠭᠦᠯᠦᠭᠰᠡᠨ ᠶᠤᠮ᠃ 9 ᠪᠢᠳᠡ ᠡᠳᠦᠭᠡ ᠾᠷᠢᠰᠲ᠋ᠣᠰ ᠤᠨ ᠴᠢᠰᠤ ᠪᠠᠷ ᠵᠥᠪᠲᠥᠭᠡᠭᠳᠡᠭᠰᠡᠨ ᠲᠤᠯᠠ ᠲᠡᠭᠦᠨ ᠦ ᠠᠴᠢ ᠪᠠᠷ ᠪᠤᠷᠬᠠᠨ ᠤ ᠬᠢᠯᠢᠩ ᠡᠴᠡ ᠠᠪᠤᠷᠠᠭᠳᠠᠬᠤ ᠨᠢ ᠨᠡᠩ ᠪᠠᠲᠤᠲᠠᠢ᠃ 10 ᠪᠢᠳᠡ ᠪᠤᠷᠬᠠᠨ ᠤ ᠳᠠᠢᠰᠤᠨ ᠪᠠᠢᠬᠤ ᠳᠠᠭᠠᠨ ᠬᠦᠦ ᠶᠢᠨ ᠬᠢᠨᠢ ᠦᠬᠦᠯ ᠢᠶᠡᠷ ᠲᠡᠭᠦᠨ ᠲᠡᠢ ᠡᠪᠯᠡᠷᠡᠭᠰᠡᠨ ᠪᠣᠯ᠂ ᠡᠪᠯᠡᠷᠡᠭᠰᠡᠨ ᠦ ᠳᠠᠷᠠᠭ᠎ᠠ ᠲᠡᠭᠦᠨ ᠦ ᠠᠮᠢ ᠪᠠᠷ ᠠᠪᠤᠷᠠᠭᠳᠠᠬᠤ ᠨᠢ ᠨᠡᠩ ᠪᠠᠲᠤᠲᠠᠢ᠃ 11 ᠡᠭᠦᠨ ᠢᠶᠡᠷ ᠪᠠᠷᠠᠬᠤ ᠦᠭᠡᠢ᠂ ᠪᠢᠳᠡᠨ ᠦ ᠡᠵᠡᠨ ᠢᠰᠦ᠋ᠰ ᠾᠷᠢᠰᠲ᠋ᠣᠰ ᠤᠨ ᠠᠴᠢ ᠪᠠᠷ ᠪᠢᠳᠡ ᠪᠤᠷᠬᠠᠨ ᠢᠶᠠᠷ ᠰᠠᠢᠷᠬᠠᠳᠠᠭ᠂ ᠲᠡᠭᠦᠨ ᠦ ᠠᠴᠢ ᠪᠠᠷ ᠪᠢᠳᠡ ᠡᠳᠦᠭᠡ ᠡᠢᠨ ᠬᠦ ᠡᠶ᠎ᠡ ᠲᠠᠢ ᠪᠣᠯᠣᠯ᠎ᠠ᠃
ᠠᠳᠠᠮ ᠾᠷᠢᠰᠲ᠋ᠣᠰ ᠬᠣᠶᠠᠷ
12 ᠲᠡᠢᠮᠦ ᠶᠢᠨ ᠲᠤᠯᠠᠳᠠ ᠨᠢᠭᠦᠯ ᠨᠢᠭᠡ ᠬᠥᠮᠦᠨ 2 ᠢᠶᠠᠷ ᠳᠠᠮᠵᠢᠨ ᠶᠢᠷᠲᠢᠨᠴᠦ ᠳᠦ ᠣᠷᠣᠵᠤ᠂ ᠲᠡᠷᠡ ᠬᠦ ᠨᠢᠭᠦᠯ ᠢᠶᠡᠷ ᠳᠠᠮᠵᠢᠨ ᠦᠬᠦᠯ ᠢᠷᠡᠭᠰᠡᠨ᠃ ᠡᠢᠨ ᠬᠦ ᠬᠥᠮᠦᠨ ᠪᠦᠬᠦᠨ ᠨᠢᠭᠦᠯ ᠦᠢᠯᠡᠳᠦᠭᠰᠡᠨ ᠳᠦ᠂ ᠦᠬᠦᠯ ᠪᠦᠬᠦ ᠬᠥᠮᠦᠨ ᠲᠥᠷᠥᠯᠬᠢᠲᠡᠨ ᠳᠦ ᠲᠠᠷᠬᠠᠭᠰᠠᠨ᠃ 13 ᠦᠨᠡᠨ ᠳᠡᠭᠡᠨ ᠬᠠᠤᠯᠢ ᠪᠠᠢᠬᠤ ᠠᠴᠠ ᠡᠮᠦᠨ᠎ᠡ ᠴᠤ ᠶᠢᠷᠲᠢᠨᠴᠦ ᠳᠦ ᠨᠢᠭᠦᠯ ᠪᠠᠢᠭᠰᠠᠨ᠂ ᠭᠡᠪᠡᠴᠦ ᠬᠠᠤᠯᠢ ᠦᠭᠡᠢ ᠪᠠᠢᠬᠤ ᠳᠤ ᠬᠥᠮᠦᠨ ᠨᠢᠭᠦᠯ ᠢ ᠠᠩ᠋ᠬᠠᠷᠬᠤ ᠦᠭᠡᠢ ᠪᠠᠢᠪᠠ᠃ 14 ᠬᠠᠷᠢᠨ ᠦᠬᠦᠯ ᠨᠢ ᠠᠳᠠᠮ ᠠᠴᠠ ᠮᠣᠰᠧ ᠬᠦᠷᠲᠡᠯ᠎ᠡ ᠨᠣᠶᠠᠷᠬᠠᠪᠠ᠂ ᠠᠳᠠᠮ ᠤᠨ ᠨᠢᠭᠦᠯ ᠯᠦᠭᠡ ᠠᠳᠠᠯᠢᠬᠠᠨ ᠨᠢᠭᠦᠯ ᠢ ᠡᠰᠡ ᠦᠢᠯᠡᠳᠦᠭᠴᠢᠳ ᠢ ᠴᠤ ᠨᠣᠶᠠᠷᠬᠠᠵᠠᠢ᠃ ᠠᠳᠠᠮ ᠪᠣᠯ ᠬᠣᠵᠢᠮ ᠢᠷᠡᠬᠦ ᠨᠢᠭᠡᠨ 3 ᠤ ᠵᠠᠭᠪᠤᠷ ᠪᠢᠯᠡ᠃
15 ᠬᠠᠷᠢᠨ ᠰᠣᠶᠣᠷᠬᠠᠯ ᠪᠣᠯ ᠨᠢᠭᠦᠯ ᠲᠡᠢ ᠠᠳᠠᠯᠢᠳᠬᠠᠰᠢ ᠦᠭᠡᠢ᠃ ᠨᠢᠭᠡ ᠬᠥᠮᠦᠨ᠂ ᠲᠤᠬᠠᠢᠯᠠᠪᠠᠯ ᠢᠰᠦ᠋ᠰ ᠾᠷᠢᠰᠲ᠋ᠣᠰ ᠤᠨ ᠢᠪᠡᠭᠡᠯ ᠡᠴᠡ ᠪᠣᠯᠵᠤ ᠣᠯᠠᠨ ᠬᠥᠮᠦᠨ ᠪᠤᠷᠬᠠᠨ ᠤ ᠢᠪᠡᠭᠡᠯ ᠪᠠ ᠰᠣᠶᠣᠷᠬᠠᠯ ᠢ ᠳᠦᠭᠦᠷᠡᠩ ᠢᠶᠡᠷ ᠬᠦᠷᠲᠡᠭᠰᠡᠨ ᠨᠢ ᠨᠢᠭᠡ ᠬᠥᠮᠦᠨ ᠦ ᠨᠢᠭᠦᠯ ᠡᠴᠡ ᠪᠣᠯᠵᠤ ᠣᠯᠠᠨ ᠬᠥᠮᠦᠨ ᠦᠬᠦᠭᠰᠡᠨ ᠡᠴᠡ ᠨᠡᠩ ᠢᠯᠡᠭᠦᠦ᠃ 16 ᠰᠣᠶᠣᠷᠬᠠᠯ ᠨᠢ ᠲᠡᠷᠡ ᠨᠢᠭᠡ ᠬᠥᠮᠦᠨ ᠦ ᠦᠢᠯᠡᠳᠦᠭᠰᠡᠨ ᠨᠢᠭᠦᠯ ᠦᠨ ᠦᠷ᠎ᠡ ᠳ᠋ᠦᠩ ᠲᠡᠢ ᠠᠳᠠᠯᠢᠳᠬᠠᠰᠢ ᠦᠭᠡᠢ᠃ ᠨᠢᠭᠡ ᠨᠢᠭᠦᠯ ᠢ ᠳᠠᠭᠠᠭᠰᠠᠨ ᠰᠢᠭᠦᠯᠲᠡ ᠨᠢ ᠰᠢᠳᠬᠡᠯ ᠢ ᠳᠠᠭᠠᠭᠤᠯᠤᠭᠰᠠᠨ ᠪᠠᠢᠬᠤ ᠳᠤ᠂ ᠣᠯᠠᠨ ᠨᠢᠭᠦᠯ ᠢ ᠳᠠᠭᠠᠭᠰᠠᠨ ᠰᠣᠶᠣᠷᠬᠠᠯ ᠨᠢ ᠵᠥᠪᠲᠥᠭᠡᠯ ᠢ ᠳᠠᠭᠠᠭᠤᠯᠤᠭᠰᠠᠨ ᠶᠤᠮ᠃ 17 ᠲᠡᠷᠡ ᠨᠢᠭᠡ ᠬᠥᠮᠦᠨ ᠨᠢᠭᠦᠯ ᠦᠢᠯᠡᠳᠦᠭᠰᠡᠨ ᠳᠦ ᠲᠡᠷᠡ ᠨᠢᠭᠡ ᠬᠥᠮᠦᠨ ᠦ ᠤᠯᠠᠮ ᠢᠶᠠᠷ ᠦᠬᠦᠯ ᠨᠣᠶᠠᠷᠬᠠᠭᠰᠠᠨ ᠪᠠᠢᠬᠤ ᠳᠤ᠂ ᠢᠪᠡᠭᠡᠯ ᠪᠠ ᠵᠥᠪ ᠦᠨ ᠰᠣᠶᠣᠷᠬᠠᠯ ᠢ ᠳᠦᠭᠦᠷᠡᠩ ᠢᠶᠡᠷ ᠬᠦᠷᠲᠡᠭᠴᠢᠳ ᠨᠢ ᠨᠢᠭᠡ ᠬᠥᠮᠦᠨ᠂ ᠲᠤᠬᠠᠢᠯᠠᠪᠠᠯ ᠢᠰᠦ᠋ᠰ ᠾᠷᠢᠰᠲ᠋ᠣᠰ ᠤᠨ ᠤᠯᠠᠮ ᠢᠶᠠᠷ ᠠᠮᠢ ᠳᠤ ᠣᠷᠣᠵᠤ ᠨᠣᠶᠠᠷᠬᠠᠬᠤ ᠨᠢ ᠨᠡᠩ ᠪᠠᠲᠤᠲᠠᠢ᠃
18 ᠡᠢᠨ ᠬᠦ ᠨᠢᠭᠡ ᠨᠢᠭᠦᠯ ᠬᠠᠮᠤᠭ ᠬᠥᠮᠦᠨ ᠲᠥᠷᠥᠯᠬᠢᠲᠡᠨ ᠢ ᠰᠢᠳᠬᠡᠯ ᠳᠦ ᠴᠢᠭᠯᠡᠭᠦᠯᠦᠭᠰᠡᠨ ᠦ ᠶᠣᠰᠣᠭᠠᠷ ᠨᠢᠭᠡ ᠵᠥᠪᠲᠦ ᠦᠢᠯᠡ ᠬᠠᠮᠤᠭ ᠬᠥᠮᠦᠨ ᠲᠥᠷᠥᠯᠬᠢᠲᠡᠨ ᠢ ᠵᠥᠪᠲᠥᠭᠡᠯ ᠪᠠ ᠠᠮᠢ ᠳᠤ ᠴᠢᠭᠯᠡᠭᠦᠯᠦᠭᠰᠡᠨ᠃ 19 ᠭᠠᠭᠴᠠ ᠬᠥᠮᠦᠨ ᠦ ᠳᠤᠭᠤᠯᠭᠠᠪᠤᠷᠢ ᠦᠭᠡᠢ ᠡᠴᠡ ᠪᠣᠯᠵᠤ ᠣᠯᠠᠨ ᠨᠢ ᠨᠢᠭᠦᠯᠲᠡᠨ ᠪᠣᠯᠣᠭᠰᠠᠨ ᠲᠠᠢ ᠠᠳᠠᠯᠢ᠂ ᠭᠠᠭᠴᠠ ᠬᠥᠮᠦᠨ ᠦ ᠳᠤᠭᠤᠯᠭᠠᠪᠤᠷᠢᠲᠠᠢ ᠠᠴᠠ ᠪᠣᠯᠵᠤ ᠣᠯᠠᠨ ᠨᠢ ᠵᠥᠪᠲᠡᠨ ᠪᠣᠯᠣᠨ᠎ᠠ᠃ 20 ᠬᠠᠤᠯᠢ ᠢᠷᠡᠭᠰᠡᠨ ᠳᠦ ᠨᠢᠭᠦᠯ ᠣᠯᠠᠰᠢᠷᠠᠭᠰᠠᠨ ᠪᠣᠯᠪᠠᠴᠤ ᠨᠢᠭᠦᠯ ᠣᠯᠠᠰᠢᠷᠠᠭᠰᠠᠨ ᠳᠤ ᠢᠪᠡᠭᠡᠯ ᠨᠡᠩ ᠳᠦᠭᠦᠷᠪᠡ᠃ 21 ᠡᠢᠮᠦ ᠡᠴᠡ ᠨᠢᠭᠦᠯ ᠨᠢ ᠦᠬᠦᠯ ᠢᠶᠡᠷ ᠳᠠᠮᠵᠢᠭᠤᠯᠤᠨ ᠨᠣᠶᠠᠷᠬᠠᠭᠰᠠᠨ ᠤ ᠶᠣᠰᠣᠭᠠᠷ ᠢᠪᠡᠭᠡᠯ ᠴᠤ ᠵᠥᠪ ᠢᠶᠡᠷ ᠳᠠᠮᠵᠢᠭᠤᠯᠤᠨ ᠨᠣᠶᠠᠷᠬᠠᠵᠤ᠂ ᠪᠢᠳᠡᠨ ᠦ ᠡᠵᠡᠨ ᠢᠰᠦ᠋ᠰ ᠾᠷᠢᠰᠲ᠋ᠣᠰ ᠢᠶᠠᠷ ᠳᠠᠮᠵᠢᠭᠤᠯᠤᠨ ᠮᠥᠩᠬᠡ ᠠᠮᠢ ᠳᠤ ᠴᠢᠭᠯᠡᠭᠦᠯᠦᠨ᠎ᠡ᠃